ᠪᠦᠦ ᠾᠧᠢ ᠳ᠋ᠧᠦ 2 ᠳ᠋ᠤᠭᠠᠷ ᠨᠣᠮᠧᠷᠲᠤ︱ᠬᠠᠷ᠎ᠠ ᠪᠤᠷᠴᠠᠭ ᠤᠨ ᠰᠢᠨ᠎ᠡ ᠡᠭᠦᠯᠳᠡᠷ
ᠨᠡᠶᠢᠲᠡᠯᠡᠭᠰᠡᠨ ᠴᠠᠭ᠄
2025/2/4
      ᠥᠪᠡᠷᠮᠢᠴᠡ ᠣᠨᠴᠠᠯᠢᠭ      ᠬᠢᠵᠠᠭᠠᠷᠲᠠᠢ ᠬᠤᠩᠭᠤᠷᠴᠤᠭᠯᠠᠬᠤ ᠳᠤᠮᠳᠠ ᠵᠡᠷᠭᠡ ᠶᠢᠨ ᠡᠭᠦᠯᠳᠡᠷ ᠲᠤ ᠬᠠᠷᠢᠶᠠᠯᠠᠭᠳᠠᠵᠤ᠂ ᠦᠷᠡᠵᠢᠯ ᠤᠨ ᠬᠤᠭᠤᠴᠠᠭ᠎ᠠ ᠨᠢ 110.8 ~ 118.0 ᠡᠳᠦᠷ︔ ᠤᠷᠭᠤᠮᠠᠯ ᠤᠨ ᠬᠡᠯᠪᠡᠷᠢ ᠨᠢ ᠠᠪᠴᠠᠯᠳᠣᠩᠭᠤᠢ᠂ ᠡᠰᠢ ᠶᠢᠨ ᠥᠨᠳᠥᠷ ᠨᠢ 76.8 ~ 89.3 ᠰᠡᠨᠲ᠋ᠢᠮᠧᠲᠷ︔ ᠨᠠᠪᠴᠢᠨ ᠤ ᠢᠯᠲᠠᠰᠤ ᠨᠢ ᠵᠡᠭᠦᠦ ᠶᠢᠨ ᠬᠡᠯᠪᠡᠷᠢ ᠲᠠᠢ᠂ ᠨᠣᠭᠤᠭᠠᠨ ᠥᠩᠭᠡ ᠲᠠᠢ︔ ᠭᠤᠣᠯ ᠡᠰᠢᠨ ᠤ ᠦᠶ᠎ᠡ ᠶᠢᠨ ᠲᠤᠭ᠎ᠠ ᠨᠢ 16.6 ~ 18.4 ᠪᠠᠶᠢᠵᠤ᠂ ᠠᠰᠢᠭᠲᠤ ᠰᠠᠯᠠᠭ᠎ᠠ ᠨᠢ2.6 ~ 3.2 ᠪᠠᠶᠢᠳᠠᠭ︔ ᠴᠠᠭᠠᠨ ᠴᠡᠴᠡᠭ᠂ ᠬᠦᠷᠡᠩ ᠦᠰᠦ᠂ ᠬᠤᠩᠭᠤᠷᠴᠠᠭ ᠬᠦᠷᠡᠩ ᠥᠩᠭᠡ  ᠲᠠᠢ︔ ᠳᠠᠩ ᠤᠷᠭᠤᠮᠠᠯ ᠤᠨ ᠠᠰᠢᠭᠲᠤ ᠬᠤᠩᠭᠤᠷᠴᠤᠭ ᠤᠨ ᠲᠤᠭ᠎ᠠ ᠨᠢ 45.4~52.1᠂ ᠳᠠᠩ ᠤᠷᠭᠤᠮᠠᠯ ᠤᠨ ᠮᠥᠬᠦᠯᠢᠭ ᠤᠨ ᠲᠤᠭ᠎ᠠ ᠨᠢ 89.6~102.9 ᠮᠥᠬᠦᠯᠢᠭ᠂ ᠵᠠᠭᠤᠨ ᠮᠥᠬᠦᠯᠢᠭ ᠪᠦᠷᠢ ᠶᠢᠨ ᠬᠦᠨᠳᠦ  ᠨᠢ 17.7~19.2 ᠭᠷᠡᠮ︔ ᠦᠷ᠎ᠡ ᠶᠢᠨ ᠮᠥᠬᠦᠯᠢᠭ ᠨᠢ ᠵᠤᠤᠪᠠᠩ ᠬᠡᠯᠪᠡᠷᠢᠲᠡᠢ᠂ ᠦᠷ᠎ᠡ ᠶᠢᠨ ᠬᠠᠯᠢᠰᠤ ᠨᠢ ᠬᠠᠷ᠎ᠠ᠂ ᠬᠦᠢᠰᠦ ᠨᠢ ᠴᠠᠭᠠᠨ︔ ᠪᠣᠯᠪᠠᠰᠤᠷᠠᠬᠤ ᠦᠶ᠎ᠡ ᠳᠤ ᠬᠤᠩᠭᠤᠷᠴᠠᠭ  ᠨᠢ ᠬᠠᠭᠠᠷᠠᠬᠤ ᠦᠭᠡᠢ᠂ ᠨᠠᠪᠴᠢ ᠵᠤᠯᠭᠠᠷᠠᠬᠤ ᠴᠢᠨᠠᠷ ᠰᠠᠶᠢᠨ᠂ ᠬᠡᠪᠲᠡᠬᠦ ᠶᠢ ᠡᠰᠡᠷᠭᠦᠴᠡᠬᠦ ᠴᠢᠨᠠᠷ ᠨᠢ 1.3 ~ 1.9 ᠳᠡᠰ ᠪᠠᠶᠢᠳᠠᠭ᠃ ᠰᠢᠯᠭᠠᠨ ᠲᠣᠭᠲᠠᠭᠠᠭᠰᠠᠨ ᠢᠶᠠᠷ᠂ ᠲᠣᠰ ᠡᠭᠦᠯᠳᠡᠷ ᠨᠢ ᠴᠡᠴᠡᠭ ᠤᠨ ᠨᠠᠪᠴᠢᠨ ᠤ ᠸᠢᠷᠦ᠋ᠰ SC3 ᠳᠤᠮᠳᠠ ᠵᠡᠷᠭᠡ ᠶᠢᠨ ᠮᠡᠳᠡᠷᠡᠮᠵᠢ ᠪᠠᠷ ᠢᠯᠡᠷᠡᠵᠦ᠂ SC7 ᠳᠤᠮᠳᠠ ᠵᠡᠷᠭᠡ ᠶᠢᠨ ᠡᠰᠡᠷᠭᠦᠴᠡᠯ ᠢᠶᠠᠷ ᠢᠯᠡᠷᠡᠨ᠎ᠡ᠃      ᠤᠨᠠᠯᠲᠠ ᠶᠢᠨ ᠬᠡᠮᠵᠢᠶᠡᠨ ᠤ ᠢᠯᠡᠷᠡᠯ      ᠲᠣᠰ ᠡᠭᠦᠯᠳᠡᠷ 2014 ᠣᠨ ᠳᠤ ᠾᠧᠨᠠᠨ ᠮᠤᠵᠢ ᠶᠢᠨ ᠰᠢᠷ᠎ᠠ ᠪᠤᠷᠴᠠᠭ ᠤᠨ ᠡᠭᠦᠯᠳᠡᠷ ᠤᠨ ᠦᠢᠯᠡᠳᠪᠦᠷᠢᠯᠡᠯ ᠤᠨ ᠲᠤᠷᠰᠢᠯᠲᠠ ᠳᠤ ᠣᠷᠤᠯᠴᠠᠵᠤ᠂ ᠳᠤᠮᠳᠠᠴᠢ ᠪᠠᠷ 667 ᠲᠡᠭᠰᠢ ᠳᠥᠷᠪᠡᠯᠵᠢᠨ ᠮᠧᠲᠷ ᠤᠨ ᠤᠨᠠᠯᠲᠠ 191.4 ᠺᠢᠯᠣᠭ᠍ᠷᠠᠮ ᠪᠠᠶᠢᠵᠤ᠂ ︽ᠢᠦᠢ ᠳ᠋ᠸᠦ 22 ᠳ᠋ᠤᠭᠠᠷ︾ ᠤᠨ ᠬᠢ ᠠᠴᠠ 1.6% ᠪᠠᠷ ᠨᠡᠮᠡᠭᠳᠡᠵᠡᠢ᠃      ᠲᠠᠷᠢᠵᠤ ᠪᠣᠶᠢᠵᠢᠭᠤᠯᠬᠤ ᠭᠤᠣᠯᠳᠠᠯᠭ᠎ᠠ      ᠳᠠᠷᠢᠬᠤ ᠬᠤᠭᠤᠴᠠᠭ᠎ᠠ ᠨᠢ 6 ᠰᠠᠷ᠎ᠠ ᠶᠢᠨ ᠳᠤᠮᠳᠠᠴᠢ᠂ 667 ᠲᠡᠭᠰᠢ ᠳᠥᠷᠪᠡᠯᠵᠢᠨ ᠮᠧᠲᠷ ᠪᠦᠷᠢ ᠳᠤ 4~5 ᠺᠢᠯᠣᠭ᠍ᠷᠠᠮ ᠳᠠᠷᠢᠨ᠎ᠠ︔ ᠳᠤᠮᠳᠠᠴᠢ ᠮᠥᠷ ᠪᠦᠷᠢ ᠶᠢᠨ ᠵᠠᠢ ᠨᠢ 0.4 ᠮᠧᠲᠷ᠂ ᠤᠷᠭᠤᠮᠠᠯ ᠤᠨ ᠵᠠᠢ ᠨᠢ 0.13 ~ 0.15 ᠮᠧᠲᠷ ᠪᠠᠶᠢᠵᠤ᠂ ᠴᠢᠬᠢᠯᠡᠭᠰᠡᠨ ᠤ ᠳᠠᠷᠠᠭ᠎ᠠ ᠪᠠ ᠴᠠᠭ ᠲᠤᠬᠠᠢ ᠳᠤ ᠨᠢ ᠴᠢᠬᠢ ᠰᠠᠭᠤᠯᠭᠠᠵᠤ᠂ ᠴᠢᠬᠢ ᠲᠤᠭᠲᠠᠭᠠᠵᠤ᠂ 667 ᠲᠡᠭᠰᠢ ᠳᠥᠷᠪᠡᠯᠵᠢᠨ ᠮᠧᠲᠷ ᠪᠦᠷᠢ ᠳᠤ 1.1 ᠲᠦᠮᠡᠨ ᠰᠠᠭᠤᠷᠢ ᠴᠢᠬᠢ ᠦᠯᠡᠳᠡᠭᠡᠨ᠎ᠡ᠃ ᠡᠮᠦᠨ᠎ᠡ ᠠᠴᠠ ᠨᠢ ᠡᠵᠡᠮᠳᠡᠵᠦ ᠬᠤᠶᠢᠨ᠎ᠠ ᠠᠴᠠ ᠨᠢ ᠠᠬᠢᠭᠤᠯᠬᠤ ᠶᠢ ᠠᠩᠬᠠᠷᠴᠤ᠂ ᠰᠠᠯᠠᠭᠠᠯᠠᠨ ᠴᠡᠴᠡᠭᠯᠡᠬᠦ ᠬᠤᠭᠤᠴᠠᠭ᠎ᠠ ᠶᠢᠨ ᠬᠥᠭᠵᠢᠯᠲᠡ ᠶᠢᠨ ᠬᠡᠮᠵᠢᠶ᠎ᠡ ᠶᠢ ᠬᠢᠵᠠᠭᠠᠷᠯᠠᠬᠤ ᠬᠡᠷᠡᠭᠲᠡᠢ︔ ᠪᠤᠷᠴᠠᠭ ᠤᠨ ᠡᠰᠢ ᠶᠢᠨ ᠬᠤᠷᠤᠬᠠᠢ ᠬᠦᠨᠳᠦ ᠡᠭᠦᠰᠦᠭᠰᠡᠨ ᠭᠠᠵᠠᠷ ᠢ ᠴᠢᠬᠢᠯᠡᠭᠰᠡᠨ ᠤ ᠳᠠᠷᠠᠭ᠎ᠠ10 ~ 15 ᠡᠳᠦᠷ ᠪᠤᠶᠤ ᠪᠤᠷᠴᠠᠭ ᠤᠨ ᠡᠰᠢ ᠶᠢᠨ ᠬᠤᠷᠣᠬᠠᠢ ᠲᠤᠮᠤᠷᠠᠵᠦ ᠳᠡᠯᠭᠡᠷᠡᠬᠦ ᠬᠤᠭᠤᠴᠠᠭᠠᠨ ᠳᠤ ᠴᠠᠭ ᠲᠤᠬᠠᠢ ᠳᠤᠨᠢ ᠡᠮ ᠢᠶᠠᠷ ᠭᠤᠣᠯᠳᠠᠯᠭ᠎ᠠ ᠲᠠᠢ ᠰᠡᠷᠭᠡᠶᠢᠯᠡᠨ ᠵᠠᠰᠠᠬᠤ ᠬᠡᠷᠡᠭᠲᠡᠢ᠃      ᠲᠣᠬᠢᠷᠠᠮᠵᠢᠲᠠᠢ ᠭᠠᠵᠠᠷ ᠣᠷᠣᠨ      ᠲᠤᠰ ᠡᠭᠦᠯᠳᠡᠷ ᠢ ᠾᠧᠨᠠᠨ ᠮᠤᠵᠢ ᠶᠢᠨ ᠭᠧ ᠰᠢᠶᠠ ᠰᠢᠷ᠎ᠠ ᠪᠤᠷᠴᠠᠭ ᠤᠨ ᠣᠷᠣᠨ ᠳᠤ ᠲᠠᠷᠢᠬᠤ ᠳᠤ ᠲᠣᠬᠢᠷᠠᠮᠵᠢᠲᠠᠢ᠃ 
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号