ᠫᠷᠣᠭ᠌ᠷᠠᠮ ᠨᠠᠢᠷᠠᠭᠤᠯᠵᠤ᠂ ᠲᠥᠬᠦᠭᠡᠷᠦᠮᠵᠢ ᠣᠷᠣᠭᠤᠯᠤᠭᠰᠠᠨ᠎ᠠᠴᠠ ᠠᠵᠤ ᠦᠢᠯᠡᠳᠪᠦᠷᠢ᠎ᠶᠢᠨ ᠮᠠᠰᠢᠨ ᠬᠥᠮᠥᠨ ᠭᠠᠷ ᠬᠥᠳᠡᠯᠭᠡᠨ᠂ ᠵᠠᠷᠯᠢᠭ᠋ ᠶᠣᠰᠣᠭᠠᠷ ᠵᠥᠭᠡᠭᠡᠪᠦᠷᠢᠯᠡᠬᠦ᠂ ᠲᠣᠨᠣᠭᠯᠠᠬᠤ᠂ ᠭᠠᠩᠨᠠᠬᠤ ᠵᠡᠷᠭᠡ ᠡᠭᠦᠷᠭᠡ᠎ᠶᠢ ᠪᠡᠶᠡᠯᠡᠭᠦᠯᠦᠨ᠎ᠡ ᠁ ᠭᠤᠸᠠᠩᠵᠧᠦ ᠬᠤᠳᠠ᠎ᠶᠢᠨ ᠮᠠᠰᠢᠨ ᠴᠠᠬᠢᠯᠭᠠᠨ᠎ᠤ ᠮᠡᠷᠭᠡᠵᠢᠯᠲᠡᠨ᠎ᠦ ᠳᠡᠭᠡᠳᠦ ᠰᠤᠷᠭᠠᠭᠤᠯᠢ᠎ᠶᠢᠨ ᠬᠦᠰᠡᠯ ᠵᠡᠭᠦᠳᠦ᠎ᠪᠡᠨ ᠲᠡᠷᠭᠡᠯᠰᠢᠭᠦᠯᠬᠦ ᠠᠰᠠᠷ᠎ᠲᠤ᠂ 21 ᠨᠠᠰᠤᠲᠠᠢ ᠠᠵᠤ ᠦᠢᠯᠡᠳᠪᠦᠷᠢ᠎ᠶᠢᠨ ᠮᠠᠰᠢᠨ ᠬᠥᠮᠥᠨ᠎ᠦ ᠬᠡᠷᠡᠭᠯᠡᠭᠡ ᠪᠣᠯᠣᠨ ᠬᠠᠮᠠᠭᠠᠯᠠᠯᠲᠠ᠎ᠶᠢᠨ ᠲᠤᠰᠬᠠᠢ ᠮᠡᠷᠭᠡᠵᠢᠯ᠎ᠦᠨ ᠰᠤᠷᠤᠭ᠍ᠴᠢ ᠴᠧᠨ ᠵᠢᠩ ᠴᠢᠨ ᠤᠷᠤᠯᠳᠤᠭᠠᠨ᠎ᠳᠤ ᠪᠡᠯᠡᠳᠬᠡᠵᠦ ᠪᠠᠢᠯ᠎ᠠ᠃ ᠣᠷᠳᠣ᠌ ᠬᠤᠭᠤᠴᠠᠭᠠᠨ᠎ᠤ ᠪᠣᠯᠪᠠᠰᠤᠷᠠᠯ᠎ᠢᠶᠠᠷ ᠳᠡᠮᠵᠢᠨ ᠂ ᠲᠡᠷᠡ ᠮᠠᠰᠢᠨ ᠬᠥᠮᠥᠨ᠎ᠦ ᠫᠷᠣᠭ᠌ᠷᠠᠮ᠎ᠤᠨ ᠠᠰᠠᠭᠤᠳᠠᠯ᠎ᠢ ᠲᠦᠷᠭᠡᠨ ᠰᠢᠢᠳᠪᠦᠷᠢᠯᠡᠵᠦ ᠂ ᠮᠠᠰᠢᠨ ᠬᠥᠮᠥᠨ᠎ᠦ ᠳᠠᠰᠬᠠᠯ᠎ᠢ ᠣᠨᠣᠪᠴᠢᠲᠠᠶ ᠡᠵᠡᠮᠳᠡᠵᠦ ᠴᠢᠳᠠᠨ᠎ᠠ ᠂ ᠲᠡᠷᠡ ᠄ 《 ᠪᠢ ᠭᠤᠷᠪᠠᠳᠤᠭᠠᠷ ᠬᠤᠭᠤᠴᠠᠭᠠᠨ᠎ᠤ ᠪᠥᠬᠥ ᠤᠯᠤᠰ᠎ᠤᠨ ᠤᠷ᠎ᠠ ᠮᠡᠷᠭᠡᠵᠢᠯ᠎ᠦᠨ ᠶᠡᠬᠡ ᠤᠷᠤᠯᠳᠤᠭᠠᠨ᠎ᠳᠤ ᠱᠠᠩᠨᠠᠯ᠎ᠤᠨ ᠮᠧᠳᠠᠯ ᠣᠯᠵᠤ ᠂ ᠢᠷᠡᠬᠦ ᠵᠢᠯ᠎ᠦᠨ ᠳᠡᠯᠡᠬᠡᠢ᠎ᠶᠢᠨ ᠤᠷ᠎ᠠ ᠮᠡᠷᠭᠡᠵᠢᠯ᠎ᠦᠨ ᠶᠡᠬᠡ ᠤᠷᠤᠯᠳᠤᠭᠠᠨ᠎ᠳᠤ ᠣᠷᠣᠯᠴᠠᠬᠤ᠎ᠪᠠᠷ ᠴᠢᠷᠮᠠᠢᠨ᠎ᠠ 》 ᠭᠡᠵᠡᠢ᠃
ᠭᠤᠸᠠᠩᠵᠧᠦ ᠬᠣᠲᠠ᠎ᠶᠢᠨ ᠮᠠᠰᠢᠨ ᠴᠠᠬᠢᠯᠭᠠᠨ᠎ᠤ ᠮᠠᠰᠲᠧᠷ᠎ᠦᠨ ᠳᠡᠭᠡᠳᠦ ᠰᠤᠷᠭᠠᠭᠤᠯᠢ ᠪᠣᠯ ᠤᠯᠤᠰ᠎ᠤᠨ ᠳᠣᠲᠣᠭᠠᠳᠤ᠎ᠳᠤ ᠬᠠᠮᠤᠭ᠎ᠤᠨ ᠡᠷᠲᠡ ᠠᠵᠤ ᠦᠢᠯᠡᠳᠪᠦᠷᠢ᠎ᠶᠢᠨ ᠮᠠᠰᠢᠨ ᠬᠥᠮᠥᠨ᠎ᠦ ᠬᠡᠷᠡᠭᠯᠡᠭᠡ ᠪᠠ ᠬᠠᠮᠠᠭᠠᠯᠠᠯᠲᠠ᠎ᠶᠢᠨ ᠲᠤᠰᠬᠠᠢ ᠮᠡᠷᠭᠡᠵᠢᠯ᠎ᠢ ᠨᠡᠭᠡᠭᠡᠭᠰᠡᠨ ᠮᠡᠷᠭᠡᠵᠢᠯ᠎ᠦᠨ ᠠᠵᠢᠯᠲᠠᠨ᠎ᠤ ᠳᠡᠭᠡᠳᠦ ᠰᠤᠷᠭᠠᠭᠤᠯᠢ᠎ᠶᠢᠨ ᠨᠢᠭᠡ ᠪᠠᠢᠵᠤ ᠂ ᠨᠢᠭᠡᠨᠲᠡ ᠮᠢᠩᠭ᠎ᠠ ᠭᠠᠷᠤᠢ ᠬᠠᠮᠢᠶ᠎ᠠ ᠪᠦᠬᠦᠢ ᠮᠡᠷᠭᠡᠵᠢᠯ᠎ᠦᠨ ᠴᠢᠳᠠᠪᠤᠷᠢᠲᠠᠨ᠎ᠢ ᠬᠥᠮᠥᠵᠢᠭᠦᠯᠵᠡᠢ ᠃ ᠲᠣᠰ ᠰᠤᠷᠭᠠᠭᠤᠯᠢ᠎ᠶᠢᠨ ᠪᠠᠭ᠍ᠰᠢ ᠂ ᠮᠠᠰᠢᠨ ᠬᠥᠮᠥᠨ᠎ᠦ ᠰᠢᠰᠲᠧᠮ᠎ᠦᠨ ᠬᠤᠷᠠᠮᠠᠯ ᠤᠷᠤᠯᠳᠤᠭᠠᠨ᠎ᠤ ᠵᠦᠢᠯ᠎ᠦᠨ ᠰᠤᠷᠭᠠᠭ᠍ᠴᠢ ᠯᠢᠨ ᠴᠢᠨ ᠱᠢ ᠲᠠᠨᠢᠯᠴᠠᠭᠤᠯᠬᠤ᠎ᠳᠠᠭᠠᠨ ᠂ ᠰᠤᠷᠭᠠᠭᠤᠯᠢ ᠬᠢᠭᠡᠳ ᠠᠵᠤ ᠠᠬᠤᠢᠯᠠᠯ ᠭᠦᠨᠵᠡᠭᠡᠢ ᠬᠠᠮᠲᠤᠷᠠᠨ ᠠᠵᠢᠯᠯᠠᠵᠤ ᠂ ᠰᠤᠷᠤᠭ᠍ᠴᠢᠳ ᠬᠢᠴᠢᠶᠡᠯ᠎ᠢᠶᠡᠨ ᠳᠠᠭᠤᠰᠬᠠᠭᠰᠠᠨ᠎ᠤ ᠳᠠᠷᠠᠭ᠎ᠠ ᠪᠠᠰᠠ ᠠᠵᠤ ᠠᠬᠤᠢᠯᠠᠯ᠎ᠳᠤ ᠣᠴᠢᠵᠤ ᠠᠵᠢᠯ᠎ᠤᠨ ᠪᠠᠢᠷᠢ ᠣᠷᠣᠯᠠᠨ ᠳᠠᠳᠤᠯᠭ᠎ᠠ ᠬᠢᠬᠦ ᠂ ᠲᠤᠷᠰᠢᠯᠲᠠ᠎ᠶᠢᠨ ᠲᠥᠬᠦᠭᠡᠷᠦᠮᠵᠢ᠎ᠪᠡᠨ ᠬᠠᠮᠠᠭᠠᠯᠠᠬᠤ ᠂ ᠮᠡᠷᠭᠡᠵᠢᠯ᠎ᠦᠨ ᠲᠣᠬᠢᠷᠠᠭᠤᠯᠤᠯᠲᠠ ᠬᠢᠬᠦ ᠵᠡᠷᠭᠡ ᠠᠵᠢᠯ ᠬᠢᠨ᠎ᠡ ᠂ 《 ᠣᠶᠤᠨᠴᠢ ᠦᠢᠯᠡᠳᠬᠦ ᠦᠢᠯᠡᠰ᠎ᠤᠨ ᠲᠦᠷᠭᠡᠨ ᠲᠦᠭᠡᠮᠡᠯᠵᠢᠯᠡᠯᠳᠡ᠎ᠡᠴᠡ ᠪᠣᠯᠵᠤ ᠮᠠᠨ᠎ᠤ ᠰᠤᠷᠤᠭ᠍ᠴᠢᠳ᠎ᠤᠨ ᠬᠠᠩᠭᠠᠯᠭ᠎ᠠ ᠨᠢ ᠬᠡᠷᠡᠭᠴᠡᠭᠡ᠎ᠳᠡᠭᠡᠨ ᠬᠦᠷᠬᠦ ᠦᠭᠡᠢ ᠪᠠᠢᠨ᠎ᠠ 》 ᠭᠡᠵᠡᠢ᠃
9 ᠰᠠᠷ᠎ᠠ᠎ᠶᠢᠨ 19᠎ᠦ ᠡᠳᠦᠷ ᠂ ᠭᠤᠷᠪᠠᠳᠤᠭᠠᠷ ᠬᠤᠭᠤᠴᠠᠭᠠᠨ᠎ᠤ ᠪᠥᠬᠥ ᠤᠯᠤᠰ᠎ᠤᠨ ᠤᠷ᠎ᠠ ᠮᠡᠷᠭᠡᠵᠢᠯ᠎ᠦᠨ ᠤᠷᠤᠯᠳᠤᠭᠠᠨ ᠾᠧᠨᠠᠨ᠎ᠳᠤ ᠡᠬᠢᠯᠡᠬᠦ᠎ᠪᠡᠷ ᠲᠥᠯᠥᠪᠯᠡᠵᠦ ᠂ ᠥᠷᠭᠡᠨ ᠣᠯᠠᠨ ᠤᠷ᠎ᠠ ᠮᠡᠷᠭᠡᠵᠢᠯ᠎ᠦᠨ ᠴᠢᠳᠠᠪᠤᠷᠢᠲᠠᠨ᠎ᠳᠤ ᠨᠠᠷᠢᠯᠢᠭ᠋ ᠰᠠᠢᠬᠠᠨ ᠤᠷ᠎ᠠ ᠮᠡᠷᠭᠡᠵᠢᠯ᠎ᠢᠶᠡᠨ ᠳᠡᠯᠭᠡᠨ ᠦᠵᠡᠭᠦᠯᠬᠦ ᠲᠠᠪᠴᠠᠩ ᠬᠠᠩᠭᠠᠨ᠎ᠠ ᠃ 《 ᠠᠷᠪᠠᠨ ᠳᠥᠷᠪᠡᠳᠦᠭᠡᠷ ᠲᠠᠪᠤᠨ ᠵᠢᠯ》᠎ᠦᠨ ᠲᠥᠯᠦᠪᠵᠢᠭᠦᠯᠭᠡ᠎ᠡᠴᠡ ᠨᠠᠭᠠᠰᠢ ᠂ ᠮᠠᠨ᠎ᠤ ᠤᠯᠤᠰ ᠤᠷ᠎ᠠ ᠮᠡᠷᠭᠡᠵᠢᠯ᠎ᠦᠨ ᠴᠢᠳᠠᠪᠤᠷᠢᠲᠠᠨ᠎ᠢ ᠬᠥᠮᠥᠵᠢᠭᠦᠯᠬᠦ᠎ᠳᠦ ᠶᠠᠮᠠᠷ ᠶᠠᠮᠠᠷ ᠠᠵᠢᠯ᠎ᠤᠳ᠎ᠢ ᠥᠷᠨᠢᠭᠦᠯᠦᠭᠰᠡᠨ ᠪᠣᠶ ? ᠶᠠᠮᠠᠷ ᠠᠬᠢᠴᠠ᠎ᠲᠠᠢ ᠪᠣᠯᠤᠭᠰᠠᠨ ᠪᠤᠢ?
《 ᠰᠢᠨ᠎ᠡ ᠴᠢᠨᠠᠷ᠎ᠤᠨ ᠦᠢᠯᠡᠳᠪᠦᠷᠢᠯᠡᠯ᠎ᠦᠨ ᠬᠦᠴᠦᠨ᠎ᠢ ᠲᠦᠷᠭᠡᠨ ᠬᠥᠭᠵᠢᠭᠦᠯᠬᠦ᠎ᠳᠦ᠂ ᠡᠭᠦᠨ᠎ᠲᠠᠢ ᠵᠣᠬᠢᠴᠠᠯᠳᠤᠭᠰᠠᠨ ᠰᠢᠨ᠎ᠡ ᠮᠠᠶᠢᠭ᠋᠎ᠤᠨ ᠬᠥᠳᠡᠯᠮᠦᠷᠢᠴᠢᠨ᠎ᠦ ᠡᠩᠨᠡᠭᠡ᠎ᠶᠢ ᠪᠠᠶ᠋ᠢᠭᠤᠯᠬᠤ ᠴᠢᠬᠤᠯᠠᠲᠠᠢ 》᠃ 《 ᠠᠷᠪᠠᠨ ᠳᠥᠷᠪᠡᠳᠦᠭᠡᠷ ᠲᠠᠪᠤᠨ ᠵᠢᠯ》᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠤ᠂ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠶᠠᠮᠤᠨ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠠᠢ ᠬᠠᠮᠲᠤᠷᠠᠨ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠪᠣᠯᠪᠠᠰᠤᠷᠠᠯ ᠪᠠ ᠮᠡᠷᠭᠡᠵᠢᠯ᠎ᠦᠨ ᠠᠵᠢᠯᠴᠢᠨ᠎ᠤ ᠰᠤᠷᠭᠠᠨ ᠬᠥᠮᠦᠵᠢᠯ ᠭᠡᠬᠦ ᠬᠣᠶᠠᠷ 〈 ᠠᠷᠪᠠᠨ ᠳᠥᠷᠪᠡᠳᠦᠭᠡᠷ ᠲᠠᠪᠤᠨ ᠵᠢᠯ 〉᠎ᠦᠨ ᠲᠥᠯᠦᠪᠵᠢᠭᠦᠯᠭᠡ᠎ᠶᠢ ᠨᠠᠢᠷᠠᠭᠤᠯᠤᠨ ᠬᠡᠷᠡᠭᠵᠢᠭᠦᠯᠵᠦ᠂ 〈 ᠰᠢᠨ᠎ᠡ ᠨᠠᠢ᠍ᠮᠠᠨ ᠳᠡᠰ᠎ᠤᠨ ᠠᠵᠢᠯᠴᠢᠨ 〉᠂ ᠳᠡᠭᠡᠳᠦ ᠤᠷ᠎ᠠ ᠮᠡᠷᠭᠡᠵᠢᠯᠲᠦ ᠳᠠᠭᠠᠭᠤᠯᠤᠭ᠍ᠴᠢ ᠴᠢᠳᠠᠪᠤᠷᠢᠲᠠᠨ᠎ᠢ ᠬᠥᠮᠥᠵᠢᠭᠦᠯᠬᠦ ᠵᠡᠷᠭᠡ ᠰᠢᠷᠢᠰ ᠲᠦᠷᠦ᠎ᠶᠢᠨ ᠪᠣᠳᠣᠯᠭ᠎ᠠ ᠠᠷᠭ᠎ᠠ ᠬᠡᠮᠵᠢᠶ᠎ᠡ᠎ᠶᠢ ᠲᠣᠭᠲᠠᠭᠠᠵᠤ᠂ ᠤᠷ᠎ᠠ ᠮᠡᠷᠭᠡᠵᠢᠯᠲᠦ ᠴᠢᠳᠠᠪᠤᠷᠢᠲᠠᠨ᠎ᠤ ᠬᠥᠭᠵᠢᠯᠲᠡ᠎ᠶᠢ ᠠᠬᠢᠭᠤᠯᠬᠤ 〈 ᠲᠦᠷᠪᠡᠨ ᠨᠢᠷᠤᠭᠤ ᠨᠠᠢ᠍ᠮᠠᠨ ᠲᠤᠯᠭᠠᠭᠤᠷᠢ 〉᠎ᠶᠢᠨ ᠲᠦᠷᠦ᠎ᠶᠢᠨ ᠪᠣᠳᠣᠯᠭ᠎ᠠ᠎ᠶᠢᠨ ᠰᠢᠰᠲᠧᠮ᠎ᠢ ᠪᠦᠷᠢᠯᠳᠦᠭᠦᠯᠵᠦ᠂ ᠤᠷ᠎ᠠ ᠮᠡᠷᠭᠡᠵᠢᠯᠲᠦ ᠴᠢᠳᠠᠪᠤᠷᠢᠲᠠᠨ᠎ᠤ ᠡᠩᠨᠡᠭᠡ᠎ᠶᠢᠨ ᠶᠡᠷᠦᠩᠬᠡᠢ ᠬᠡᠮᠵᠢᠶ᠎ᠡ᠎ᠶᠢ ᠲᠠᠰᠤᠷᠠᠯᠳᠠ ᠦᠭᠡᠢ ᠥᠷᠭᠡᠳᠬᠡᠵᠦ᠂ ᠪᠦᠲᠦᠴᠡ᠎ᠶᠢ ᠦᠷᠭᠦᠯᠵᠢᠯᠡᠨ ᠰᠢᠯᠢᠳᠡᠭᠵᠢᠭᠦᠯᠵᠦ᠂ ᠠᠵᠤ ᠠᠬᠤᠢ ᠨᠡᠢᠭᠡᠮ᠎ᠦᠨ ᠬᠥᠭᠵᠢᠯᠲᠡ᠎ᠳᠦ ᠦᠢᠯᠡᠴᠢᠯᠡᠬᠦ ᠴᠢᠳᠠᠪᠤᠷᠢ᠎ᠶᠢ ᠤᠯᠠᠮ ᠨᠢᠭᠡ ᠠᠯᠬᠤᠮ ᠴᠢᠩᠭᠠᠳᠬᠠᠨ᠎ᠠ 》 ᠭᠡᠵᠦ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ ᠶᠢᠨ ᠶᠠᠮᠤᠨ᠎ᠤ ᠬᠠᠮᠢᠶ᠎ᠠ ᠪᠦᠬᠦᠢ ᠵᠤᠷᠭᠠᠨ ᠲᠣᠪᠴᠢᠶᠠᠨ᠎ᠤ ᠬᠠᠷᠢᠭᠤᠴᠠᠯᠭᠠᠲᠠᠨ ᠬᠡᠯᠡᠪᠡ᠃
ᠳᠡᠮᠵᠢᠯᠭᠡ ᠨᠢ ᠨᠡᠩ ᠢᠯᠡᠭᠦᠦ ᠬᠦᠴᠦᠨ᠎ᠲᠠᠢ᠃ 《 ᠪᠣᠯᠪᠠᠰᠤᠷᠠᠯ᠎ᠤᠨ ᠪᠠᠭ᠍ᠰᠢ ᠨᠠᠷᠢᠨ ᠨᠢᠮᠪᠠᠢ ᠵᠢᠭᠠᠵᠤ᠂ ᠮᠡᠳᠡᠯᠭᠡ᠎ᠶᠢᠨ ᠲᠠᠢᠯᠤᠮᠵᠢ᠎ᠶᠢ ᠰᠠᠢᠨ ᠬᠢᠭᠰᠡᠨ᠎ᠡᠴᠡ ᠪᠢ ᠮᠠᠰᠢ ᠤᠯᠠᠨ ᠶᠠᠭᠤᠮ᠎ᠠ ᠣᠯᠵᠤ ᠰᠤᠷᠴᠠᠢ᠃》 ᠣᠢᠷ᠎ᠠ᠎ᠳᠤ ᠂ ᠭᠠᠨᠰᠤ ᠮᠤᠵᠢ᠎ᠶᠢᠨ ᠦ᠋ ᠸᠧᠢ᠎ᠶᠢᠨ ᠬᠥ ᠯᠠᠩ ᠰᠢᠶᠠᠨ᠎ᠤ ᠣᠯᠠᠨ ᠨᠡᠶ᠋ᠢᠲᠡ᠎ᠶᠢᠨ ᠳᠠᠳᠤᠯᠭ᠎ᠠ ᠪᠣᠯᠪᠠᠰᠤᠷᠠᠯ᠎ᠤᠨ ᠰᠠᠭᠤᠷᠢᠨ ᠭᠠᠵᠠᠷ᠎ᠲᠤ ᠂ ᠰᠣᠷᠣᠭ᠍ᠴᠢ ᠸᠠᠩ ᠵᠧᠨ ᠪᠠᠭ᠍ᠰᠢ᠎ᠶᠢᠨ ᠵᠢᠯᠣᠭᠣᠳᠤᠯᠭ᠎ᠠ ᠳᠣᠣᠷ᠎ᠠ ᠤᠬᠤᠭᠤᠷ ᠮᠠᠰᠢᠨ᠎ᠤ ᠠᠵᠢᠯᠯᠠᠭ᠎ᠠ᠎ᠶᠢ ᠰᠤᠷᠤᠯᠴᠠᠵᠤ ᠪᠠᠢᠨ᠎ᠠ ᠃ ᠣᠳᠣᠬᠠᠨ᠎ᠳᠤ ᠂ ᠪᠥᠬᠥ ᠤᠯᠤᠰ᠎ᠲᠤ ᠨᠢᠭᠡᠨᠲᠡ 2440 ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ ᠂ 2.9 ᠲᠦᠮᠡᠨ ᠠᠷᠠᠳ᠎ᠠᠴᠠ ᠡᠷᠭᠢᠯᠡᠭᠰᠡᠨ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠪᠣᠯᠪᠠᠰᠤᠷᠠᠯ᠎ᠤᠨ ᠪᠠᠢᠭᠤᠯᠤᠮᠵᠢ ᠂ 505 ᠣᠯᠠᠨ ᠨᠡᠶ᠋ᠢᠲᠡ᠎ᠶᠢᠨ ᠳᠠᠳᠤᠯᠭ᠎ᠠ ᠪᠣᠯᠪᠠᠰᠤᠷᠠᠯ᠎ᠤᠨ ᠰᠠᠭᠤᠷᠢᠨ ᠭᠠᠵᠠᠷ᠎ᠲᠠᠢ ᠪᠣᠯᠵᠠᠢ ᠃ 《 ᠠᠷᠪᠠᠨ ᠳᠥᠷᠪᠡᠳᠦᠭᠡᠷ ᠲᠠᠪᠤᠨ ᠵᠢᠯ 》᠎ᠤᠨ ᠲᠥᠯᠦᠪᠵᠢᠭᠦᠯᠭᠡ᠎ᠡᠴᠡ ᠨᠠᠭᠠᠰᠢ ᠂ ᠪᠥᠬᠥ ᠤᠯᠤᠰ᠎ᠲᠤ ᠨᠡᠶ᠋ᠢᠲᠡ 4400 ᠭᠠᠷᠤᠢ ᠲᠦᠮᠡᠨ ᠬᠥᠮᠥᠨ ᠤᠳᠠᠭ᠎ᠠ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠲᠠᠰ᠎ᠤᠨ ᠦᠨᠡᠮᠯᠡᠯ ᠣᠯᠵᠤ ᠂ ᠣᠨᠴᠠ ᠲᠠᠰ᠎ᠤᠨ ᠮᠠᠰᠲᠧᠷ ᠂ ᠲᠦᠷᠦᠭᠦᠸ᠋ ᠮᠠᠰᠲᠧᠷ 6000 ᠭᠠᠷᠤᠢ ᠬᠥᠮᠥᠨ ᠤᠳᠠᠭ᠎ᠠ᠎ᠶᠢ ᠰᠢᠯᠭᠠᠷᠠᠭᠤᠯᠤᠨ ᠤᠷᠢᠭ᠍ᠰᠠᠨ ᠪᠠᠢᠨ᠎ᠠ᠃
ᠬᠦᠷᠢᠶ᠎ᠡ ᠬᠡᠪᠴᠢᠶ᠎ᠡ ᠨᠢ ᠨᠡᠩ ᠥᠷᠭᠡᠨ ᠳᠡᠯᠭᠡᠷ ᠃ 《 ᠴᠦᠩᠴᠢᠩ᠎ᠦᠨ ᠱᠠ ᠫᠢᠩ ᠪᠠ ᠲᠣᠭᠣᠷᠢᠭ᠋᠎ᠤᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠰᠠᠯᠠᠭ᠎ᠠ ᠮᠥᠴᠢᠷ᠎ᠦᠨ ᠵᠣᠬᠢᠶᠠᠨ ᠪᠠᠢᠭᠤᠯᠤᠭᠰᠠᠨ ᠬᠠᠮ ᠵᠠᠭᠤᠴᠢᠯᠠᠭᠤᠷ᠎ᠤᠨ ᠡᠵᠡᠩᠨᠡᠯᠲᠡ᠎ᠶᠢᠨ ᠮᠡᠷᠭᠡᠵᠢᠯᠲᠡᠨ᠎ᠦ ᠪᠣᠯᠪᠠᠰᠤᠷᠠᠯ᠎ᠤᠨ ᠲᠦᠷᠦᠯ ᠵᠦᠢᠯ᠎ᠳᠦ ᠣᠷᠣᠯᠴᠠᠬᠤ᠎ᠪᠠᠷ ᠳᠠᠮᠵᠢᠨ᠂ ᠪᠢ ᠪᠡᠶ᠎ᠡ᠎ᠪᠡᠨ ᠳᠠᠭᠠᠭᠠᠵᠤ ᠦᠢᠯᠡᠰ ᠪᠣᠰᠬᠠᠬᠤ᠎ᠶᠢ ᠠᠮᠵᠢᠯᠲᠠ᠎ᠲᠠᠢ ᠪᠡᠶᠡᠯᠡᠭᠦᠯᠵᠦ᠂ ᠤᠳᠤ ᠰᠠᠷ᠎ᠠ᠎ᠶᠢᠨ ᠣᠷᠣᠯᠭ᠎ᠠ 3 ᠲᠦᠮᠡᠨ ᠲᠥᠭᠥᠷᠢᠭ᠎ᠲᠦ ᠬᠦᠷᠴᠦ ᠪᠠᠢᠨ᠎ᠠ 》 ᠭᠡᠵᠦ 《 00 ᠬᠣᠵᠢᠳ 》 ᠨᠢᠶᠧ ᠬᠤᠸᠠ ᠬᠡᠯᠡᠪᠡ᠃ ᠮᠠᠨ᠎ᠤ ᠤᠯᠤᠰ ᠤᠷᠢᠳ ᠬᠣᠵᠢᠳ ᠦᠢᠯᠡᠳᠬᠦ ᠦᠢᠯᠡᠰ᠎ᠦᠨ ᠤᠷ᠎ᠠ ᠴᠢᠳᠠᠪᠤᠷᠢ᠎ᠶᠢᠨ ᠰᠠᠭᠤᠷᠢ ᠂ ᠲᠣᠭᠠᠴᠢᠯᠠᠭᠰᠠᠨ ᠴᠢᠳᠠᠪᠤᠷᠢᠲᠠᠨ᠎ᠢ ᠬᠥᠮᠥᠵᠢᠭᠦᠯᠬᠦ ᠂ ᠣᠷᠳᠣ᠌ ᠬᠤᠭᠤᠴᠠᠭ᠎ᠠ᠎ᠪᠠᠷ ᠬᠠᠷᠠᠭᠠᠯᠵᠠᠨ ᠠᠰᠠᠷᠠᠬᠤ ᠵᠡᠷᠭᠡ ᠲᠤᠰᠬᠠᠢ ᠪᠣᠯᠪᠠᠰᠤᠷᠠᠯ᠎ᠤᠨ ᠲᠥᠯᠥᠪᠯᠡᠭᠡ᠎ᠶᠢ ᠵᠣᠬᠢᠶᠠᠨ ᠪᠠᠢᠭᠤᠯᠤᠨ ᠬᠡᠷᠡᠭᠵᠢᠭᠦᠯᠵᠦ ᠂ ᠳᠡᠭᠡᠳᠦ ᠨᠠᠷᠢᠯᠢᠭ᠋ ᠣᠷᠣᠢᠯᠠᠭᠰᠠᠨ ᠠᠵᠤ ᠦᠢᠯᠡᠰ ᠬᠢᠭᠡᠳ ᠣᠲᠣ᠌ ᠦᠶ᠎ᠡ᠎ᠶᠢᠨ ᠦᠢᠯᠡᠴᠢᠯᠡᠭᠡᠨ᠎ᠦ ᠦᠢᠯᠡᠰ᠎ᠲᠦ ᠨᠠᠩ ᠣᠯᠠᠨ ᠤᠷ᠎ᠠ ᠮᠡᠷᠭᠡᠵᠢᠯ᠎ᠦᠨ ᠴᠢᠳᠠᠪᠤᠷᠢᠲᠠᠨ᠎ᠢ ᠬᠥᠮᠥᠵᠢᠭᠦᠯᠵᠦ ᠥᠭᠭᠦᠭᠰᠡᠨ ᠪᠠᠢᠨ᠎ᠠ᠃
ᠦᠢᠯᠡᠴᠢᠯᠡᠭᠡ ᠨᠢ ᠨᠡᠩ ᠪᠦᠲᠦᠮᠵᠢᠲᠡᠶ ᠃ 《 ᠳᠠᠷᠤᠬᠤ᠎ᠳᠠᠭᠠᠨ ᠬᠦᠴᠦᠯᠡᠴᠡ᠎ᠶᠢ ᠨᠢ ᠠᠩᠬᠠᠷᠴᠤ᠂ ᠮᠢᠨᠦ᠋ᠲ ᠪᠦᠷᠢᠳᠦ 100᠎ᠠᠴᠠ 120 ᠤᠳᠠᠭ᠎ᠠ᠎ᠶᠢᠨ ᠳᠠᠪᠲᠠᠮᠵᠢ᠎ᠶᠢ ᠪᠠᠲᠤᠯᠠᠬᠤ ᠬᠡᠷᠡᠭᠲᠡᠢ᠃ 》 7 ᠰᠠᠷ᠎ᠠ᠎ᠶᠢᠨ ᠰᠡᠭᠦᠯᠴᠢ᠎ᠪᠡᠷ ᠂ ᠬᠠᠢᠨᠠᠨ᠎ᠤ ᠬᠠᠢᠺᠧᠦ ᠵᠢᠨ ᠠᠢ ᠱᠠᠩ ᠪᠦᠦ ᠪᠧᠢ ᠠᠵᠢᠯ ᠮᠡᠷᠭᠡᠵᠢᠯ᠎ᠦᠨ ᠪᠣᠯᠪᠠᠰᠤᠷᠠᠯ᠎ᠤᠨ ᠲᠥᠪ᠎ᠲᠦ 10 ᠭᠠᠷᠤᠢ ᠠᠵᠢᠯᠲᠠᠨ ᠡᠷᠡᠭᠦᠯ ᠮᠡᠨᠳᠦ᠎ᠶᠢᠨ ᠬᠠᠷᠠᠭᠠᠯᠵᠠᠨ ᠬᠠᠮᠠᠭᠠᠯᠠᠭ᠍ᠴᠢ᠎ᠶᠢᠨ ᠤᠷ᠎ᠠ ᠮᠡᠷᠭᠡᠵᠢᠯ᠎ᠢ ᠰᠢᠮᠳᠠᠨ ᠪᠣᠯᠪᠠᠰᠤᠷᠠᠨ᠎ᠠ ᠃《 ᠰᠤᠷᠤᠭ᠍ᠴᠢᠳ ᠬᠢᠨᠠᠨ ᠰᠢᠯᠭᠠᠵᠤ ᠭᠡᠷᠡᠴᠢ ᠠᠪᠤᠭᠰᠠᠨ᠎ᠤ ᠳᠠᠷᠠᠭ᠎ᠠ ᠪᠢᠳᠡ ᠨᠥᠬᠥᠪᠦᠷᠢ ᠠᠪᠬᠤ᠎ᠪᠠᠷ ᠭᠤᠶᠤᠴᠢᠯᠠᠵᠤ ᠪᠣᠯᠣᠨ᠎ᠠ ᠃ 》 ᠪᠣᠯᠪᠠᠰᠤᠷᠠᠯ᠎ᠤᠨ ᠲᠥᠪ᠎ᠦᠨ ᠵᠠᠬᠢᠷᠤᠯ᠎ᠶᠢᠨ ᠴᠤᠸᠠᠨ ᠬᠣᠩ ᠬᠡᠯᠡᠬᠦ᠎ᠳᠡᠭᠡᠨ ᠂ ᠨᠥᠬᠥᠪᠦᠷᠢ ᠥᠭᠬᠦ ᠲᠥᠷᠥ᠎ᠶᠢᠨ ᠪᠣᠳᠣᠯᠭ᠎ᠠ᠎ᠶᠢᠨ ᠠᠴᠢ᠎ᠪᠠᠷ ᠭᠡᠷ ᠠᠬᠤᠢ᠎ᠶᠢᠨ ᠦᠢᠯᠡᠴᠢᠯᠡᠭᠡᠨ᠎ᠦ ᠠᠵᠤ ᠠᠬᠤᠢᠯᠠᠯ᠎ᠤᠨ ᠵᠣᠬᠢᠶᠠᠨ ᠪᠠᠢᠭᠤᠯᠤᠯᠲᠠ᠎ᠶᠢᠨ ᠪᠣᠯᠪᠠᠰᠤᠷᠠᠯ᠎ᠤᠨ ᠢᠳᠡᠪᠬᠢᠵᠢᠯ ᠨᠠᠩ ᠥᠨᠳᠥᠷ ᠪᠣᠯᠵᠠᠢ᠃ 《 ᠠᠷᠪᠠᠨ ᠳᠥᠷᠪᠡᠳᠦᠭᠡᠷ ᠲᠠᠪᠤᠨ ᠵᠢᠯ 》᠎ᠦᠨ ᠲᠥᠯᠦᠪᠵᠢᠭᠦᠯᠭᠡ᠎ᠡᠴᠡ ᠨᠠᠭᠠᠰᠢ ᠂ ᠮᠠᠨ᠎ᠤ ᠤᠯᠤᠰ ᠨᠥᠬᠥᠪᠦᠷᠢ᠎ᠶᠢᠨ ᠴᠢᠨᠠᠷᠲᠠᠢ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠪᠣᠯᠪᠠᠰᠤᠷᠠᠯ᠎ᠢ ᠨᠡᠶ᠋ᠢᠲᠡ 9200 ᠭᠠᠷᠤᠢ ᠲᠦᠮᠡᠨ ᠬᠥᠮᠥᠨ ᠤᠳᠠᠭ᠎ᠠ ᠵᠣᠬᠢᠶᠠᠨ ᠪᠠᠢᠭᠤᠯᠤᠨ ᠥᠷᠨᠢᠭᠦᠯᠵᠦ ᠂ ᠭᠣᠣᠯᠳᠠᠯᠭ᠎ᠠ᠎ᠲᠠᠢ ᠬᠥᠮᠥᠰ᠎ᠤᠨ ᠤᠷ᠎ᠠ ᠮᠡᠷᠭᠡᠵᠢᠯ᠎ᠦᠨ ᠬᠢᠷᠢ ᠲᠦᠪᠰᠢᠨ᠎ᠢ ᠡᠷᠴᠢᠮ ᠲᠡᠢ ᠳᠡᠭᠡᠭᠰᠢᠯᠡᠭᠦᠯᠪᠡ᠃
ᠤᠷᠤᠯᠳᠤᠭᠠᠨ᠎ᠤ ᠶᠠᠪᠤᠳᠠᠯ ᠨᠡᠩ ᠭᠣᠢᠳᠠ ᠰᠠᠢᠬᠠᠨ ᠃ 《 ᠠᠷᠪᠠᠨ ᠳᠥᠷᠪᠡᠳᠦᠭᠡᠷ ᠲᠠᠪᠤᠨ ᠵᠢᠯ 》᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠤ᠂ ᠮᠠᠨ᠎ᠤ ᠤᠯᠤᠰ ᠪᠦᠯᠬᠦᠮ ᠵᠣᠬᠢᠶᠠᠨ ᠪᠠᠢᠭᠤᠯᠵᠤ ᠬᠣᠶᠠᠷ ᠬᠤᠭᠤᠴᠠᠭᠠᠨ᠎ᠤ ᠳᠡᠯᠡᠬᠡᠢ᠎ᠶᠢᠨ ᠤᠷ᠎ᠠ ᠮᠡᠷᠭᠡᠵᠢᠯ᠎ᠦᠨ ᠶᠡᠬᠡ ᠤᠷᠤᠯᠳᠤᠭᠠᠨ᠎ᠳᠤ ᠣᠷᠣᠯᠴᠠᠵᠤ᠂ ᠠᠯᠲᠠᠨ ᠮᠧᠳᠠᠯ᠎ᠤᠨ ᠲᠣᠭ᠎ᠠ᠂ ᠪᠦᠯᠬᠦᠮ᠎ᠦᠨ ᠶᠡᠷᠦᠩᠬᠡᠢ ᠬᠤᠪᠢ ᠳᠡᠯᠡᠬᠡᠢ᠎ᠶᠢᠨ ᠨᠢᠭᠡᠳᠦᠭᠡᠷ᠎ᠲᠦ ᠣᠷᠣᠵᠤ᠂ ᠬᠣᠶᠠᠷ ᠬᠤᠭᠤᠴᠠᠭᠠᠨ᠎ᠤ ᠪᠦᠬᠦ ᠤᠯᠤᠰ᠎ᠤᠨ ᠤᠷ᠎ᠠ ᠮᠡᠷᠭᠡᠵᠢᠯ᠎ᠦᠨ ᠶᠡᠬᠡ ᠤᠷᠤᠯᠳᠤᠭᠠᠨ᠎ᠢ ᠡᠷᠬᠢᠯᠡᠵᠦ᠂ ᠪᠦᠬᠦ ᠤᠯᠤᠰ᠎ᠤᠨ ᠠᠵᠢᠯ ᠲᠦᠷᠦᠯ᠎ᠦᠨ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠤᠷᠤᠯᠳᠤᠭᠠᠨ ᠪᠠ ᠮᠤᠵᠢ᠎ᠶᠢᠨ ᠱᠠᠲᠤᠨ᠎ᠤ ᠶᠡᠷᠦᠩᠬᠡᠢᠯᠡᠭᠰᠡᠨ ᠴᠢᠨᠠᠷᠲᠠᠢ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠤᠷᠤᠯᠳᠤᠭᠠᠨ᠎ᠢ ᠥᠷᠭᠡᠨ᠎ᠢᠶᠡᠷ ᠵᠣᠬᠢᠶᠠᠨ ᠪᠠᠢᠭᠤᠯᠵᠤ᠂ ᠡᠯ᠎ᠡ ᠱᠠᠲᠤᠨ᠎ᠤ ᠡᠯ᠎ᠡ ᠲᠦᠷᠦᠯ᠎ᠦᠨ ᠤᠷ᠎ᠠ ᠮᠡᠷᠭᠡᠵᠢᠯ᠎ᠦᠨ ᠤᠷᠤᠯᠳᠤᠭᠠᠨ᠎ᠢ ᠥᠷᠨᠢᠩᠭᠦᠢ᠎ᠪᠡᠷ ᠥᠷᠨᠢᠭᠦᠯᠵᠦ᠂ ᠵᠢᠯ ᠪᠦᠷᠢ ᠮᠢᠩᠭ᠎ᠠ ᠲᠦᠮᠡᠨ ᠬᠥᠮᠥᠨ ᠤᠳᠠᠭ᠎ᠠ᠎ᠶᠢ ᠲᠠᠢ᠍ᠢᠴᠢᠯᠠᠨ ᠢᠳᠡᠪᠬᠢᠲᠡᠢ ᠣᠷᠣᠯᠴᠠᠭᠤᠯᠵᠤ ᠪᠠᠢᠨ᠎ᠠ᠃
ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠶᠠᠮᠤᠨ᠎ᠤ ᠬᠣᠯᠪᠣᠭᠳᠠᠯ ᠪᠦᠬᠦᠢ ᠵᠤᠷᠭᠠᠨ ᠲᠣᠪᠴᠢᠶ᠎ᠠ᠎ᠶᠢᠨ ᠬᠠᠷᠢᠭᠤᠴᠠᠯᠭᠠᠲᠠᠨ ᠢᠯᠡᠷᠬᠡᠢᠯᠡᠬᠦ᠎ᠳᠡᠭᠡᠨ ᠂ ᠲᠠᠷᠠᠭᠠᠴᠢ᠎ᠶᠢᠨ ᠠᠯᠬᠤᠮ᠎ᠳᠤ 《 ᠠᠷᠪᠠᠨ ᠲᠠᠪᠤᠳᠤᠭᠠᠷ ᠲᠠᠪᠤᠨ ᠵᠢᠯ 》᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠠᠬᠢ ᠤᠷ᠎ᠠ ᠮᠡᠷᠭᠡᠵᠢᠯ᠎ᠦᠨ ᠴᠢᠳᠠᠪᠤᠷᠢᠲᠠᠨ᠎ᠤ ᠡᠩᠨᠡᠭᠡ᠎ᠶᠢᠨ ᠪᠠᠢᠭᠤᠯᠤᠯᠲᠠ᠎ᠶᠢ ᠢᠳᠡᠪᠬᠢᠲᠡᠢ᠎ᠪᠡᠷ ᠲᠥᠯᠥᠪᠯᠡᠵᠦ ᠂ ᠲᠥᠷᠥ᠎ᠶᠢᠨ ᠪᠣᠳᠣᠯᠭ᠎ᠠ᠎ᠶᠢᠨ ᠬᠠᠩᠭᠠᠯᠭ᠎ᠠ᠎ᠶᠢ ᠲᠠᠰᠤᠷᠠᠯᠲᠠ ᠦᠭᠡᠢ ᠨᠡᠮᠡᠭᠳᠡᠭᠦᠯᠦᠨ ᠂ ᠵᠣᠬᠢᠶᠠᠨ ᠪᠠᠢᠭᠤᠯᠤᠨ ᠬᠡᠷᠡᠭᠵᠢᠭᠦᠯᠬᠦ᠎ᠶᠢ ᠴᠢᠩᠭᠠᠳᠬᠠᠵᠤ ᠂ ᠬᠥᠭᠵᠢᠯᠲᠡ᠎ᠶᠢᠨ ᠣᠷᠴᠢᠨ ᠨᠥᠬᠥᠴᠡᠯ᠎ᠢ ᠰᠢᠯᠢᠳᠡᠭᠵᠢᠭᠦᠯᠦᠨ ᠂ ᠬᠡᠪᠴᠢᠶ᠎ᠡ᠎ᠪᠡᠷ ᠠᠤᠭ᠎ᠠ ᠶᠡᠬᠡ ᠂ ᠬᠡᠪ ᠴᠢᠨᠠᠷ᠎ᠢᠶᠠᠷ ᠰᠢᠯᠢᠳᠡᠭ ᠰᠠᠢᠨ ᠂ ᠪᠦᠲᠦᠴᠡ᠎ᠪᠡᠷ ᠵᠦᠢ ᠵᠣᠬᠢᠰᠲᠠᠢ ᠤᠷ᠎ᠠ ᠮᠡᠷᠭᠡᠵᠢᠯ᠎ᠦᠨ ᠬᠥᠳᠡᠯᠮᠦᠷᠢᠴᠢᠳ᠎ᠦᠨ ᠡᠩᠨᠡᠭᠡ᠎ᠶᠢ ᠴᠢᠷᠮᠠᠢᠨ ᠪᠣᠢᠵᠢᠭᠤᠯᠤᠨ᠎ᠠ ᠭᠡᠵᠡᠢ᠃ ( ᠴᠢᠦ ᠴᠤᠤ ᠢ )