ᠡᠪᠦᠯ ᠤᠨ ᠤᠯᠠᠷᠢᠯ ᠳᠤ ᠪᠣᠷᠳᠣᠭᠤᠷ ᠣᠷᠤᠭᠤᠯᠬᠤ ᠭᠤᠷᠪᠠᠨ ᠠᠩᠬᠠᠷᠤᠮᠵᠢ
ᠨᠡᠶᠢᠲᠡᠯᠡᠭᠰᠡᠨ ᠴᠠᠭ᠄
2025/1/4
      ᠨᠡᠭᠦᠷᠡᠰᠦᠲᠥ᠋ᠷᠥᠭᠴᠢ ᠶᠢᠨ ᠠᠮᠮᠤᠨᠢ ᠶᠢ ᠲᠣᠬᠢᠷᠠᠮᠵᠢᠲᠠᠢ ᠤᠷᠤᠭᠤᠯᠤᠨ᠎ᠠ᠃ ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠳᠣᠣᠷ᠎ᠠ᠂ ᠨᠡᠭᠦᠷᠡᠰᠦᠲᠥ᠋ᠷᠥᠭᠴᠢ ᠶᠢᠨ ᠠᠮᠮᠤᠨᠢ ᠠᠮᠠᠷᠬᠠᠨ ᠳᠡᠭᠳᠡᠨ ᠵᠠᠳᠠᠷᠠᠳᠠᠭ ᠦᠭᠡᠢ ᠲᠤᠯᠠ ᠪᠣᠷᠳᠣᠭᠤᠷ ᠤᠨ ᠠᠰᠢᠭᠯᠠᠯᠲᠠ ᠶᠢᠨ ᠨᠤᠷᠮ᠎ᠠ ᠶᠢ ᠳᠡᠭᠡᠭᠰᠢᠯᠡᠭᠦᠯᠬᠦ ᠳᠤ ᠠᠰᠢᠭᠲᠠᠢ︔ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠠᠮᠮᠤᠨᠢ ᠪᠣᠯ ᠠᠮᠮᠤᠨᠢ ᠶᠢᠨ ᠲᠥᠯᠥᠪᠲᠦ ᠠᠽᠣᠲ ᠪᠣᠷᠳᠣᠭᠤᠷ ᠲᠤ ᠪᠠᠭᠲᠠᠨ᠎ᠠ᠂ ᠬᠥᠷᠥᠰᠥᠨ ᠳᠤ ᠣᠷᠣᠭᠤᠯᠤᠭᠰᠠᠨ ᠤ ᠳᠠᠷᠠᠭ᠎ᠠ ᠲᠠᠷᠢᠮᠠᠯ ᠳᠤ ᠰᠢᠭᠤᠳ ᠰᠢᠩᠭᠡᠭᠡᠭᠳᠡᠨ ᠠᠰᠢᠭᠯᠠᠭᠳᠠᠳᠠᠭ᠂ ᠪᠣᠷᠳᠣᠭᠤᠷ ᠤᠨ ᠦᠢᠯᠡᠳᠦᠯ  ᠨᠢ ᠲᠦᠷᠭᠡᠨ᠂ ᠨᠡᠶᠢᠲᠡᠯᠢᠭ ︽ᠲᠦᠷᠭᠡᠨ ᠦᠢᠯᠡᠳᠦᠯᠳᠦ ᠪᠣᠷᠳᠣᠭᠤᠷ︾ ᠲᠤ ᠪᠠᠭᠲᠠᠵᠤ᠂ ᠴᠠᠭ ᠲᠤᠬᠠᠢ ᠳᠤᠨᠢ ᠲᠠᠷᠢᠮᠠᠯ ᠳᠤ ᠠᠽᠣᠲ ᠡᠳ᠋ ᠤᠨ ᠰᠢᠮ᠎ᠡ ᠲᠡᠵᠢᠭᠡᠯ ᠢ ᠬᠠᠩᠭᠠᠳᠠᠭ᠃ ᠲᠤᠷᠰᠢᠯᠲᠠ ᠶᠢ ᠦᠨᠳᠦᠰᠦᠯᠠᠪᠠᠯ᠂ ᠡᠪᠦᠯ ᠤᠨ ᠤᠯᠠᠷᠢᠯ ᠳᠤ ᠪᠤᠭᠤᠳᠠᠢ ᠶᠢᠨ ᠲᠠᠷᠢᠶᠠᠨ ᠳᠤ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠠᠮᠮᠤᠨᠢ ᠶᠢ ᠨᠡᠮᠡᠨ ᠣᠷᠤᠭᠤᠯᠪᠠᠯ᠂ ᠪᠣᠷᠳᠣᠭᠤᠷ ᠤᠨ ᠠᠰᠢᠭᠯᠠᠮᠵᠢ ᠨᠢ ᠥᠨᠳᠥᠷ ᠳᠤᠯᠠᠭᠠᠨ ᠤ ᠤᠯᠠᠷᠢᠯ ᠤᠨ ᠬᠢ ᠠᠴᠠ 1~1.5 ᠳᠠᠬᠢᠨ ᠨᠡᠮᠡᠭᠳᠡᠳᠡᠭ᠃      ᠰᠢᠭᠡᠰᠦᠯᠢᠭ ᠡᠳ᠋ ᠣᠷᠣᠭᠤᠯᠬᠤ ᠶᠢ ᠴᠡᠭᠡᠷᠯᠡᠨ᠎ᠡ᠃ ᠰᠢᠭᠡᠰᠦᠯᠢᠭ ᠡᠳ᠋ ᠪᠣᠯ ᠠᠼᠢᠯ ᠠᠮᠮᠤᠨᠢ ᠶᠢᠨ ᠲᠥᠯᠥᠪᠲᠦ ᠠᠽᠣᠲ ᠪᠣᠷᠳᠣᠭᠤᠷ ᠲᠤ ᠪᠠᠭᠲᠠᠨ᠎ᠠ᠂ ᠬᠥᠷᠥᠰᠥᠨ ᠳᠤ ᠣᠷᠣᠭᠤᠯᠤᠭᠰᠠᠨ ᠤ ᠳᠠᠷᠠᠭ᠎ᠠ ᠲᠠᠷᠢᠮᠠᠯ ᠳᠤ ᠰᠢᠭᠤᠳ ᠰᠢᠩᠭᠡᠭᠡᠭᠳᠡᠨ ᠠᠰᠢᠭᠯᠠᠭᠳᠠᠬᠤ ᠦᠭᠡᠢ᠂ ᠬᠥᠷᠥᠰᠥᠨ ᠳᠠᠬᠢ ᠰᠢᠭᠡᠰᠦᠯᠢᠭ ᠡᠳ᠋ ᠤᠨ ᠪᠠᠺᠲ᠋ᠧᠷᠢ ᠶᠢᠨ ᠰᠢᠭᠦᠷᠡᠭᠦᠯᠦᠭᠰᠡᠨ ᠰᠢᠭᠡᠰᠦᠨ ᠤ ᠢᠰᠬᠡᠭᠦᠷ ᠤᠨ ᠦᠢᠯᠡᠳᠦᠯ ᠳᠣᠣᠷ᠎ᠠ ᠠᠮᠮᠤᠨᠢ ᠶᠢᠨ ᠲᠥᠯᠥᠪᠲᠦ ᠠᠽᠣᠲ ᠪᠣᠯᠭᠠᠨ ᠬᠤᠪᠢᠷᠠᠭᠤᠯᠪᠠᠯ ᠰᠠᠶ᠋ᠢ ᠦᠨᠳᠦᠰᠦ ᠶᠢᠨ ᠰᠢᠰᠲ᠋ᠧᠮ ᠤᠨ ᠰᠢᠩᠭᠡᠭᠡᠯᠲᠡ ᠶᠢ ᠬᠠᠩᠭᠠᠵᠤ ᠴᠢᠳᠠᠨ᠎ᠠ᠃ ᠰᠢᠭᠡᠰᠦᠯᠢᠭ ᠡᠳ᠋ ᠤᠨ ᠬᠤᠪᠢᠷᠠᠯᠲᠠ ᠶᠢᠨ ᠬᠤᠷᠳᠤᠴᠠ ᠨᠢ ᠭᠤᠣᠯᠳᠠᠭᠤ ᠬᠥᠷᠥᠰᠥᠨ ᠤ ᠳᠤᠯᠠᠭᠠᠨ ᠠᠴᠠ ᠲᠣᠭᠲᠠᠭᠠᠭᠳᠠᠨ᠎ᠠ᠃ ᠬᠥᠷᠥᠰᠥᠨ ᠳᠤ ᠣᠷᠣᠭᠤᠯᠤᠭᠰᠠᠨ ᠰᠢᠭᠡᠰᠦᠯᠢᠭ ᠡᠳ᠋ ᠨᠢ ᠪᠦᠬᠦᠨ ᠢᠶᠠᠷ ᠢᠶᠠᠨ ᠠᠮᠮᠤᠨᠢ ᠶᠢᠨ ᠲᠥᠯᠥᠪᠲᠦ ᠠᠽᠣᠲ ᠪᠣᠯᠣᠨ ᠬᠤᠪᠢᠷᠠᠬᠤ ᠳᠤ᠂ ᠭᠠᠵᠠᠷ ᠤᠨ ᠳᠤᠯᠠᠭᠠᠨ 10℃ ᠪᠣᠯᠬᠤ ᠦᠶ᠎ᠡ ᠳᠤ 7~10 ᠡᠳᠦᠷ ᠬᠡᠷᠡᠭᠰᠡᠨ᠎ᠡ᠂ 20℃ ᠪᠣᠯᠬᠤ ᠦᠶ᠎ᠡ ᠳᠤ 4~5 ᠡᠳᠦᠷ ᠬᠡᠷᠡᠭᠰᠡᠨ᠎ᠡ᠂ 30℃ ᠪᠣᠯᠬᠤ ᠦᠶ᠎ᠡ ᠳᠤ ᠵᠥᠪᠬᠡᠨ 2~3 ᠡᠳᠦᠷ ᠬᠡᠷᠡᠭᠰᠡᠨ᠎ᠡ᠃ ᠡᠭᠦᠨ ᠠᠴᠠ ᠦᠵᠡᠬᠦ ᠳᠤ᠂ ᠲᠠᠷᠢᠮᠠᠯ ᠳᠤ ᠡᠪᠦᠯ ᠤᠨ ᠤᠯᠠᠷᠢᠯ ᠪᠤᠶᠤ ᠬᠠᠪᠤᠷ ᠤᠨ ᠡᠬᠢ ᠪᠠᠷ ᠪᠣᠷᠳᠣᠭᠤᠷ ᠨᠡᠮᠡᠬᠦ ᠳᠤ ᠬᠡᠷᠪᠡ ᠰᠢᠭᠡᠰᠦᠯᠢᠭ ᠡᠳ᠋ ᠢ ᠣᠷᠣᠭᠤᠯᠪᠠᠯ ᠪᠣᠷᠳᠣᠭᠤᠷ ᠤᠨ ᠠᠰᠢᠭᠯᠠᠮᠵᠢ ᠨᠢ ᠤᠳᠠᠭᠠᠨ ᠪᠤᠯᠬᠤᠷ ᠲᠠᠷᠢᠮᠠᠯ ᠤᠨ ᠤᠷᠭᠤᠯᠲᠠ ᠶᠢ ᠨᠦᠯᠦᠭᠡᠯᠡᠳᠡᠭ᠃      ᠹᠣᠰᠹᠣᠷ᠂ ᠴᠠᠶᠢᠷ ᠤᠨ ᠪᠣᠷᠳᠣᠭᠤᠷ ᠢ ᠨᠡᠮᠡᠵᠦ ᠤᠷᠤᠭᠤᠯᠤᠨ᠎ᠠ᠃ ᠲᠠᠷᠢᠮᠠᠯ ᠤᠨ ᠹᠣᠰᠹᠣᠷ ᠪᠣᠯᠣᠨ ᠴᠠᠶᠢᠷ ᠤᠨ ᠰᠢᠩᠭᠡᠭᠡᠯᠲᠡ ᠨᠢ ᠳᠤᠯᠠᠭᠠᠨ ᠤ ᠬᠡᠮᠵᠢᠶ᠎ᠡ ᠪᠣᠯᠣᠨ ᠭᠡᠷᠡᠯ ᠤᠨ ᠲᠤᠰᠤᠯᠲᠠ ᠶᠢᠨ ᠨᠥᠯᠥᠭᠡ ᠶᠢ ᠢᠯᠡᠷᠬᠡᠢ ᠬᠦᠷᠳᠡᠳᠡᠭ᠃ ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠳᠣᠣᠷ᠎ᠠ᠂ ᠭᠡᠷᠡᠯ ᠤᠨ ᠲᠤᠰᠤᠯᠲᠠ ᠭᠦᠢᠴᠡᠳ ᠦᠭᠡᠢ ᠪᠣᠯᠬᠤᠷ ᠡᠪᠦᠯᠵᠢᠬᠦ ᠲᠠᠷᠢᠮᠠᠯ ᠳᠤ ᠹᠣᠰᠹᠣᠷ ᠳᠤᠲᠠᠭᠳᠠᠬᠤ᠂ ᠴᠠᠶᠢᠷ ᠳᠤᠲᠠᠭᠳᠠᠬᠤ ᠪᠠᠶᠢᠳᠠᠯ ᠠᠮᠠᠷᠬᠠᠨ ᠢᠯᠡᠷᠡᠳᠡᠭ᠂ ᠡᠶᠢᠮᠦ ᠠᠴᠠ ᠹᠣᠰᠹᠣᠷ ᠪᠣᠷᠳᠣᠭᠤᠷ ᠪᠠ ᠴᠠᠶᠢᠷ ᠪᠣᠷᠳᠣᠭᠤᠷ ᠢ ᠵᠣᠬᠢᠬᠤ ᠬᠡᠮᠵᠢᠶ᠎ᠡ ᠪᠠᠷ ᠨᠡᠮᠡᠵᠦ ᠣᠷᠣᠭᠤᠯᠪᠠᠯ ᠵᠣᠬᠢᠨ᠎ᠠ᠃ ᠡᠭᠦᠨ ᠠᠴᠠ ᠭᠠᠳᠠᠨ᠎ᠠ᠂ ᠹᠣᠰᠹᠣᠷ ᠨᠢ ᠤᠷᠭᠤᠮᠠᠯ ᠤᠨ ᠬᠦᠢᠲᠡᠨ ᠢ ᠲᠡᠰᠪᠦᠷᠢᠯᠡᠬᠦ ᠴᠢᠨᠠᠷ ᠢ ᠨᠡᠮᠡᠭᠳᠡᠭᠦᠯᠵᠦ᠂ ᠹᠣᠰᠹᠣᠷ ᠪᠣᠷᠳᠣᠭᠤᠷ ᠢ ᠨᠡᠮᠡᠪᠡᠯ ᠲᠠᠷᠢᠮᠠᠯ ᠤᠨ ᠬᠥᠯᠳᠡᠬᠦ ᠭᠠᠮᠰᠢᠭ ᠢ ᠰᠡᠷᠭᠡᠶᠢᠯᠡᠬᠦ ᠳᠤ ᠠᠰᠢᠭᠲᠠᠢ᠃
 
ᠢᠷᠡᠯᠲᠡ᠄ ᠤᠯᠠᠭᠠᠨᠬᠠᠳᠠ ᠬᠤᠳᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号