ᠰᠠᠭᠠᠯᠢ ᠶᠢᠨ ᠦᠨᠢᠶᠡᠨ ᠤ ᠲᠠᠯᠠᠪᠠᠢ ᠶᠢᠨ ᠬᠢᠵᠢᠭ ᠢ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠤᠷ ᠬᠢᠬᠦ ᠶᠢᠨ | ᠵᠣᠷᠢᠯᠭ᠎ᠠ ᠪᠣᠯ᠄ ᠨᠢᠭᠡ ᠳᠤ ᠬᠠᠯᠳᠠᠪᠤᠷᠢᠲᠤ ᠡᠪᠡᠳᠴᠢᠨ ᠤ ᠭᠠᠳᠠᠨ᠎ᠠ ᠠᠴᠠ ᠣᠷᠣᠵᠤ ᠢᠷᠡᠬᠦ ᠶᠢ ᠰᠡᠷᠭᠡᠶᠢᠯᠡᠨ᠎ᠡ︔ | ᠬᠤᠶᠠᠷ ᠲᠤ ᠬᠠᠯᠳᠠᠪᠤᠷᠢᠲᠤ ᠡᠪᠡᠳᠴᠢᠨ ᠡᠭᠦᠰᠬᠦ ᠦᠶ᠎ᠡ ᠳᠤ ᠠᠯᠢ ᠲᠦᠷᠭᠡᠨ ᠢᠶᠠᠷ ᠠᠷᠢᠯᠭᠠᠬᠤ ᠬᠡᠷᠡᠭᠲᠡᠢ ᠪᠥᠭᠡᠳ | ᠬᠠᠯᠳᠠᠪᠤᠷᠢᠲᠤ ᠡᠪᠡᠳᠴᠢᠨ ᠤ ᠬᠠᠯᠳᠠᠪᠤᠷᠢᠯᠠᠬᠤ ᠶᠢ ᠰᠡᠷᠭᠡᠶᠢᠯᠡᠬᠦ ᠬᠡᠷᠡᠭᠲᠡᠢ᠃ ᠡᠶᠢᠮᠦ ᠠᠴᠠ ᠰᠠᠭᠠᠯᠢ ᠶᠢᠨ ᠦᠨᠢᠶᠡᠨ ᠤ | ᠲᠠᠯᠠᠪᠠᠢ ᠶᠢᠨ ᠬᠢᠵᠢᠭ ᠢ ᠰᠡᠷᠭᠡᠶᠢᠯᠡᠬᠦ ᠳᠤ ᠬᠤᠶᠠᠷ ᠲᠠᠯ᠎ᠠ ᠶᠢ ᠪᠠᠭᠲᠠᠭᠠᠬᠤ ᠬᠡᠷᠡᠭᠲᠡᠢ᠂ ᠨᠢᠭᠡ ᠨᠢ ᠡᠩ ᠤᠨ ᠦᠶ᠎ᠡ ᠶᠢᠨ | ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ︔ ᠬᠤᠶᠠᠷ ᠲᠤ ᠬᠠᠯᠳᠠᠪᠤᠷᠢᠲᠤ ᠡᠪᠡᠳᠴᠢᠨ ᠡᠭᠦᠰᠬᠦ ᠦᠶ᠎ᠡ ᠶᠢᠨ | ᠠᠷᠢᠯᠭᠠᠬᠤ ᠠᠷᠭ᠎ᠠ ᠬᠡᠮᠵᠢᠶ᠎ᠡ᠃ | ᠡᠩ ᠤᠨ ᠦᠶ᠎ᠡ ᠶᠢᠨ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ᠄ ᠬᠢᠵᠢᠭ ᠢ ᠤᠷᠢᠳᠴᠢᠯᠠᠨ ᠰᠡᠷᠭᠡᠶᠢᠯᠡᠬᠦ | ᠵᠣᠬᠢᠶᠠᠨ ᠪᠠᠶᠢᠭᠤᠯᠤᠯᠲᠠ ᠶᠢ ᠪᠠᠶᠢᠭᠤᠯᠤᠨ ᠲᠡᠭᠦᠯᠳᠡᠷᠵᠢᠭᠦᠯᠵᠦ᠂ ᠬᠢᠵᠢᠭ ᠢ ᠤᠷᠢᠳᠴᠢᠯᠠᠨ ᠰᠡᠷᠭᠡᠶᠢᠯᠡᠬᠦ ᠬᠠᠤᠯᠢ | ᠲᠣᠭᠲᠠᠭᠠᠯ ᠢ ᠴᠢᠩᠭ᠎ᠠ ᠬᠡᠷᠡᠭᠵᠢᠭᠦᠯᠦᠨ᠎ᠡ᠃ ᠬᠡᠪᠴᠢᠶᠡᠲᠦ ᠰᠠᠭᠠᠯᠢ ᠶᠢᠨ ᠦᠨᠢᠶᠡᠨ ᠤ ᠲᠠᠯᠠᠪᠠᠢ ᠵᠢᠴᠢ ᠲᠡᠵᠢᠭᠡᠨ | ᠦᠷᠡᠵᠢᠭᠦᠯᠬᠦ ᠪᠠᠭ᠎ᠠ ᠲᠣᠭᠤᠷᠢᠭ ᠲᠤ ᠴᠥᠮ ᠵᠠᠰᠠᠭ ᠵᠠᠬᠢᠷᠭᠠᠨ ᠤ ᠤᠳᠤᠷᠢᠳᠤᠯᠭ᠎ᠠ᠂ ᠮᠡᠷᠭᠡᠵᠢᠯ ᠤᠨ ᠠᠵᠢᠯᠲᠠᠨ ᠵᠢᠴᠢ | ᠪᠤᠰᠤᠳ ᠬᠠᠮᠢᠶ᠎ᠠ ᠪᠦᠬᠦᠢ ᠬᠥᠮᠥᠰ ᠢᠶᠠᠷ ᠪᠦᠷᠢᠯᠳᠦᠭᠰᠡᠨ ᠬᠢᠵᠢᠭ ᠢ ᠰᠡᠷᠭᠡᠶᠢᠯᠡᠬᠦ ᠵᠣᠬᠢᠶᠠᠨ ᠪᠠᠶᠢᠭᠤᠯᠤᠯᠲᠠ ᠶᠢ | ᠪᠠᠶᠢᠭᠤᠯᠬᠤ ᠬᠡᠷᠡᠭᠲᠡᠢ᠃ ᠳᠡᠭᠡᠳᠦ ᠱᠠᠲᠤᠨ ᠤ ᠮᠠᠯ ᠠᠵᠤ ᠠᠬᠤᠢ ᠮᠠᠯ ᠡᠮᠨᠡᠯᠭᠡ ᠶᠢᠨ ᠭᠤᠤᠯᠯᠠᠨ ᠬᠠᠮᠢᠶᠠᠷᠬᠤ ᠰᠠᠯᠠᠭ᠎ᠠ | ᠮᠥᠴᠢᠷ ᠤᠨ ᠲᠤᠬᠠᠶᠢᠯᠠᠭᠰᠠᠨ ᠠᠵᠢᠯ ᠤᠨ ᠵᠢᠯᠣᠭᠤᠳᠤᠯᠭ᠎ᠠ ᠶᠢ ᠬᠡᠷᠡᠭᠵᠢᠭᠦᠯᠵᠦ᠂ ᠤᠯᠤᠰ ᠤᠨ ᠠᠮᠢᠲᠠᠨ ᠤ ᠬᠢᠵᠢᠭ ᠢ | ᠤᠷᠢᠳᠴᠢᠯᠠᠨ ᠰᠡᠷᠭᠡᠶᠢᠯᠡᠬᠦ ᠬᠠᠤᠯᠢ ᠵᠢᠴᠢ ᠲᠤᠰ ᠭᠠᠵᠠᠷ ᠣᠷᠣᠨ ᠤ ᠵᠠᠰᠠᠭ ᠤᠨ ᠣᠷᠳᠣᠨ ᠤ ᠭᠡᠷ ᠤᠨ | ᠲᠡᠵᠢᠭᠡᠪᠦᠷᠢ ᠶᠢᠨ ᠬᠢᠵᠢᠭ ᠢ ᠰᠡᠷᠭᠡᠶᠢᠯᠡᠬᠦ ᠬᠤᠯᠪᠣᠭᠳᠠᠯ ᠪᠦᠬᠦᠢ ᠬᠠᠤᠯᠢ ᠲᠣᠭᠲᠠᠭᠠᠯ ᠪᠤᠶᠤ ᠳᠦᠷᠢᠮ ᠶᠣᠰᠣᠭᠠᠷ | ᠰᠠᠭᠠᠯᠢ ᠶᠢᠨ ᠦᠨᠢᠶᠡᠨ ᠤ ᠲᠠᠯᠠᠪᠠᠢ ᠶᠢᠨ ᠬᠢᠵᠢᠭ ᠢ ᠤᠷᠢᠳᠴᠢᠯᠠᠨ ᠰᠡᠷᠭᠡᠶᠢᠯᠡᠬᠦ᠂ ᠬᠢᠵᠢᠭ ᠢ ᠪᠠᠶᠢᠴᠠᠭᠠᠬᠤ ᠪᠠ ᠦᠯᠦ | ᠬᠠᠯᠳᠠᠭᠠᠬᠤ ᠠᠵᠢᠯ ᠢ ᠵᠣᠬᠢᠶᠠᠨ ᠪᠠᠶᠢᠭᠤᠯᠤᠨ᠎ᠠ᠃ ᠳᠡᠭᠡᠳᠦ ᠱᠠᠲᠤᠨ ᠤ ᠠᠮᠢᠳᠡᠠ ᠤ ᠬᠢᠵᠢᠭ ᠢ ᠤᠷᠢᠳᠴᠢᠯᠠᠨ | ᠰᠡᠷᠭᠡᠶᠢᠯᠡᠬᠦ᠂ ᠬᠢᠵᠢᠭ ᠢ ᠪᠠᠶᠢᠴᠠᠭᠠᠬᠤ ᠳᠤ ᠬᠢᠨᠠᠯᠲᠠ ᠲᠠᠯᠪᠢᠬᠤ ᠪᠠᠶᠢᠭᠤᠯᠤᠮᠵᠢ ᠶᠢᠨ ᠪᠠᠶᠢᠴᠠᠭᠠᠯᠲᠠ ᠪᠠ ᠬᠢᠨᠠᠯᠲᠠ ᠶᠢ | ᠬᠦᠯᠢᠶᠡᠨ᠎ᠡ᠃ | ᠬᠠᠯᠳᠠᠪᠤᠷᠢᠲᠤ ᠡᠪᠡᠳᠴᠢᠨ ᠡᠭᠦᠰᠬᠦ ᠦᠶ᠎ᠡ ᠶᠢᠨ ᠠᠷᠢᠯᠭᠠᠬᠤ ᠠᠷᠭ᠎ᠠ ᠬᠡᠮᠵᠢᠶ᠎ᠡ᠄ ᠬᠢᠵᠢᠭ ᠢ ᠤᠷᠢᠳᠴᠢᠯᠠᠨ | ᠰᠡᠷᠭᠡᠶᠢᠯᠡᠬᠦ ᠳᠦᠷᠢᠮ ᠢ ᠪᠠᠶᠢᠭᠤᠯᠤᠨ ᠲᠡᠭᠦᠯᠳᠡᠷᠵᠢᠭᠦᠯᠵᠦ᠂ ᠬᠢᠵᠢᠭ ᠢ ᠪᠠᠶᠢᠴᠠᠭᠠᠬᠤ᠂ ᠦᠯᠦ ᠬᠠᠯᠳᠠᠭᠠᠬᠤ | ᠲᠥᠯᠥᠪᠯᠡᠭᠡ ᠶᠢ ᠲᠣᠭᠲᠠᠭᠠᠨ᠂ ᠦᠬᠡᠷ ᠤᠨ ᠲᠠᠯᠠᠪᠠᠢ ᠵᠢᠴᠢ ᠦᠬᠡᠷ ᠤᠨ ᠬᠠᠰᠢᠶ᠎ᠠ ᠶᠢᠨ ᠣᠷᠣᠵᠤ ᠭᠠᠷᠬᠤ ᠭᠠᠵᠠᠷ ᠲᠤ | ᠠᠷᠢᠭᠤᠳᠬᠠᠬᠤ ᠴᠥᠭᠦᠷᠥᠮ ᠪᠠ ᠭᠠᠷ ᠤᠬᠢᠶᠠᠬᠤ ᠲᠥᠬᠦᠭᠡᠷᠦᠮᠵᠢ ᠲᠣᠬᠢᠷᠠᠭᠤᠯᠵᠤ᠂ ᠠᠷᠢᠭᠤᠳᠬᠠᠬᠤ ᠲᠠᠲᠠᠭᠠᠯ ᠳᠤ | ᠦᠷᠭᠦᠯᠵᠢ ᠭᠦᠢᠴᠡᠳ ᠬᠡᠮᠵᠢᠶᠡᠨ ᠤ ᠪᠦᠲᠦᠮᠵᠢᠲᠡᠶ ᠠᠷᠢᠭᠤᠳᠬᠠᠬᠤ ᠡᠮ ︵ᠵᠢᠱᠢᠶᠡᠯᠡᠪᠡᠯ 2% ᠤᠨ ᠬᠠᠭ᠋ᠤᠨ | ᠨᠠᠲᠷᠢ ᠶᠢᠨ ᠠᠭᠤᠰᠤᠮᠠᠯ︶ ᠲᠠᠢ ᠪᠠᠶᠢᠬᠤ ᠬᠡᠷᠡᠭᠲᠡᠢ᠂ ᠭᠠᠷ ᠤᠬᠢᠶᠠᠬᠤ ᠠᠷᠢᠭᠤᠳᠬᠠᠬᠤ ᠰᠢᠩᠭᠡᠨ ᠳᠤ 0.2% ᠤᠨ | ᠳᠡᠳ᠋ ᠾᠯᠣᠷ ᠬᠦᠴᠢᠯ ᠤᠨ ᠨᠠᠲᠷᠢ ᠶᠢᠨ ᠠᠭᠤᠰᠤᠮᠠᠯ ᠪᠤᠶᠤ 0.1% ᠶᠢᠨ ᠬᠡᠳᠦ ᠬᠦᠴᠢᠯᠲᠥ᠋ᠷᠥᠭᠴᠢᠲᠦ ᠡᠲ᠋ᠠ | ᠬᠦᠴᠢᠯ ᠤᠨ ᠠᠭᠤᠰᠤᠮᠠᠯ ᠢ ᠬᠡᠷᠡᠭᠯᠡᠵᠦ᠂ ᠣᠷᠣᠵᠤ ᠭᠠᠷᠬᠤ ᠬᠥᠮᠥᠨ ᠪᠠ ᠲᠡᠷᠭᠡ ᠬᠥᠰᠬᠡ ᠡᠷᠬᠡᠪᠰᠢ ᠠᠷᠢᠭᠤᠳᠬᠠᠬᠤ | ᠡᠳ᠋ ᠢ ᠥᠩᠭᠡᠷᠡᠭᠡᠬᠦ ᠬᠡᠷᠡᠭᠲᠡᠢ᠃ ᠦᠬᠡᠷ ᠤᠨ ᠬᠠᠰᠢᠶ᠎ᠠ᠂ ᠬᠥᠳᠡᠯᠭᠡᠭᠡᠨ ᠤ ᠲᠠᠯᠠᠪᠤᠷ᠂ ᠲᠡᠵᠢᠭᠡᠯ ᠤᠨ ᠣᠩᠭᠤᠴᠠ᠂ ᠤᠰᠤ | ᠤᠮᠳᠠ ᠶᠢᠨ ᠲᠠᠲᠠᠭᠠᠯ᠂ ᠦᠢᠯᠡᠳᠪᠦᠷᠢᠯᠡᠯ ᠤᠨ ᠬᠡᠷᠡᠭᠰᠡᠯ᠂ ᠰᠦ ᠰᠠᠭᠠᠬᠤ ᠲᠥᠬᠦᠭᠡᠷᠦᠮᠵᠢ ᠶᠢᠨ ᠠᠷᠢᠭᠤᠨ ᠴᠡᠪᠡᠷ ᠤᠨ | ᠬᠠᠮᠢᠶᠠᠷᠤᠯᠲᠠ ᠶᠢ ᠴᠢᠩᠭᠠᠳᠬᠠᠵᠤ᠂ ᠲᠣᠭᠲᠠᠮᠠᠯ ᠬᠤᠭᠤᠴᠠᠭ᠎ᠠ ᠲᠠᠢ ᠪᠠᠷ ᠱᠦᠭᠦᠷᠳᠡᠨ ᠴᠡᠪᠡᠷᠯᠡᠵᠦ᠂ ᠤᠬᠢᠶᠠᠨ | ᠠᠷᠢᠭᠤᠳᠬᠠᠨ᠎ᠠ᠃ ᠦᠬᠡᠷ ᠤᠨ ᠲᠠᠯᠠᠪᠠᠢ ᠳᠤ ᠵᠢᠯ ᠪᠦᠷᠢ ᠬᠤᠶᠠᠷ ᠤᠳᠠᠭ᠎ᠠ ᠤᠷᠢᠳᠴᠢᠯᠠᠨ ᠰᠡᠷᠭᠡᠶᠢᠯᠡᠬᠦ ᠴᠢᠨᠠᠷᠲᠠᠢ | ᠶᠡᠭᠡ ᠠᠷᠢᠭᠤᠳᠬᠠᠯ ᠬᠢᠬᠦ ᠬᠡᠷᠡᠭᠲᠡᠢ᠃ ᠦᠬᠡᠷ ᠤᠨ ᠰᠠᠷᠠᠪᠴᠢ ᠶᠢᠨ ᠭᠠᠵᠠᠷ ᠤᠨ ᠭᠠᠳᠠᠷᠭᠤ᠂ ᠬᠥᠳᠡᠯᠭᠡᠭᠡᠨ ᠤ | ᠲᠠᠯᠠᠪᠤᠷ ᠲᠤ 2% ᠤᠨ ᠬᠠᠭ᠋ᠤᠨ ᠨᠠᠲᠷᠢ ᠶᠢᠨ ᠠᠭᠤᠰᠤᠮᠠᠯ ᠢᠶᠠᠷ ᠠᠷᠢᠭᠤᠳᠬᠠᠵᠤ᠂ ᠲᠡᠵᠢᠭᠡᠯ ᠪᠣᠷᠳᠣᠭᠠᠨ ᠤ | ᠣᠩᠭᠤᠴᠠ᠂ ᠤᠰᠤᠨ ᠣᠩᠭᠤᠴᠠ ᠳᠤ 10% ᠶᠢᠨ ᠴᠣᠬᠤᠢ ᠶᠢᠨ ᠰᠦ ᠪᠤᠶᠤ 2% ᠤᠨ ᠴᠠᠶᠢᠷᠠᠭᠤᠯᠬᠤ | ᠨᠤᠨᠳᠠᠭ ᠤᠨ ᠠᠭᠤᠰᠤᠮᠠᠯ ᠢᠶᠠᠷ ᠠᠷᠢᠭᠤᠳᠬᠠᠨ᠎ᠠ᠃ ᠵᠢᠯ ᠪᠦᠷᠢ ᠬᠤᠶᠠᠷ ᠤᠳᠠᠭ᠎ᠠ ᠪᠷᠦ᠋ᠼᠧᠯ ᠤᠨ ᠰᠠᠪᠬᠠᠨᠴᠢᠷ | ᠪᠠᠺᠲ᠋ᠧᠷᠢ ᠶᠢᠨ ᠡᠪᠡᠳᠴᠢᠨ ᠪᠠ ᠰᠦᠷᠢᠶ᠎ᠡ ᠡᠪᠡᠳᠴᠢᠨ ᠤ ᠬᠢᠵᠢᠭ ᠤᠨ ᠪᠠᠶᠢᠴᠠᠭᠠᠯᠲᠠ ᠬᠢᠵᠦ᠂ ᠪᠠᠶᠢᠴᠠᠭᠠᠵᠤ | ᠭᠠᠷᠭᠠᠭᠰᠠᠨ ᠠᠷᠭ᠎ᠠ ᠶᠢᠨ ᠤᠷᠪᠠᠯ ᠤᠨ ᠦᠬᠡᠷ ᠢ ᠳᠠᠷᠤᠶᠢᠬᠠᠨ ᠰᠢᠯᠢᠵᠦ ᠭᠡᠭᠡᠭᠳᠡᠭᠦᠯᠬᠦ ᠬᠡᠷᠡᠭᠲᠡᠢ᠃ ᠵᠢᠯ ᠪᠦᠷᠢ ᠨᠢᠭᠡ | ᠤᠳᠠᠭ᠎ᠠ ᠪᠣᠭᠤᠮ᠎ᠠ ᠡᠪᠡᠳᠴᠢᠨ ᠤ ᠸᠠᠺᠼᠢᠨ ᠢ ᠰᠡᠷᠭᠡᠶᠢᠯᠡᠬᠦ ᠲᠠᠷᠢᠯᠭ᠎ᠠ ᠬᠢᠵᠦ᠂ ᠬᠤᠶᠠᠷ ᠤᠳᠠᠭ᠎ᠠ ᠰᠢᠯᠦᠬᠡᠢ | ᠡᠪᠡᠳᠴᠢᠨ ᠤ ᠸᠠᠺᠼᠢᠨ ᠢ ᠰᠡᠷᠭᠡᠶᠢᠯᠡᠬᠦ ᠲᠠᠷᠢᠯᠭ᠎ᠠ ᠬᠢᠬᠦ ᠬᠡᠷᠡᠭᠲᠡᠢ᠃ | ᠦᠬᠡᠷ ᠤᠨ ᠰᠦᠷᠦᠭ ᠤᠨ ᠠᠷᠠᠴᠢᠯᠠᠯᠲᠠ ᠬᠠᠮᠢᠶᠠᠷᠤᠯᠲᠠ ᠶᠢ ᠴᠢᠩᠭᠠᠳᠬᠠᠵᠤ᠂ ᠰᠠᠭᠠᠯᠢ ᠶᠢᠨ ᠦᠨᠢᠶᠡᠨ ᠤ ᠪᠡᠶ᠎ᠡ | ᠴᠣᠭᠴᠠ ᠶᠢᠨ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ ᠥᠪᠡᠷ ᠢᠶᠠᠨ ᠦᠷᠡᠵᠢᠭᠦᠯᠵᠦ ᠥᠪᠡᠷ ᠢᠶᠠᠨ | ᠲᠡᠵᠢᠭᠡᠬᠦ ᠵᠠᠷᠴᠢᠮ ᠢ ᠪᠠᠷᠢᠮᠲᠠᠯᠠᠨ᠂ ᠰᠠᠭᠠᠯᠢ ᠶᠢᠨ ᠦᠨᠢᠶ᠎ᠡ ᠶᠢ ᠭᠠᠳᠠᠭᠠᠳᠤ ᠠᠴᠠ ᠣᠷᠣᠭᠤᠯᠬᠤ ᠳᠠᠭᠠᠨ ᠡᠷᠬᠡᠪᠰᠢ | ᠬᠢᠵᠢᠭ ᠤᠨ ᠪᠤᠰᠤ ᠣᠷᠣᠨ ᠠᠴᠠ ᠬᠤᠳᠠᠯᠳᠤᠨ ᠠᠪᠬᠤ ᠶᠢᠨ ᠬᠠᠮᠲᠤ ᠭᠠᠷᠤᠯᠲᠠ ᠶᠢᠨ ᠣᠷᠣᠨ ᠤ ᠬᠢᠵᠢᠭ ᠤᠨ | ᠪᠠᠶᠢᠴᠠᠭᠠᠯᠲᠠ ᠶᠢ ᠰᠠᠶᠢᠲᠤᠷ ᠬᠢᠵᠦ᠂ ᠰᠦᠷᠦᠭ ᠲᠤ ᠲᠠᠯᠪᠢᠬᠤ ᠠᠴᠠ ᠪᠠᠨ ᠡᠮᠦᠨ᠎ᠡ ᠬᠤᠶᠠᠷ ᠰᠠᠷ᠎ᠠ ᠲᠤᠰᠠᠭᠠᠷᠯᠠᠨ | ᠠᠵᠢᠭᠯᠠᠬᠤ ᠬᠡᠷᠡᠭᠲᠡᠢ᠃ | ᠡᠷᠬᠢᠨ ᠲᠣᠭᠤᠷᠢᠨ ᠤ ᠬᠢᠵᠢᠭ ᠤᠨ ᠪᠠᠶᠢᠳᠠᠯ ᠢ ᠪᠠᠶᠢᠴᠠᠭᠠᠬᠤ ᠶᠢ ᠴᠢᠬᠤᠯᠠᠴᠢᠯᠠᠨ᠎ᠠ᠃ ᠲᠤᠰ ᠭᠠᠵᠠᠷ ᠣᠷᠣᠨ | ᠪᠤᠶᠤ ᠡᠷᠭᠢᠨ ᠲᠣᠭᠤᠷᠢᠨ ᠤ ᠭᠠᠵᠠᠷ ᠣᠷᠣᠨ ᠤ ᠬᠢᠵᠢᠭ ᠤᠨ ᠪᠠᠶᠢᠳᠠᠯ ᠤᠨ ᠪᠠᠶᠢᠳᠠᠯ ᠪᠠ ᠮᠡᠳᠡᠭᠡ ᠵᠠᠩᠭᠢ ᠶᠢ | ᠦᠷᠭᠦᠯᠵᠢ ᠣᠶᠢᠯᠠᠭᠠᠵᠤ᠂ ᠬᠢᠵᠢᠭ ᠤᠨ ᠪᠠᠶᠢᠳᠠᠯ ᠢ ᠣᠯᠵᠤ ᠮᠡᠳᠡᠪᠡᠯ ᠴᠠᠭ ᠲᠤᠬᠠᠢ ᠳᠤᠨᠢ ᠪᠦᠲᠦᠮᠵᠢᠲᠡᠶ ᠤᠷᠢᠳᠴᠢᠯᠠᠨ | ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠬᠡᠷᠡᠭᠲᠡᠢ᠂ ᠵᠢᠱᠢᠶᠡᠯᠡᠪᠡᠯ ᠲᠦᠷᠭᠡᠨ ᠠᠷᠢᠭᠤᠳᠬᠠᠬᠤ᠂ ᠲᠦᠷᠭᠡᠨ ᠸᠠᠺᠼᠢᠨ ᠤ | ᠲᠠᠷᠢᠯᠭ᠎ᠠ ᠬᠢᠬᠦ ᠵᠡᠷᠭᠡ ᠪᠣᠯᠣᠨ᠎ᠠ᠃ |