ᠨᠢᠭᠡ᠂ ᠤᠭᠤᠷᠠᠭ ᠰᠦ ᠶᠢ ᠡᠷᠲᠡᠬᠡᠨ ᠤᠤᠭᠤᠯᠭᠠᠬᠤ ᠬᠡᠷᠡᠭᠲᠡᠢ | ᠬᠤᠷᠠᠭ᠎ᠠ ᠢᠰᠢᠭᠡᠨ ᠳᠤ ᠤᠭᠤᠷᠠᠭ ᠰᠦ ᠶᠢ ᠡᠷᠲᠡᠬᠡᠨ ᠤᠤᠭᠤᠯᠭᠠᠬᠤ ᠶᠢᠨ ᠬᠠᠮᠲᠤ ᠭᠦᠢᠴᠡᠳ ᠬᠡᠮᠵᠢᠶ᠎ᠡ ᠲᠠᠢ | ᠪᠠᠶᠢᠯᠭᠠᠬᠤ ᠬᠡᠷᠡᠭᠲᠡᠢ᠃ ᠬᠤᠷᠠᠭ᠎ᠠ ᠢᠰᠢᠭᠡᠨ ᠤ ᠤᠤᠭᠤᠭᠰᠠᠨ ᠤᠭᠤᠷᠠᠭ ᠰᠦᠨ ᠤ ᠬᠡᠮᠵᠢᠶ᠎ᠡ ᠨᠢ ᠶᠡᠭᠡ ᠲᠥᠯᠥᠪ | ᠪᠡᠶ᠎ᠡ ᠶᠢᠨ ᠬᠦᠨᠳᠦ ᠶᠢᠨ ᠢᠶᠠᠨ 5% ᠶᠢ ᠡᠵᠡᠯᠡᠵᠦ᠂ ᠬᠠᠭᠠᠰ ᠬᠡᠮᠵᠢᠶ᠎ᠡ ᠶᠢ ᠨᠢ ᠰᠠᠶ᠋ᠢ ᠲᠦᠷᠦᠭᠰᠡᠨ ᠤ ᠳᠠᠷᠠᠭ᠎ᠠ ᠬᠡᠳᠦᠢ | ᠡᠷᠲᠡ ᠤᠤᠭᠤᠪᠠᠯ ᠲᠡᠳᠦᠢ ᠰᠠᠶᠢᠨ᠂ ᠨᠥᠭᠦᠭᠡ ᠬᠠᠭᠠᠰ ᠬᠡᠮᠵᠢᠶ᠎ᠡ ᠶᠢ ᠨᠢ ᠬᠤᠶᠢᠰᠢᠳᠠ ᠶᠢᠨ 10 ~12 ᠴᠠᠭ ᠤᠨ | ᠳᠣᠲᠣᠷ᠎ᠠ ᠤᠤᠭᠤᠯᠭᠠᠵᠤ ᠪᠠᠷᠠᠭᠠᠨ᠎ᠠ᠃ | ᠬᠤᠶᠠᠷ᠂ ᠰᠦ ᠳᠤᠲᠠᠬᠤ ᠠᠴᠠ ᠰᠡᠷᠭᠡᠶᠢᠯᠡᠬᠦ ᠬᠡᠷᠡᠭᠲᠡᠢ | ᠬᠤᠷᠠᠭ᠎ᠠ ᠢᠰᠢᠭᠡ ᠲᠦᠷᠦᠭᠰᠡᠨ ᠤ ᠳᠠᠷᠠᠭ᠎ᠠ ᠡᠬᠡ ᠶᠢᠨ ᠢᠶᠠᠨ ᠰᠦ ᠪᠠᠨ ᠣᠯᠵᠤ ᠤᠤᠭᠤᠬᠤ ᠦᠭᠡᠢ ᠪᠣᠯ | ᠬᠦᠴᠦ ᠲᠠᠮᠢᠷ ᠨᠢ ᠮᠠᠭᠤᠳᠠᠵᠤ᠂ ᠥᠯᠪᠡᠷᠴᠦ ᠦᠬᠦᠬᠦ ᠪᠠᠶᠢᠳᠠᠯ ᠵᠦᠩᠳᠡᠭᠡᠨ ᠭᠠᠷᠳᠠᠭ᠃ ᠡᠭᠦᠨ ᠢ ᠡᠷᠲᠡᠬᠡᠨ | ᠤᠶᠢᠯᠠᠭᠠᠵᠤ᠂ ᠬᠥᠮᠥᠨ ᠤ ᠬᠦᠴᠦ ᠪᠠᠷ ᠬᠠᠯᠠᠭᠤᠨ ᠢ ᠨᠡᠮᠡᠭᠳᠡᠭᠦᠯᠦᠨ᠂ ᠴᠠᠭ ᠲᠤᠬᠠᠢ ᠳᠤᠨᠢ 1/3 ~ 1/2 ᠴᠣᠮᠣ | ᠤᠭᠤᠷᠠᠭ ᠰᠦ ᠤᠤᠭᠤᠯᠭᠠᠵᠤ᠂ ᠬᠤᠷᠠᠭ᠎ᠠ ᠢᠰᠢᠭᠡᠨ ᠤ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠦᠨ᠎ᠡ᠃ | ᠬᠤᠷᠠᠭ᠎ᠠ ᠢᠰᠢᠭᠡ ᠵᠢᠭᠠᠬᠠᠨ ᠥᠰᠴᠦ ᠥᠭᠡᠯᠡᠢ ᠪᠣᠯᠪᠠᠯ ᠬᠥᠮᠥᠨ ᠤ ᠬᠦᠴᠦ ᠪᠠᠷ ᠤᠭᠵᠢᠵᠤ᠂ ᠪᠡᠶ᠎ᠡ ᠶᠢᠨ | ᠬᠦᠨᠳᠦ ᠶᠢᠨ ᠬᠢᠨᠢ 1/5 ᠶᠢᠨ ᠬᠡᠮᠵᠢᠶ᠎ᠡ ᠪᠠᠷ ᠤᠭᠵᠢᠭᠤᠷ ᠢᠶᠠᠷ ᠤᠭᠵᠢᠨ᠎ᠠ᠂ ᠡᠷᠲᠡ ᠣᠷᠣᠢ ᠳᠤ 2 ᠤᠳᠠᠭ᠎ᠠ | ᠤᠭᠵᠢᠨ᠎ᠠ᠃ | ᠭᠤᠷᠪᠠ᠂ ᠬᠦᠢᠰᠦᠨ ᠤ ᠬᠠᠯᠳᠠᠪᠤᠷᠢᠯᠠᠯ ᠢ ᠰᠡᠷᠭᠡᠶᠢᠯᠡᠬᠦ ᠬᠡᠷᠡᠭᠲᠡᠢ | ᠨᠢᠯᠬ᠎ᠠ ᠬᠤᠷᠠᠭ᠎ᠠ ᠢᠰᠢᠭᠡᠨ ᠤ ᠬᠦᠢᠰᠦ ᠨᠢ ᠲᠥᠷᠥᠭᠰᠡᠨ ᠤ ᠪᠠᠨ ᠳᠠᠷᠠᠭ᠎ᠠ ᠬᠡᠳᠦᠨ ᠡᠳᠦᠷ ᠲᠤ ᠬᠠᠳᠠᠵᠤ | ᠬᠠᠮᠰᠢᠢᠬᠤ ᠦᠭᠡᠢ ᠪᠠᠶᠢᠪᠠᠯ ᠬᠢᠴᠢᠶᠡᠭᠡᠷᠡᠢ᠂ ᠡᠨᠡ ᠨᠢ ᠪᠡᠶ᠎ᠡ ᠶᠢᠨ ᠭᠠᠳᠠᠨᠠᠬᠢ ᠪᠠᠺᠲ᠋ᠧᠷᠢ ᠶᠢᠨ ᠬᠤᠨᠢᠨ ᠤ ᠪᠡᠶ᠎ᠡ ᠳᠤ | ᠣᠷᠣᠬᠤ ᠵᠠᠮ ᠪᠣᠯᠣᠨ᠎ᠠ᠃ ᠪᠠᠰᠠ ᠨᠢᠭᠡ ᠵᠦᠢᠯ ᠨᠢ ᠬᠦᠢᠰᠦᠨ ᠤ ᠬᠠᠯᠳᠠᠪᠤᠷᠢᠯᠠᠯ ᠪᠣᠯᠣᠨ᠎ᠠ᠂ ᠬᠤᠷᠠᠭ᠎ᠠ ᠢᠰᠢᠭᠡ | ᠲᠦᠷᠦᠭᠰᠡᠨ ᠤ ᠳᠠᠷᠠᠭᠠᠬᠢ ᠭᠤᠷᠪᠠᠨ ᠭᠠᠷᠠᠭ ᠤᠨ ᠳᠣᠲᠣᠷ᠎ᠠ ᠡᠪᠡᠳᠴᠢᠨ ᠤ ᠢᠯᠡᠷᠡᠯ ᠭᠠᠷᠬᠤ ᠦᠭᠡᠢ ᠪᠣᠯᠪᠠᠴᠤ | ᠦᠶ᠎ᠡ ᠶᠢᠨ ᠬᠡᠰᠡᠭ ᠲᠤᠨᠢ ᠢᠳᠡᠭᠡᠲᠦ ᠬᠠᠪᠤᠳᠠᠷ ᠭᠠᠷᠴᠤ᠂ ᠬᠥᠬᠦᠬᠦ ᠨᠢ ᠪᠠᠭᠠᠰᠴᠤ᠂ ᠥᠯᠪᠡᠷᠴᠦ ᠦᠬᠦᠳᠡᠭ᠃ | ᠳᠥᠷᠪᠡ᠂ ᠬᠤᠷᠠᠭ᠎ᠠ ᠢᠰᠢᠭᠡ ᠪᠠᠭᠠᠰᠤ ᠠᠯᠳᠠᠬᠤ ᠠᠴᠠ ᠰᠡᠷᠭᠡᠶᠢᠯᠡᠬᠦ ᠬᠡᠷᠡᠭᠲᠡᠢ | ᠲᠦᠷᠦᠭᠰᠡᠨ ᠤ ᠳᠠᠷᠠᠭ᠎ᠠ 3 ᠡᠳᠦᠷ ᠤᠨ ᠳᠣᠲᠣᠷ᠎ᠠ ᠠᠰᠳᠠᠭᠠᠨ ᠲᠠᠰᠤᠯᠭ᠎ᠠ ᠠᠴᠠ ᠰᠢᠯᠵᠢᠭᠦᠯᠦᠭᠡ ᠦᠭᠡᠢ | ᠦᠶ᠎ᠡ ᠳᠤ᠂ ᠬᠤᠷᠠᠭ᠎ᠠ ᠢᠰᠢᠭᠡ ᠠᠮᠠᠷᠬᠠᠨ ᠪᠠᠭᠠᠰᠤ ᠠᠯᠳᠠᠵᠤ᠂ ᠤᠰᠤ ᠠᠯᠳᠠᠬᠤ ᠨᠢ ᠬᠦᠨᠳᠦ ᠨᠣᠴᠢᠲᠠᠢ ᠪᠤᠯᠪᠠᠯ | ᠠᠮᠠᠷᠬᠠᠨ ᠦᠬᠦᠳᠡᠭ᠃ ᠳᠣᠣᠷᠠᠬᠢ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠤᠷ ᠬᠢᠬᠦ ᠬᠡᠷᠡᠭᠲᠡᠢ᠄ 1. ᠡᠮ᠎ᠡ ᠬᠤᠨᠢ | ᠲᠥᠯᠯᠡᠬᠦ ᠠᠴᠠ ᠡᠮᠦᠨᠡᠬᠢ 30 ᠡᠳᠦᠷ ᠲᠤ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ ᠶᠢᠨ ᠸᠠᠺᠼᠢᠨ ᠤ | ᠨᠠᠶᠢᠷᠠᠯᠭ᠎ᠠ ᠶᠢ ᠲᠠᠷᠢᠨ᠎ᠠ᠃ 2. ᠡᠮ᠎ᠡ ᠬᠤᠨᠢ ᠲᠥᠯᠯᠡᠬᠦ ᠠᠴᠠ ᠡᠮᠦᠨ᠎ᠡ 30 ~ 45 ᠡᠳᠦᠷ ᠲᠤ ᠤᠩᠭᠠᠰᠤ | ᠨᠣᠣᠰᠣ ᠶᠢ ᠨᠢ ᠬᠠᠶᠢᠴᠢᠯᠠᠬᠤ ᠪᠤᠶᠤ ᠬᠥᠬᠦᠨ ᠤ ᠬᠡᠰᠡᠭ ᠤᠨ ᠤᠩᠭᠠᠰᠤ ᠨᠣᠣᠰᠣ ᠶᠢ ᠠᠰ ᠢᠶᠠᠷ ᠨᠢ ᠬᠠᠶᠢᠴᠢᠯᠠᠨ᠎ᠠ᠃ | 3. ᠲᠥᠯᠯᠡᠬᠦ ᠠᠴᠠ ᠡᠮᠦᠨ᠎ᠡ ᠱᠦᠭᠦᠷᠳᠡᠵᠦ ᠭᠠᠷᠭᠠᠭᠰᠠᠨ ᠳᠡᠪᠢᠰᠬᠡᠷ ᠡᠪᠡᠰᠦ ᠶᠢ ᠳᠠᠬᠢᠨ ᠬᠡᠷᠡᠭᠯᠡᠵᠦ ᠪᠣᠯᠬᠤ ᠦᠭᠡᠢ᠃ | 4. ᠡᠪᠡᠳᠴᠢᠨ ᠲᠠᠢ ᠬᠤᠷᠠᠭ᠎ᠠ ᠢᠰᠢᠭᠡᠨ ᠤ ᠠᠰᠳᠠᠭᠠᠨ ᠲᠠᠰᠤᠯᠭ᠎ᠠ ᠶᠢ ᠴᠡᠪᠡᠷᠯᠡᠨ ᠠᠷᠢᠭᠤᠳᠬᠠᠵᠤ᠂ ᠴᠣᠬᠤᠢ ᠶᠢᠨ | ᠤᠰᠤ ᠰᠦᠷᠴᠢᠵᠦ᠂ ᠪᠠᠭᠠᠰᠤ ᠪᠤᠷᠲᠠᠭ ᠲᠠᠢ ᠭᠠᠵᠠᠷ ᠢ ᠬᠠᠯᠠᠭᠤᠨ ᠴᠠᠶᠢᠷᠠᠭᠤᠯᠬᠤ ᠨᠤᠨᠳᠠᠭ ᠲᠠᠢ ᠤᠰᠤ ᠪᠠᠷ ᠠᠷᠴᠢᠨ᠎ᠠ᠃ | ᠲᠠᠪᠤ᠂ C ᠬᠡᠯᠪᠡᠷᠢ ᠶᠢᠨ ᠭᠡᠳᠡᠰᠦᠨ ᠤ ᠴᠢᠰᠤ ᠬᠤᠣᠷᠳᠠᠬᠤ ᠭᠡᠮ ᠢ ᠤᠷᠢᠳᠴᠢᠯᠠᠨ ᠰᠡᠷᠭᠡᠶᠢᠯᠡᠬᠦ ᠬᠡᠷᠡᠭᠲᠡᠢ | ᠭᠤᠣᠯᠳᠠᠭᠤ ᠲᠦᠷᠦᠭᠡᠳ ᠨᠢᠭᠡ ᠠᠴᠠ ᠬᠤᠶᠠᠷ ᠭᠠᠷᠠᠭ ᠤᠨ ᠬᠤᠭᠤᠴᠠᠭᠠᠨ ᠤ ᠬᠤᠷᠠᠭ᠎ᠠ ᠢᠰᠢᠭᠡᠨ ᠤ ᠰᠢᠮ᠎ᠡ | ᠲᠡᠵᠢᠭᠡᠯ ᠰᠠᠮᠠᠭᠤᠷᠠᠬᠤ ᠦᠶ᠎ᠡ ᠳᠤ ᠲᠣᠬᠢᠶᠠᠯᠳᠤᠨ᠎ᠠ᠃ ᠬᠡᠷᠪᠡ ᠪᠤᠯᠢᠶᠠᠯᠳᠤᠨ ᠢᠳᠡᠵᠦ ᠬᠡᠳᠦ ᠴᠠᠳᠴᠤ᠂ ᠡᠬᠢᠯᠡᠨ | ᠲᠡᠵᠢᠭᠡᠯ ᠨᠥᠬᠦᠬᠦ ᠪᠤᠶᠤ ᠬᠥᠬᠦᠬᠦ ᠬᠡᠮᠵᠢᠶ᠎ᠡ ᠨᠢ ᠭᠡᠨᠡᠳᠲᠡ ᠨᠡᠮᠡᠭᠳᠡᠪᠡᠯ ᠳᠤᠰ ᠭᠡᠮ ᠳᠤ ᠨᠡᠷᠪᠡᠭᠳᠡᠭᠰᠡᠨ ᠪᠠᠶᠢᠵᠤ | ᠮᠡᠳᠡᠨ᠎ᠡ᠃ ᠬᠤᠷᠠᠭ᠎ᠠ ᠢᠰᠢᠭᠡ ᠡᠪᠡᠳᠴᠢᠨ ᠳᠤ ᠨᠡᠷᠪᠡᠭᠳᠡᠭᠰᠡᠨ ᠤ ᠰᠡᠭᠦᠯᠡᠷ᠂ ᠡᠪᠡᠳᠴᠢᠯᠡᠬᠦ ᠨᠢ ᠲᠦᠷᠭᠡᠨ᠂ ᠦᠷᠭᠦᠯᠵᠢ | ᠭᠡᠨᠡᠳᠲᠡ ᠪᠠᠷ ᠦᠬᠦᠬᠦ ᠪᠤᠶᠤ ᠬᠡᠪᠡᠯᠢ ᠡᠪᠡᠳᠬᠦ᠂ ᠮᠠᠨᠠᠷᠠᠬᠤ᠂ 2 ~ 12 ᠴᠠᠭ ᠤᠨ ᠳᠣᠲᠣᠷ᠎ᠠ ᠦᠬᠦᠬᠦ ᠢᠯᠡᠷᠡᠯ ᠲᠠᠢ | ᠪᠠᠶᠢᠳᠠᠭ᠃ ᠭᠤᠣᠯᠳᠠᠭᠤ ᠳᠣᠣᠷᠠᠬᠢ ᠮᠡᠲᠦ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠤᠷ ᠬᠢᠨ᠎ᠡ᠄ 1. ᠡᠮ᠎ᠡ ᠬᠤᠨᠢ | ᠲᠥᠯᠯᠡᠬᠦ ᠠᠴᠠ ᠡᠮᠦᠨᠡᠬᠢ 30 ᠡᠳᠦᠷ ᠲᠤ ᠸᠠᠺᠼᠢᠨ ᠤ ᠲᠠᠷᠢᠯᠭ᠎ᠠ ᠬᠢᠨ᠎ᠡ᠃ 2. ᠸᠠᠺᠼᠢᠨ ᠤ ᠲᠠᠷᠢᠯᠭ᠎ᠠ ᠬᠢᠭᠰᠡᠨ | ᠦᠭᠡᠢ ᠡᠮ᠎ᠡ ᠬᠤᠨᠢᠨ ᠤ ᠬᠤᠷᠠᠭ᠎ᠠ ᠳᠤ 2 ~ 3 ᠡᠳᠦᠷ ᠲᠤ ᠨᠢᠭᠡ ᠤᠳᠠᠭ᠎ᠠ ᠸᠠᠺᠼᠢᠨ ᠤ ᠲᠠᠷᠢᠯᠭ᠎ᠠ ᠬᠢᠵᠦ᠂ 2 | ᠭᠠᠷᠠᠭ ᠤᠨ ᠬᠤᠭᠤᠴᠠᠭᠠᠨ ᠳᠤ ᠳᠠᠬᠢᠨ ᠨᠢᠭᠡ ᠤᠳᠠᠭ᠎ᠠ ᠲᠠᠷᠢᠯᠭ᠎ᠠ ᠬᠢᠨ᠎ᠡ᠃ |