ᠰᠢᠯᠵᠠᠯᠠᠬᠤ᠂ ᠬᠠᠭᠠᠷᠢᠵᠤ ᠬᠠᠭᠤᠷᠬᠤ᠂ ᠲᠣᠭᠣᠭᠠᠨ᠎ᠠᠴᠠ ᠭᠠᠷᠭᠠᠬᠤ᠂ ᠫᠢᠯᠠ᠎ᠳᠤ ᠰᠠᠪᠠᠯᠠᠬᠤ ᠁ ᠬᠣᠩ ᠳᠦ ᠰᠢᠶᠣᠣ ᠰᠢᠶᠠᠩ ᠬᠣᠭᠣᠯᠠᠨ ᠭᠡᠷ᠎ᠦᠨ ᠲᠣᠭᠣᠭᠠᠨ ᠭᠡᠷ᠎ᠲᠦ᠂ ᠵᠠᠩ ᠴᠢ ᠸᠧᠢ ᠶᠠᠭ ᠰᠠᠢᠬᠠᠨ ᠭᠤᠱᠤᠭᠤᠨ ᠦᠨᠦᠷᠲᠦ ᠨᠣᠭᠣᠭ᠎ᠠ᠎ᠶᠢ ᠪᠣᠯᠪᠠᠰᠤᠷᠠᠩᠭᠤᠢ᠎ᠪᠠᠷ ᠬᠢᠵᠦ ᠪᠤᠢ᠃ 2025 ᠣᠨ᠎ᠳᠤ ᠵᠠᠩ ᠴᠢ ᠸᠧᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠬᠡᠬᠣᠲᠠ᠎ᠶᠢᠨ ᠰᠢᠨ᠎ᠡ ᠳᠣᠷᠣᠨᠠᠲᠤ᠎ᠶᠢᠨ ᠳᠡᠭᠡᠳᠦ ᠵᠡᠷᠭᠡ᠎ᠶᠢᠨ ᠮᠡᠷᠭᠡᠵᠢᠯ᠎ᠦᠨ ᠠᠵᠢᠯᠴᠢᠨ᠎ᠤ ᠰᠤᠷᠭᠠᠭᠤᠯᠢ᠎ᠶᠢᠨ ᠳᠤᠮᠳᠠᠳᠤ ᠮᠠᠶᠢᠭ᠋᠎ᠤᠨ ᠬᠠᠭᠤᠷᠤᠯᠭ᠎ᠠ᠎ᠶᠢᠨ ᠲᠤᠰᠬᠠᠢ ᠮᠡᠷᠭᠡᠵᠢᠯ᠎ᠡᠴᠡ ᠲᠡᠭᠦᠰᠪᠡ᠃ 《 ᠲᠤᠬᠠᠢ᠎ᠶᠢᠨ ᠦᠶ᠎ᠡ᠎ᠳᠦ ᠬᠡᠦᠬᠡᠳ᠎ᠢᠶᠡᠨ ᠨᠢᠭᠡ ᠵᠦᠢᠯ᠎ᠦᠨ ᠮᠡᠷᠭᠡᠵᠢᠯ ᠰᠤᠷᠭᠠᠵᠤ᠂ ᠬᠣᠵᠢᠮ ᠠᠮᠢᠳᠤᠷᠠᠬᠤ᠎ᠳᠤ ᠵᠣᠪᠠᠬᠤ ᠦᠭᠡᠢ ᠪᠣᠯᠭᠠᠬᠤ᠎ᠶᠢ ᠯᠠ ᠪᠤᠳᠤᠵᠤ ᠪᠠᠢᠵᠠᠢ᠂ ᠲᠡᠷᠡ ᠣᠳᠣ᠌ ᠰᠤᠷᠭᠠᠭᠤᠯᠢ ᠲᠡᠭᠦᠰᠦᠮᠡᠭᠴᠡ ᠠᠵᠢᠯ᠎ᠲᠠᠢ ᠪᠣᠯᠵᠤ ᠂ ᠰᠠᠶᠢ ᠠᠵᠢᠯ᠎ᠳᠤ ᠣᠷᠣᠮᠠᠭᠴᠠ ᠰᠠᠷ᠎ᠠ ᠪᠦᠷᠢ ᠪᠠᠰᠠ 5500 ᠲᠥᠭᠥᠷᠢᠭ᠎ᠦᠨ ᠴᠠᠯᠢᠩ ᠣᠯᠣᠨ᠎ᠠ ᠭᠡᠵᠦ ᠪᠣᠳᠣᠵᠤ ᠣᠯᠣᠭᠰᠠᠨ ᠦᠭᠡᠢ 》 ᠭᠡᠵᠦ ᠵᠠᠩ ᠴᠢ ᠸᠧᠢ᠎ᠶᠢᠨ ᠠᠪᠤ ᠨᠢ ᠪᠠᠶᠠᠷᠲᠠᠢ᠎ᠪᠠᠷ ᠬᠡᠯᠡᠪᠡ᠃
ᠵᠠᠩ ᠴᠢ ᠸᠧᠢ᠎ᠶᠢᠨ ᠥᠩᠭᠡᠷᠡᠯᠲᠡ ᠪᠣᠯ ᠲᠦᠭ ᠲᠦᠮᠡᠨ ᠤᠷ᠎ᠠ ᠮᠡᠷᠭᠡᠵᠢᠯᠲᠦ ᠴᠢᠳᠠᠪᠤᠷᠢᠲᠠᠨ ᠤᠷ᠎ᠠ ᠮᠡᠷᠭᠡᠵᠢᠯ ᠰᠤᠷᠤᠯᠴᠠᠬᠤ᠎ᠪᠠᠷ ᠲᠠᠮᠵᠢᠨ ᠥᠪᠡᠷ᠎ᠢ᠎ᠪᠡᠨ ᠳᠡᠭᠡᠭᠰᠢᠯᠡᠭᠦᠯᠵᠦ᠂ ᠠᠵᠢᠯ ᠣᠯᠭᠣᠯᠲᠠ᠎ᠶᠢ ᠪᠡᠶᠡᠯᠡᠭᠦᠯᠵᠦ᠂ ᠬᠤᠪᠢ ᠬᠥᠮᠥᠨ᠎ᠦ ᠦᠷᠳᠡᠭ᠎ᠢᠶᠡᠨ ᠢᠯᠡᠷᠡᠭᠦᠯᠦᠭᠰᠡᠨ ᠬᠤᠷᠢᠶᠠᠩᠭᠤᠢ ᠳᠦᠷᠰᠦ ᠪᠣᠯᠣᠨ᠎ᠠ᠃ ᠡᠨᠡ ᠵᠢᠯ᠎ᠡᠴᠡ ᠨᠠᠭᠠᠰᠢ ᠂ ᠬᠥᠬᠡᠬᠣᠲᠠ᠎ᠶᠢᠨ ᠬᠢᠨ 《 ᠤᠷ᠎ᠠ ᠮᠡᠷᠭᠡᠵᠢᠯ᠎ᠢᠶᠠᠷ ᠢᠷᠡᠭᠡᠳᠦᠢ᠎ᠪᠠᠨ ᠭᠡᠷᠡᠯᠲᠦᠭᠦᠯᠬᠦ 》 ᠪᠣᠯᠪᠠᠰᠤᠷᠠᠯ᠎ᠤᠨ ᠠᠵᠢᠯᠯᠠᠭ᠎ᠠ᠎ᠶᠢ ᠭᠦᠨᠵᠡᠭᠡᠢ ᠬᠡᠷᠡᠭᠵᠢᠭᠦᠯᠵᠦ ᠂ ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ ᠲᠡᠭᠦᠰᠦᠭᠰᠡᠨ ᠰᠤᠷᠤᠭ᠍ᠴᠢᠳ᠎ᠤᠨ ᠠᠵᠢᠯ ᠣᠯᠭᠣᠯᠲᠠ᠎ᠳᠤ ᠠᠩᠬᠠᠷᠤᠯ᠎ᠢᠶᠠᠨ ᠲᠥᠪᠯᠡᠷᠡᠭᠦᠯᠦᠨ ᠂ 《 ᠤᠷ᠎ᠠ ᠮᠡᠷᠭᠡᠵᠢᠯ᠎ᠤᠨ ᠪᠣᠯᠪᠠᠰᠤᠷᠠᠯ + ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ᠎ᠶᠢᠨ ᠴᠢᠳᠠᠪᠤᠷᠢᠲᠠᠨ᠎ᠢ ᠬᠥᠮᠥᠵᠢᠭᠦᠯᠬᠦ 》 ᠵᠠᠭᠪᠤᠷ᠎ᠢ ᠥᠷᠨᠢᠭᠦᠯᠵᠦ ᠂ ᠬᠠᠨᠳᠤᠯᠭᠠᠲᠤ ᠮᠠᠶᠢᠭ᠋᠎ᠤᠨ ᠮᠡᠷᠭᠡᠵᠢᠯ ᠴᠢᠳᠠᠪᠤᠷᠢ᠎ᠶᠢᠨ ᠴᠢᠳᠠᠪᠤᠷᠢᠲᠠᠨ᠎ᠢ ᠬᠥᠮᠥᠵᠢᠭᠦᠯᠬᠦ ᠥᠨᠳᠥᠷᠯᠢᠭ᠎ᠢ ᠬᠦᠴᠦᠯᠡᠨ ᠪᠣᠶ ᠪᠣᠯᠭᠠᠪᠠ᠃
ᠬᠥᠬᠡᠬᠣᠲᠠ 《 ᠠᠵᠢᠯᠴᠢᠨ ᠡᠯᠰᠡᠬᠦ ᠨᠢ ᠰᠣᠷᠣᠭ᠍ᠴᠢ ᠡᠯᠰᠡᠬᠦ ᠂ ᠰᠤᠷᠭᠠᠭᠤᠯᠢ᠎ᠳᠤ ᠣᠷᠣᠪᠠᠯ ᠳᠠᠷᠤᠢ ᠠᠵᠤ ᠠᠬᠤᠢᠯᠠᠯ᠎ᠳᠤ ᠣᠷᠣᠬᠤ ᠂ ᠠᠵᠢᠯᠯᠠᠵᠤ ᠰᠤᠷᠤᠯᠴᠠᠬᠤ᠎ᠶᠢ ᠨᠢᠭᠡ ᠴᠣᠭᠴᠠᠵᠢᠭᠤᠯᠬᠤ 》 ᠤᠷ᠎ᠠ ᠮᠡᠷᠭᠡᠵᠢᠯ᠎ᠦᠨ ᠴᠢᠳᠠᠪᠤᠷᠢᠲᠠᠨ᠎ᠢ ᠬᠥᠮᠥᠵᠢᠭᠦᠯᠬᠦ ᠠᠵᠢᠯ᠎ᠢ ᠢᠳᠡᠪᠬᠢᠲᠡᠢ ᠥᠷᠨᠢᠭᠦᠯᠵᠦ ᠂ ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ᠎ᠶᠢ ᠬᠥᠲᠥᠯᠥᠨ ᠵᠢᠯᠤᠭᠣᠳᠴᠤ ᠪᠠᠢᠭᠠᠳ ᠣᠷᠣᠨ ᠨᠤᠲᠤᠭ᠎ᠤᠨ ᠠᠵᠤ ᠦᠢᠯᠡᠰ᠎ᠦᠨ ᠬᠥᠭᠵᠢᠯᠲᠡ᠎ᠶᠢᠨ ᠬᠡᠷᠡᠭᠴᠡᠭᠡ ᠱᠠᠭᠠᠷᠳᠠᠯᠭ᠎ᠠ᠎ᠳᠤ ᠰᠠᠭᠤᠷᠢᠯᠠᠨ ᠬᠠᠨᠳᠤᠯᠭᠠᠲᠤ ᠮᠠᠶᠢᠭ᠋᠎ᠤᠨ ᠪᠣᠯᠪᠠᠰᠤᠷᠠᠯ ᠬᠢᠯᠭᠡᠨ᠎ᠡ ᠃ ᠣᠲᠣ᠌ ᠪᠣᠯᠲᠠᠯ᠎ᠠ ᠂ ᠬᠥᠬᠡᠬᠣᠲᠠ᠎ᠶᠢᠨ ᠡᠯ᠎ᠡ ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ ᠨᠢᠭᠡᠨᠲᠡ 《 ᠵᠠᠬᠢᠶᠠᠯᠠᠭ᠎ᠠ᠎ᠶᠢᠨ ᠠᠩᠭᠢ 》 《 ᠨᠡᠷ᠎ᠡ ᠬᠠᠳᠠᠭᠰᠠᠨ ᠠᠩᠭᠢ 》 40 ᠂ ᠦᠢᠯᠡᠳᠪᠦᠷᠢᠯᠡᠯ ᠪᠠ ᠵᠢᠭᠠᠨ ᠰᠤᠷᠭᠠᠯᠲᠠ᠎ᠶᠢᠨ ᠠᠭᠤᠰᠤᠯᠴᠠᠯ᠎ᠤᠨ ᠴᠢᠭᠯᠡᠯᠲᠦ ᠠᠩᠭᠢ 13 ᠪᠠᠢᠭᠤᠯᠵᠤ ᠂ ᠨᠡᠶ᠋ᠢᠲᠡ 1149 ᠮᠡᠷᠭᠡᠵᠢᠯ᠎ᠦᠨ ᠴᠢᠳᠠᠪᠤᠷᠢᠲᠠᠨ᠎ᠢ ᠬᠥᠮᠥᠵᠢᠭᠦᠯᠵᠡᠢ᠃ ᠰᠤᠷᠤᠭ᠍ᠴᠢᠳ ᠪᠡᠭᠡᠵᠢᠩ᠎ᠦᠨ ᠳᠡᠭᠡᠳᠦ ᠬᠤᠷᠳᠤᠴᠠᠲᠤ ᠲᠡᠮᠦᠷ ᠵᠠᠮ᠎ᠤᠨ ᠠᠶᠠᠨᠴᠢᠳ᠎ᠤᠨ ᠲᠡᠭᠡᠭᠡᠪᠦᠷᠢ᠎ᠶᠢᠨ ᠬᠡᠰᠡᠭ ᠂ ᠰᠢᠶᠠᠩ ᠭᠧ ᠯᠢ ᠯᠡ ᠪᠠᠭᠤᠳᠠᠯ᠎ᠤᠨ ᠪᠦᠯᠦᠭᠯᠡᠯ᠂ ᠬᠤᠸ᠋ ᠯᠢ ᠯᠠᠢ ᠵᠡᠷᠭᠡ 30 ᠭᠠᠷᠤᠢ ᠨᠠᠷᠠᠲᠤ ᠠᠵᠤ ᠠᠬᠤᠢᠯᠠᠯ᠎ᠳᠤ ᠠᠵᠢᠯ ᠣᠷᠣᠵᠤ᠂ ᠲᠤᠰᠬᠠᠢ ᠮᠡᠷᠭᠡᠵᠢᠯ᠎ᠦᠨ ᠲᠣᠬᠢᠷᠠᠭᠤᠯᠤᠯᠲᠠ ᠪᠠ ᠠᠵᠤ ᠦᠢᠯᠡᠰ᠎ᠦᠨ ᠬᠥᠭᠵᠢᠯᠲᠡ᠎ᠶᠢᠨ ᠨᠠᠷᠢᠯᠢᠭ᠋ ᠣᠨᠣᠴᠠᠲᠠᠢ᠎ᠪᠠᠷ ᠵᠣᠬᠢᠴᠠᠯᠳᠤᠬᠤ᠎ᠶᠢ ᠪᠡᠶᠡᠯᠡᠭᠦᠯᠪᠡ᠃
ᠡᠭᠦᠨ᠎ᠡᠴᠡ ᠭᠠᠳᠠᠨ᠎ᠠ᠂ ᠬᠥᠬᠡᠬᠣᠲᠠ᠎ᠶᠢᠨ ᠬᠢᠨ ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ᠎ᠶᠢᠨ ᠰᠣᠷᠣᠭ᠍ᠴᠢ᠎ᠶᠢ ᠲᠤᠰᠠᠯᠠᠬᠤ ᠲᠥᠷᠥ᠎ᠶᠢᠨ ᠪᠣᠳᠣᠯᠭ᠎ᠠ᠎ᠶᠢ ᠪᠥᠬᠥ ᠲᠠᠯ᠎ᠠ᠎ᠪᠠᠷ ᠨᠠᠢᠳᠠᠪᠤᠷᠢᠵᠢᠭᠤᠯᠵᠤ᠂ 1605 ᠰᠣᠷᠣᠭ᠍ᠴᠢ᠎ᠶᠢᠨ ᠤᠷ᠎ᠠ ᠮᠡᠷᠭᠡᠵᠢᠯᠲᠦ ᠴᠢᠳᠠᠪᠤᠷᠢᠲᠠᠨ ᠪᠣᠯᠬᠤ ᠬᠦᠰᠡᠯ᠎ᠢᠶᠠᠨ ᠪᠡᠶᠡᠯᠡᠭᠦᠯᠬᠦ᠎ᠳᠦ ᠬᠦᠴᠦᠨ ᠨᠡᠮᠡᠷᠢᠯᠡᠪᠡ ᠃ ᠡᠨᠡ ᠵᠢᠯ 4 ᠮᠡᠷᠭᠡᠵᠢᠯ᠎ᠦᠨ ᠠᠵᠢᠯᠴᠢᠨ᠎ᠤ ᠳᠡᠭᠡᠳᠦ ᠰᠤᠷᠭᠠᠭᠤᠯᠢ᠎ᠠᠴᠠ ᠲᠡᠭᠦᠰᠦᠭᠰᠡᠨ 291 ᠰᠤᠷᠤᠭ᠍ᠴᠢ᠎ᠶᠢᠨ ᠳᠣᠲᠣᠷ᠎ᠠ᠎ᠠᠴᠠ 218 ᠨᠢ ᠲᠣᠭᠲᠠᠪᠤᠷᠢᠲᠠᠢ ᠠᠵᠢᠯ ᠣᠯᠵᠤ᠂ 6 ᠨᠢ ᠪᠡᠶ᠎ᠡ᠎ᠪᠡᠨ ᠳᠠᠭᠠᠭᠠᠵᠤ ᠦᠢᠯᠡᠰ ᠪᠣᠰᠬᠠᠵᠠᠢ᠃
ᠡᠭᠦᠨ᠎ᠦ ᠬᠠᠮᠲᠤ᠂ ᠬᠥᠬᠡᠬᠣᠲᠠ ᠪᠠᠰᠠ ᠪᠠᠭ᠍ᠰᠢ᠎ᠶᠢᠨ ᠠᠵᠤ ᠠᠬᠤᠢᠯᠠᠯ᠎ᠤᠨ ᠦᠢᠯᠡᠳᠦᠯᠭᠡ᠎ᠶᠢᠨ ᠲᠤᠰᠬᠠᠢ ᠲᠥᠯᠥᠪᠯᠡᠭᠡ᠎ᠶᠢ ᠬᠡᠷᠡᠭᠵᠢᠭᠦᠯᠵᠦ᠂ ᠨᠢᠭᠡᠨᠲᠡ 48 ᠲᠤᠰᠬᠠᠢ ᠮᠡᠷᠭᠡᠵᠢᠯ᠎ᠦᠨ ᠪᠠᠭ᠍ᠰᠢ᠎ᠶᠢ ᠵᠣᠬᠢᠶᠠᠨ ᠪᠠᠢᠭᠤᠯᠤᠨ ᠬᠤᠤ ᠯᠢ ᠯᠠᠢ ᠂ ᠪᠥᠸᠧ ᠶᠤᠸᠠᠨ ᠬᠤᠸ᠋ ᠱᠧᠩ ᠲᠣᠮᠣ᠌ ᠪᠠᠭᠤᠳᠠᠯ ᠵᠡᠷᠭᠡ 9 ᠠᠵᠤ ᠠᠬᠤᠢᠯᠠᠯ᠎ᠤᠨ ᠦᠢᠯᠡᠳᠦᠯᠭᠡ᠎ᠶᠢᠨ ᠪᠣᠯᠪᠠᠰᠤᠷᠠᠯ᠎ᠳᠤ ᠣᠷᠣᠯᠴᠠᠭᠤᠯᠵᠤ᠂ ᠦᠢᠯᠡᠳᠬᠦᠨ᠎ᠦ ᠰᠤᠳᠤᠯᠤᠨ ᠨᠡᠭᠡᠭᠡᠯᠲᠡ ᠂ ᠮᠡᠷᠭᠡᠵᠢᠯ᠎ᠦᠨ ᠰᠢᠨ᠎ᠡ᠎ᠶᠢ ᠡᠭᠦᠳᠬᠦ ᠪᠠ ᠠᠵᠤ ᠦᠢᠯᠡᠰ᠎ᠦᠨ ᠬᠥᠭᠵᠢᠯᠲᠡ᠎ᠶᠢᠨ ᠬᠠᠨᠳᠤᠰᠢ᠎ᠶᠢ ᠣᠢᠯᠠᠭᠠᠭᠤᠯᠵᠤ᠂ ᠰᠢᠨ᠎ᠡ ᠮᠡᠳᠡᠯᠭᠡ ᠪᠠ ᠰᠢᠨ᠎ᠡ ᠮᠡᠷᠭᠡᠵᠢᠯ᠎ᠢ ᠵᠢᠭᠠᠨ ᠰᠤᠷᠭᠠᠯᠲᠠ᠎ᠳᠤ ᠬᠡᠷᠡᠭᠯᠡᠬᠦ᠎ᠳᠦ ᠲᠥᠬᠥᠮ ᠪᠣᠯᠭᠠᠪᠠ᠃
ᠬᠥᠬᠡᠬᠣᠲᠠ᠎ᠶᠢᠨ ᠬᠢᠨ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠦᠨ ᠰᠦᠯᠵᠢᠶᠡᠨ ᠳᠡᠭᠡᠷ᠎ᠡ ᠲᠤᠰᠬᠠᠢ ᠪᠤᠯᠤᠩ ᠭᠠᠷᠭᠠᠵᠤ ᠪᠣᠯᠪᠠᠰᠤᠷᠠᠯ᠎ᠤᠨ ᠮᠡᠳᠡᠭᠡ ᠵᠠᠩᠭᠢ ᠨᠡᠢᠲᠡᠯᠡᠵᠦ ᠂ ᠭᠣᠣᠯᠳᠠᠯᠭ᠎ᠠ᠎ᠲᠠᠢ ᠬᠥᠮᠥᠰ᠎ᠤᠨ 《 ᠤᠷ᠎ᠠ ᠮᠡᠷᠭᠡᠵᠢᠯ᠎ᠦᠨ ᠰᠥᠨᠢ᠎ᠶᠢᠨ ᠰᠤᠷᠭᠠᠭᠤᠯᠢ 》 ᠪᠠ 《 ᠣᠨᠴᠠᠯᠢᠭ᠍ᠲᠤ ᠭᠠᠷᠠᠭ᠎ᠤᠨ ᠰᠡᠭᠦᠯᠴᠢ᠎ᠶᠢᠨ ᠠᠩᠭᠢ 》᠎ᠶᠢᠨ ᠪᠣᠯᠪᠠᠰᠤᠷᠠᠯ᠎ᠤᠨ ᠲᠥᠷᠥᠯ ᠵᠦᠢᠯ᠎ᠳᠦ ᠴᠢᠭᠯᠡᠭᠦᠯᠦᠨ ᠨᠠᠰᠤᠵᠢᠯ᠎ᠤᠨ ᠠᠰᠠᠷᠠᠮᠵᠢ᠎ᠶᠢᠨ ᠰᠤᠪᠢᠯᠠᠯᠲᠠ᠂ ᠡᠯᠧᠺᠲᠷᠣᠨ ᠬᠤᠳᠠᠯᠳᠤᠭᠠᠨ᠎ᠤ ᠶᠠᠪᠤᠳᠠᠯ ᠵᠡᠷᠭᠡ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠪᠣᠯᠪᠠᠰᠤᠷᠠᠯ᠎ᠤᠨ ᠬᠢᠴᠢᠶᠡᠯ ᠨᠡᠭᠡᠭᠡᠵᠦ ᠂ ᠣᠯᠠᠨ ᠲᠦᠮᠡᠨ᠎ᠦ ᠪᠣᠯᠪᠠᠰᠤᠷᠠᠯ᠎ᠳᠤ ᠣᠷᠣᠯᠴᠠᠬᠤ᠎ᠳᠤ ᠲᠥᠬᠥᠮ ᠦᠵᠡᠭᠦᠯᠪᠡ᠃ ᠡᠭᠦᠨ᠎ᠦ ᠬᠠᠮᠲᠤ ᠠᠵᠤ ᠦᠢᠯᠡᠰ᠎ᠦᠨ ᠬᠥᠭᠵᠢᠯᠲᠡ᠎ᠶᠢᠨ ᠬᠡᠷᠡᠭᠴᠡᠭᠡ ᠱᠠᠭᠠᠷᠳᠠᠯᠭ᠎ᠠ᠎ᠲᠠᠢ ᠤᠶᠠᠯᠳᠤᠭᠤᠯᠤᠨ ᠂ ᠵᠣᠬᠢᠶᠠᠮᠠᠯ ᠣᠶᠤᠨᠯᠢᠭ᠋᠎ᠤᠨ ᠪᠣᠯᠪᠠᠰᠤᠷᠠᠭᠤᠯᠤᠭ᠍ᠴᠢ᠂ ᠵᠢᠯᠣᠭᠣᠴᠢ ᠦᠭᠡᠢ ᠨᠢᠰᠬᠡᠯ᠎ᠦᠨ ᠡᠵᠡᠮᠳᠡᠭᠴᠢ ᠵᠡᠷᠭᠡ ᠰᠢᠨ᠎ᠡ᠎ᠪᠡᠷ ᠪᠣᠶ ᠪᠣᠯᠤᠭᠰᠠᠨ ᠠᠵᠢᠯ ᠮᠡᠷᠭᠡᠵᠢᠯ ( ᠠᠵᠢᠯ ᠲᠥᠷᠥᠯ )᠎ᠤᠨ ᠪᠣᠯᠪᠠᠰᠤᠷᠠᠯ᠎ᠢ ᠥᠷᠨᠢᠭᠦᠯᠵᠦ᠂ ᠭᠣᠣᠯᠳᠠᠯᠭ᠎ᠠ᠎ᠲᠠᠢ ᠬᠥᠮᠥᠰ᠎ᠢ ᠨᠡᠶ᠋ᠢᠲᠡ 6629 ᠬᠥᠮᠥᠨ ᠤᠳᠠᠭ᠎ᠠ ᠪᠣᠯᠪᠠᠰᠤᠷᠠᠭᠤᠯᠪᠠ᠃