9 ᠰᠠᠷ᠎ᠠ᠎ᠶᠢᠨ 21᠎ᠦ ᠡᠳᠦᠷ᠂《 ᠡᠨᠡ ᠤᠳᠠᠭᠠᠨ᠎ᠤ ᠠᠵᠢᠯᠲᠠᠨ ᠡᠯᠰᠡᠬᠦ ᠴᠤᠭᠯᠠᠭᠠᠨ᠎ᠳᠤ ᠮᠢᠨᠤ ᠲᠤᠰᠬᠠᠢ ᠮᠡᠷᠭᠡᠵᠢᠯ᠎ᠲᠠᠢ ᠲᠣᠬᠢᠷᠠᠭᠰᠠᠨ ᠠᠵᠢᠯ᠎ᠤᠨ ᠪᠠᠢᠷᠢ ᠮᠠᠰᠢ ᠣᠯᠠᠨ ᠪᠠᠢᠨ᠎ᠠ᠂ ᠪᠢ 10 ᠭᠠᠷᠤᠢ ᠬᠤᠪᠢ ᠲᠣᠪᠴᠢ ᠨᠠᠮᠲᠠᠷ᠎ᠢᠶᠠᠨ ᠲᠤᠰᠢᠶᠠᠵᠠᠢ ᠂ ᠵᠠᠯᠭᠠᠭᠠᠳ ᠨᠢᠭᠤᠷᠲᠠᠨ ᠰᠢᠯᠭᠠᠯᠲᠠ᠎ᠳᠤ ᠰᠠᠢᠲᠤᠷ ᠪᠡᠯᠡᠳᠬᠡᠵᠦ᠂ ᠰᠡᠳᠬᠢᠯ᠎ᠳᠦ ᠳᠠᠭᠠᠷᠠᠭᠰᠠᠨ ᠠᠵᠤ ᠠᠬᠤᠢᠯᠠᠯ᠎ᠳᠤ ᠣᠷᠣᠵᠤ ᠠᠵᠢᠯᠯᠠᠬᠤ᠎ᠪᠠᠷ ᠴᠢᠷᠮᠠᠢᠨ᠎ᠠ 》 ᠭᠡᠵᠦ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶᠢᠨ ᠴᠠᠭᠠᠨ ᠢᠳᠡᠭᠡᠨ᠎ᠦ ᠢᠨᠵᠧᠨᠧᠷᠢᠩ᠎ᠦᠨ ᠲᠤᠰᠬᠠᠢ ᠮᠡᠷᠭᠡᠵᠢᠯ᠎ᠡᠴᠡ ᠢᠷᠡᠭᠰᠡᠨ ᠶᠡᠬᠡ ᠰᠤᠷᠭᠠᠭᠤᠯᠢ᠎ᠶᠢᠨ ᠳᠥᠷᠪᠡᠳᠦᠭᠡᠷ ᠣᠨ᠎ᠤ ᠰᠣᠷᠣᠭ᠍ᠴᠢ ᠵᠧᠦ ᠵᠢᠶᠠ ᠶᠢᠩ ᠪᠠᠶᠠᠷᠲᠠᠢ᠎ᠪᠠᠷ ᠬᠡᠯᠡᠨ᠎ᠡ᠃
ᠲᠤᠬᠠᠢ᠎ᠶᠢᠨ ᠡᠳᠦᠷ᠂ ᠬᠥᠬᠡᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠰᠠᠯᠠᠭ᠎ᠠ ᠮᠥᠴᠢᠷ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠳᠤ ᠬᠦᠷᠴᠦ᠂ 15 ᠳ᠋ᠤᠭᠠᠷ ᠤᠳᠠᠭᠠᠨ᠎ᠤ ᠳᠡᠭᠡᠳᠦ ᠰᠤᠷᠭᠠᠭᠤᠯᠢ᠎ᠶᠢᠨ ᠲᠣᠭᠣᠷᠢᠨ ᠠᠵᠢᠯᠲᠠᠨ ᠡᠯᠰᠡᠬᠦ ᠴᠤᠭᠯᠠᠭᠠᠨ ᠡᠷᠭᠢᠯᠡᠵᠦ ᠂ 《 ᠲᠤᠬᠠᠢ᠎ᠶᠢᠨ ᠲᠠᠯᠠᠪᠤᠷ᠎ᠲᠤ ᠠᠵᠢᠯᠲᠠᠨ ᠡᠯᠰᠡᠬᠦ + ᠰᠢᠭᠤᠳ ᠨᠡᠪᠲᠡᠷᠡᠭᠦᠯᠭᠡ᠎ᠪᠡᠷ ᠠᠵᠢᠯ᠎ᠤᠨ ᠪᠠᠢᠷᠢ ᠲᠠᠨᠢᠯᠴᠠᠭᠤᠯᠬᠤ + ᠣᠨᠴᠠᠯᠢᠭ᠍ᠲᠤ ᠲᠤᠰᠬᠠᠢ ᠲᠣᠭᠣᠷᠢᠭ᠋ + ᠲᠥᠷᠥ᠎ᠶᠢᠨ ᠪᠣᠳᠣᠯᠭ᠎ᠠ᠎ᠶᠢᠨ ᠲᠠᠢᠯᠤᠮᠵᠢ 》ᠵᠢᠨ ᠳᠥᠷᠪᠡᠨ ᠬᠡᠮᠵᠢᠯᠲᠦ ᠬᠣᠯᠪᠤᠭᠠᠯᠠᠨ ᠬᠥᠳᠡᠯᠦᠯᠴᠡᠬᠦ ᠵᠠᠭᠪᠤᠷ᠎ᠢᠶᠠᠷ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠲᠦ ᠠᠵᠢᠯ ᠣᠯᠭᠣᠯᠲᠠ᠎ᠶᠢᠨ ᠦᠢᠯᠡᠴᠢᠯᠡᠭᠡᠨ᠎ᠦ 《 ᠲᠦᠷᠭᠡᠨ᠎ᠤ ᠵᠠᠮ 》᠎ᠢ ᠳᠡᠪᠢᠰᠴᠦ ᠥᠭᠭᠦᠭᠰᠡᠨ ᠪᠠᠢᠨ᠎ᠠ᠃ 60 ᠭᠠᠷᠤᠢ ᠠᠵᠤ ᠠᠬᠤᠢᠯᠠᠯ ᠲᠤᠬᠠᠢ᠎ᠶᠢᠨ ᠲᠠᠯᠠᠪᠠᠢ᠎ᠳᠤ 1000 ᠭᠠᠷᠤᠢ ᠰᠢᠯᠢᠳᠡᠭ ᠠᠵᠢᠯ᠎ᠤᠨ ᠪᠠᠢᠷᠢ ᠬᠠᠩᠭᠠᠵᠠᠢ᠃
ᠠᠵᠢᠯᠲᠠᠨ ᠡᠯᠰᠡᠬᠦ ᠴᠤᠭᠯᠠᠭᠠᠨ᠎ᠤ ᠲᠤᠬᠠᠢ᠎ᠶᠢᠨ ᠲᠠᠯᠠᠪᠤᠷ᠎ᠲᠤ᠂ ᠲᠠᠷᠢᠶᠠᠯᠠᠩ ᠮᠠᠯ᠎ᠤᠨ ᠠᠰᠢᠭ᠋ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠂ ᠠᠮᠢᠳᠤ ᠪᠣᠳᠠᠰ᠎ᠤᠨ ᠡᠮ ᠡᠮᠨᠡᠯᠭᠡ᠎ᠶᠢᠨ ᠠᠵᠤ ᠠᠬᠤᠢᠯᠠᠯ ᠬᠢᠭᠡᠳ ᠰᠤᠷᠭᠠᠭᠤᠯᠢ᠎ᠶᠢᠨ ᠲᠠᠷᠢᠶᠠᠯᠠᠩ ᠣᠶ ᠰᠢᠭᠤᠢ᠎ᠪᠠᠷ ᠭᠣᠣᠯ ᠪᠣᠯᠭᠠᠭᠰᠠᠨ᠂ ᠲᠠᠯ᠎ᠠ ᠨᠤᠲᠤᠭ᠎ᠤᠨ ᠮᠠᠯ ᠠᠵᠤ ᠠᠬᠤᠢ᠎ᠪᠠᠷ ᠣᠨᠴᠠᠯᠢᠭ᠋ ᠪᠣᠯᠭᠠᠭᠰᠠᠨ ᠰᠢᠨᠵᠢᠯᠡᠭᠡᠨ᠎ᠦ ᠰᠠᠯᠠᠭ᠎ᠠ᠎ᠶᠢᠨ ᠪᠦᠷᠢᠯᠳᠦᠯ᠎ᠢ ᠨᠠᠷᠢᠯᠢᠭ᠋ ᠣᠨᠣᠴᠠᠲᠠᠢ᠎ᠪᠠᠷ ᠵᠣᠬᠢᠴᠠᠭᠤᠯᠵᠤ᠂ ᠠᠵᠢᠯ ᠡᠷᠢᠬᠦ ᠲᠡᠭᠦᠰᠬᠦ ᠰᠤᠷᠤᠭ᠍ᠴᠢᠳ᠎ᠤᠨ《ᠰᠣᠬᠣᠷ ᠪᠠᠯᠠᠢ᠎ᠪᠠᠷ ᠠᠵᠢᠯ ᠡᠷᠢᠬᠦ 》᠎ᠡᠴᠡ ᠵᠠᠢᠯᠠᠰᠬᠢᠯᠭᠡᠵᠦ᠂ ᠲᠤᠰᠬᠠᠢ ᠮᠡᠷᠭᠡᠵᠢᠯ᠎ᠦᠨ ᠠᠵᠢᠯ ᠲᠥᠷᠥᠯ᠎ᠦᠨ ᠰᠢᠰᠲᠧᠮ᠎ᠲᠠᠢ ᠠᠵᠢᠯ᠎ᠤᠨ ᠪᠠᠢᠷᠢ᠎ᠶᠢ ᠨᠠᠷᠢᠯᠢᠭ᠋ ᠣᠨᠣᠴᠠᠲᠠᠢ᠎ᠪᠠᠷ ᠵᠣᠯᠭᠠᠭᠤᠯᠪᠠ᠃ 2000 ᠭᠠᠷᠤᠢ ᠲᠡᠭᠦᠰᠬᠦ ᠰᠤᠷᠤᠭ᠍ᠴᠢᠳ ᠲᠤᠬᠠᠢ᠎ᠶᠢᠨ ᠲᠠᠯᠠᠪᠠᠶ᠎ᠳᠤ ᠢᠷᠡᠵᠦ ᠠᠵᠢᠯ ᠡᠷᠢᠵᠦ᠂ 1520 ᠬᠤᠪᠢ ᠲᠣᠪᠴᠢ ᠨᠠᠮᠲᠠᠷ ᠲᠤᠰᠢᠶᠠᠪᠠ᠃ ᠰᠦᠯᠵᠢᠶᠡᠨ ᠳᠡᠭᠡᠷ᠎ᠡ 100 ᠠᠵᠤ ᠠᠬᠤᠢᠯᠠᠯ᠎ᠢ ᠵᠡᠷᠭᠡ᠎ᠪᠡᠷ ᠬᠣᠯᠪᠣᠯᠳᠤᠭᠤᠯᠤᠨ ᠰᠢᠭᠤᠳ ᠨᠡᠪᠲᠡᠷᠡᠭᠦᠯᠭᠡ᠎ᠪᠡᠷ ᠠᠵᠢᠯ᠎ᠤᠨ ᠪᠠᠢᠷᠢ ᠲᠠᠨᠢᠯᠴᠠᠭᠤᠯᠵᠤ᠂ 《 ᠰᠦᠯᠵᠢᠶᠡᠨ ᠳᠡᠭᠡᠷ᠎ᠡ + ᠰᠦᠯᠵᠢᠶᠡᠨ᠎ᠡᠴᠡ ᠭᠠᠳᠠᠨ᠎ᠠ 》 《 ᠰᠤᠷᠭᠠᠭᠤᠯᠢ᠎ᠶᠢᠨ ᠳᠣᠲᠣᠷ᠎ᠠ + ᠰᠤᠷᠭᠠᠭᠤᠯᠢ᠎ᠶᠢᠨ ᠭᠠᠳᠠᠨ᠎ᠠ 》 ᠣᠯᠠᠨ ᠠᠷᠭ᠎ᠠ ᠵᠠᠮ᠎ᠢᠶᠠᠷ ᠲᠡᠭᠦᠰᠬᠦ ᠰᠤᠷᠤᠭ᠍ᠴᠢᠳ᠎ᠤᠨ ᠥᠪᠡᠷᠮᠢᠴᠡ ᠠᠵᠢᠯ ᠡᠷᠢᠬᠦ ᠬᠡᠷᠡᠭᠴᠡᠭᠡ᠎ᠶᠢ ᠬᠠᠩᠭᠠᠪᠠ᠃
ᠲᠣᠰ ᠤᠳᠠᠭᠠᠨ᠎ᠤ ᠠᠵᠢᠯᠲᠠᠨ ᠡᠯᠰᠡᠬᠦ ᠴᠤᠭᠯᠠᠭᠠᠨ᠎ᠳᠤ ᠲᠤᠰᠬᠠᠢᠯᠠᠨ ᠭᠠᠷᠭᠠᠭᠰᠠᠨ 《 ᠲᠣᠪᠴᠢ ᠨᠠᠮᠲᠠᠷ᠎ᠢ ᠣᠨᠣᠰᠢᠯᠠᠬᠤ ᠪᠠ ᠨᠢᠭᠤᠷᠲᠠᠨ ᠰᠢᠯᠭᠠᠬᠤ᠎ᠶᠢ ᠵᠢᠯᠤᠭᠣᠳᠬᠤ ᠲᠤᠰᠬᠠᠢ ᠲᠣᠭᠣᠷᠢᠭ᠋ 》 ᠨᠢ ᠪᠥᠬᠥ ᠲᠠᠯᠠᠪᠠᠶ᠎ᠶᠢᠨ ᠬᠠᠮᠤᠭ᠎ᠤᠨ ᠬᠥᠭᠵᠢᠶᠡᠨᠲᠡᠢ ᠦᠢᠯᠡᠴᠢᠯᠡᠭᠡᠨ᠎ᠦ ᠴᠡᠭ᠎ᠦᠨ ᠨᠢᠭᠡ ᠪᠣᠯᠵᠠᠢ᠃ ᠮᠠᠰᠢ ᠣᠯᠠᠨ ᠨᠠᠷᠠᠲᠤ ᠠᠵᠤ ᠠᠬᠤᠢᠯᠠᠯ᠎ᠤᠨ ᠬᠥᠮᠥᠨ᠎ᠦ ᠬᠦᠴᠦᠨ᠎ᠦ ᠡᠬᠢ ᠪᠠᠶᠠᠯᠢᠭ᠋᠎ᠤᠨ ᠵᠥᠪᠯᠡᠭᠴᠢ ᠪᠠ ᠠᠵᠢᠯ ᠣᠯᠭᠣᠯᠲᠠ᠎ᠶᠢᠨ ᠨᠡᠷ᠎ᠡ ᠬᠦᠨᠳᠦᠲᠦ ᠵᠢᠭᠠᠨ ᠵᠢᠯᠤᠭᠣᠳᠬᠤ ᠪᠠᠭ᠍ᠰᠢ᠎ᠪᠠᠷ ᠪᠦᠷᠢᠯᠳᠦᠭᠰᠡᠨ ᠲᠤᠰᠬᠠᠢ ᠮᠡᠷᠭᠡᠵᠢᠯᠲᠡᠨ᠎ᠦ ᠪᠦᠯᠬᠦᠮ ᠨᠢ ᠲᠣᠪᠴᠢ ᠨᠠᠮᠲᠠᠷ᠎ᠤᠨ ᠪᠠᠷᠯᠠᠯ᠂ ᠠᠭᠤᠯᠭ᠎ᠠ᠎ᠶᠢᠨ ᠪᠣᠯᠪᠠᠰᠤᠷᠠᠭᠤᠯᠤᠯᠲᠠ᠎ᠠᠴᠠ ᠬᠤᠪᠢ ᠬᠥᠮᠥᠨ᠎ᠦ ᠳᠠᠪᠠᠭᠤᠯᠢᠭ᠋ ᠪᠠ ᠠᠵᠢᠯ᠎ᠤᠨ ᠪᠠᠢᠷᠢ᠎ᠶᠢᠨ ᠵᠣᠬᠢᠴᠠᠯ᠎ᠤᠨ ᠬᠡᠮᠵᠢᠶ᠎ᠡ᠎ᠶᠢ ᠬᠡᠷᠬᠢᠨ ᠳᠣᠪᠣᠶ᠋ᠢᠯᠭᠠᠬᠤ ᠬᠦᠷᠲᠡᠯ᠎ᠡ ᠴᠥᠮ ᠬᠠᠨᠳᠤᠯᠭᠠᠲᠤ ᠴᠢᠨᠠᠷᠲᠠᠢ ᠵᠠᠰᠠᠪᠤᠷᠢ ᠣᠷᠣᠭᠤᠯᠬᠤ ᠰᠠᠨᠠᠯ ᠥᠭᠭᠦᠭᠰᠡᠨ ᠪᠠᠢᠨ᠎ᠠ᠃ 《 ᠲᠤᠰᠬᠠᠢ ᠮᠡᠷᠭᠡᠵᠢᠯᠲᠡᠨ᠎ᠦ 〈 ᠨᠠᠷᠢᠯᠢᠭ᠋ ᠪᠢᠷ 〉᠎ᠢᠶᠡᠷ ᠳᠡᠮᠵᠢᠨ᠂ ᠮᠠᠨ᠎ᠤ ᠠᠵᠢᠯ ᠡᠷᠢᠬᠦ ᠲᠣᠪᠴᠢ ᠨᠠᠮᠲᠠᠷ ᠤᠯᠠᠮ ᠭᠣᠢᠳᠠ ᠰᠠᠢᠬᠠᠨ ᠪᠣᠯᠵᠤ᠂ ᠥᠷᠢᠰᠦᠯᠳᠦᠬᠦ ᠬᠦᠴᠦᠨ ᠨᠡᠮᠡᠭᠳᠡᠭᠰᠡᠨ᠎ᠢᠶᠠᠷ ᠪᠠᠷᠠᠬᠤ ᠦᠭᠡᠢ᠂ ᠲᠠᠷᠠᠭᠠᠴᠢ᠎ᠶᠢᠨ ᠨᠢᠭᠤᠷᠲᠠᠨ ᠰᠢᠯᠭᠠᠯᠲᠠ᠎ᠳᠤ ᠴᠤ᠌ ᠢᠲᠡᠭᠡᠯ ᠲᠡᠭᠦᠯᠳᠡᠷ ᠪᠣᠯᠵᠠᠢ 》 ᠭᠡᠵᠦ ᠠᠵᠢᠯ ᠡᠷᠢᠭᠴᠢ ᠬᠠᠨ ᠢᠦᠢ ᠪᠠᠶᠠᠷᠲᠠᠢ᠎ᠪᠠᠷ ᠬᠡᠯᠡᠪᠡ᠃
ᠠᠵᠢᠯᠯᠠᠭ᠎ᠠ᠎ᠶᠢᠨ ᠲᠤᠬᠠᠢ᠎ᠶᠢᠨ ᠲᠠᠯᠠᠪᠠᠶ᠎ᠳᠤ ᠵᠡᠷᠭᠡ᠎ᠪᠡᠷ ᠪᠠᠢᠷᠢᠯᠠᠭᠤᠯᠤᠭᠰᠠᠨ 《 ᠲᠥᠷᠥ᠎ᠶᠢᠨ ᠪᠣᠳᠣᠯᠭ᠎ᠠ᠎ᠶᠢᠨ ᠲᠠᠢᠯᠤᠮᠵᠢ 》 ᠵᠢᠨ ᠲᠤᠰᠬᠠᠢ ᠲᠣᠭᠣᠷᠢᠭ᠋᠎ᠲᠤ ᠬᠥᠬᠡᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ᠎ᠶᠢᠨ ᠲᠥᠷᠥ᠎ᠶᠢᠨ ᠪᠣᠳᠣᠯᠭ᠎ᠠ᠎ᠶᠢᠨ ᠲᠤᠰᠬᠠᠢ ᠲᠤᠰᠢᠶᠠᠯᠲᠠᠨ ᠨᠠᠷ 《 ᠠᠵᠢᠯ ᠣᠯᠭᠣᠯᠲᠠ᠎ᠶᠢᠨ ᠣᠶᠤᠨ᠎ᠤ ᠪᠦᠯᠬᠦᠮ 》 ᠪᠣᠯᠣᠨ ᠬᠤᠪᠢᠷᠠᠵᠤ ᠂ ᠰᠤᠷᠤᠭ᠍ᠴᠢᠳ᠎ᠤᠨ ᠨᠡᠢᠳᠡᠮ ᠠᠩᠬᠠᠷᠴᠤ ᠪᠠᠢᠭ᠎ᠠ ᠪᠠ ᠨᠢᠭ᠍ᠲᠠ ᠠᠩᠬᠠᠷᠴᠤ ᠪᠠᠢᠭ᠎ᠠ ᠠᠵᠢᠯ ᠣᠯᠭᠣᠯᠲᠠ᠎ᠶᠢᠨ ᠳᠠᠳᠤᠯᠭ᠎ᠠ ᠂ ᠨᠢᠭᠡ ᠯᠡ ᠤᠳᠠᠭ᠎ᠠ᠎ᠶᠢᠨ ᠴᠢᠨᠠᠷᠲᠠᠢ ᠦᠢᠯᠡᠰ ᠪᠣᠰᠬᠠᠬᠤ ᠨᠥᠬᠥᠪᠦᠷᠢ᠂ ᠭᠡᠷ ᠪᠠᠢᠰᠢᠩ ᠲᠦᠷᠢᠶᠡᠰᠦᠯᠡᠬᠦ ᠪᠠ ᠬᠤᠳᠠᠯᠳᠤᠨ ᠠᠪᠬᠤ ᠨᠥᠬᠥᠪᠦᠷᠢ ᠵᠡᠷᠭᠡ ᠲᠥᠷᠥ᠎ᠶᠢᠨ ᠪᠣᠳᠣᠯᠭ᠎ᠠ᠎ᠶᠢᠨ ᠲᠠᠯ᠎ᠠ᠎ᠪᠠᠷ ᠨᠠᠷᠢᠨ ᠨᠢᠮᠪᠠᠢ ᠲᠠᠢᠯᠤᠮᠵᠢ ᠬᠢᠵᠦ᠂ ᠲᠥᠷᠥ᠎ᠶᠢᠨ ᠪᠣᠳᠣᠯᠭ᠎ᠠ᠎ᠶᠢᠨ ᠤᠬᠠᠭᠤᠯᠭ᠎ᠠ᠎ᠶᠢᠨ ᠳᠡᠪᠲᠡᠷ᠎ᠢ 1500 ᠬᠤᠪᠢ ᠲᠠᠷᠬᠠᠭᠠᠵᠤ᠂ ᠲᠡᠭᠦᠰᠬᠦ ᠰᠤᠷᠤᠭ᠍ᠴᠢᠳ᠎ᠢ ᠬᠠᠪᠰᠤᠷᠤᠨ ᠲᠥᠷᠥ᠎ᠶᠢᠨ ᠪᠣᠳᠣᠯᠭ᠎ᠠ᠎ᠶᠢᠨ ᠠᠰᠢᠭ᠋ ᠲᠤᠰᠠ᠎ᠶᠢ ᠠᠵᠢᠯ ᠡᠷᠢᠬᠦ ᠢᠳᠡ ᠬᠦᠴᠦᠨ ᠪᠣᠯᠭᠠᠨ ᠬᠤᠪᠢᠷᠠᠭᠤᠯᠪᠠ᠃
ᠡᠭᠦᠨ᠎ᠦ ᠵᠡᠷᠭᠡ᠎ᠳᠦ᠂ ᠲᠣᠰ ᠤᠳᠠᠭᠠᠨ᠎ᠤ ᠠᠵᠢᠯᠲᠠᠨ ᠡᠯᠰᠡᠬᠦ ᠴᠤᠭᠯᠠᠭᠠᠨ ᠨᠢ ᠭᠠᠵᠠᠷ ᠣᠷᠣᠨ᠎ᠤ ᠠᠵᠤ ᠠᠬᠤᠢ᠎ᠶᠢᠨ ᠬᠥᠭᠵᠢᠯᠲᠡ ᠪᠣᠯᠣᠨ ᠴᠢᠳᠠᠪᠤᠷᠢᠲᠠᠨ᠎ᠤ ᠪᠠᠢᠯᠳᠤᠬᠤ ᠪᠣᠳᠣᠯᠭ᠎ᠠ᠎ᠲᠠᠢ ᠨᠢᠭ᠍ᠲᠠ ᠤᠶᠠᠯᠳᠤᠭᠤᠯᠤᠨ᠂ 《 ᠬᠥᠬᠡᠬᠣᠲᠠ᠎ᠳᠤ ᠦᠯᠡᠳᠡᠵᠦ ᠠᠵᠢᠯ ᠣᠯᠭᠣᠬᠤ 》 ᠭᠣᠣᠯᠳᠠᠯᠭ᠎ᠠ᠎ᠲᠠᠢ ᠨᠢᠭᠡᠴᠢ᠎ᠶᠢᠨ ᠲᠤᠰᠬᠠᠢ ᠲᠣᠭᠣᠷᠢᠭ᠋ ᠭᠠᠷᠭᠠᠵᠠᠢ᠃ ᠮᠧᠩ ᠨᠢᠦ᠂ ᠮᠧᠩ ᠼᠤᠤ᠂ ᠶᠢᠦ ᠷᠠᠨ ᠮᠠᠯ ᠠᠵᠤ ᠠᠬᠤᠢ ᠵᠡᠷᠭᠡ ᠠᠵᠤ ᠠᠬᠤᠢᠯᠠᠯ ᠲᠡᠭᠦᠰᠬᠦ ᠰᠤᠷᠤᠭ᠍ᠴᠢᠳ᠎ᠤᠨ ᠲᠠᠭᠠᠰᠢᠶᠠᠯ᠎ᠢ ᠣᠯᠵᠤ᠂ ᠦᠵᠡᠭᠦᠯᠭᠡ᠎ᠶᠢᠨ ᠪᠠᠢᠷᠢ᠎ᠶᠢᠨ ᠡᠮᠦᠨ᠎ᠡ ᠵᠥᠪᠳᠡᠨ ᠯᠠᠪᠯᠠᠬᠤ ᠠᠵᠢᠯ ᠡᠷᠢᠭᠰᠡᠳ ᠲᠠᠰᠤᠷᠠᠯᠲᠠ ᠦᠭᠡᠢ ᠣᠯᠠᠰᠢᠷᠠᠵᠤ ᠪᠠᠢᠨ᠎ᠠ᠃ ᠲᠡᠭᠦᠰᠬᠦ ᠰᠤᠷᠤᠭ᠍ᠴᠢ ᠸᠠᠩ ᠰᠢᠶᠠᠩ᠄ 《 ᠬᠥᠬᠡᠬᠣᠲᠠ᠎ᠶᠢᠨ ᠣᠢᠷ᠎ᠠ᠎ᠶᠢᠨ ᠵᠢᠯ᠎ᠦᠨ ᠲᠦᠷᠭᠡᠨ ᠬᠥᠭᠵᠢᠯᠲᠡ ᠪᠣᠯᠣᠨ ᠠᠯᠢ ᠤᠯᠠᠨ ᠰᠢᠯᠢᠳᠡᠭ ᠴᠢᠳᠠᠪᠤᠷᠢᠲᠠᠨ᠎ᠤ ᠲᠦᠷᠦ᠎ᠶᠢᠨ ᠪᠣᠳᠣᠯᠭ᠎ᠠ ᠨᠢ ᠪᠢᠳᠡᠨ᠎ᠳᠦ ᠡᠨᠡ ᠬᠦ᠌ ᠬᠤᠳᠠ᠎ᠳᠤ ᠦᠯᠡᠳᠡᠵᠦ ᠬᠥᠭᠵᠢᠬᠦ ᠯᠤᠲᠤ ᠶᠡᠬᠡ ᠳᠠᠯᠳᠠ ᠬᠦᠴᠦᠨ ᠪᠣᠯᠣᠨ ᠰᠠᠢᠨ ᠰᠠᠢᠬᠠᠨ ᠢᠷᠡᠭᠡᠳᠦᠢ᠎ᠶᠢ ᠮᠡᠳᠡᠷᠡᠭᠦᠯᠵᠡᠢ 》 ᠭᠡᠵᠦ ᠬᠡᠯᠡᠪᠡ᠃
《 ᠪᠢᠳᠡ ᠲᠡᠭᠦᠰᠬᠦ ᠰᠤᠷᠤᠭ᠍ᠴᠢᠳ᠎ᠤᠨ 9 ᠳ᠋ᠦ᠍ᠭᠡᠷ ᠰᠠᠷ᠎ᠠ᠎ᠶᠢᠨ ᠠᠵᠢᠯ ᠡᠷᠢᠬᠦ ᠰᠢᠵᠢᠷ ᠠᠯᠲᠠᠨ ᠬᠤᠭᠤᠴᠠᠭᠠᠨ᠎ᠳᠠᠬᠢ ᠰᠤᠷᠭᠠᠭᠤᠯᠢ᠎ᠳᠠᠭᠠᠨ ᠪᠤᠴᠠᠬᠤ ᠲᠣᠬᠢᠶᠠᠯ᠎ᠢ ᠠᠮᠵᠢᠵᠤ᠂ 〈 ᠵᠢᠵᠢᠭ ᠮᠥᠷᠲᠡᠭᠡᠨ ᠨᠠᠷᠢᠯᠢᠭ᠋ 〉〈 ᠲᠤᠰᠬᠠᠢ ᠮᠥᠷᠲᠡᠭᠡᠨ ᠰᠢᠯᠢᠳᠡᠭ 〉ᠠᠵᠢᠯᠲᠠᠨ ᠡᠯᠰᠡᠬᠦ ᠴᠤᠭᠯᠠᠭᠠᠨ᠎ᠢ ᠠᠯᠢ ᠣᠯᠠᠨ ᠡᠷᠭᠢᠯᠡᠵᠦ᠂ ᠲᠡᠭᠦᠰᠬᠦ ᠰᠤᠷᠤᠭ᠍ᠴᠢᠳ᠎ᠢ ᠬᠠᠪᠰᠤᠷᠤᠨ ᠰᠤᠷᠭᠠᠭᠤᠯᠢ᠎ᠶᠢᠨ ᠬᠦᠷᠢᠶᠡᠨ᠎ᠡᠴᠡ ᠠᠵᠢᠯ᠎ᠤᠨ ᠲᠠᠯᠠᠪᠤᠷ ᠬᠦᠷᠲᠡᠯ᠎ᠡ ᠵᠠᠢ ᠵᠠᠪᠰᠠᠷ ᠦᠭᠡᠢ᠎ᠪᠡᠷ ᠰᠢᠯᠵᠢᠭᠦᠯᠬᠦ ᠪᠠ ᠨᠠᠷᠢᠯᠢᠭ᠋ ᠣᠨᠣᠴᠠᠲᠠᠢ᠎ᠪᠠᠷ ᠵᠣᠯᠭᠠᠭᠤᠯᠬᠤ ᠪᠣᠯᠣᠨ᠎ᠠ 》 ᠭᠡᠵᠦ ᠬᠥᠬᠡᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ᠎ᠶᠢᠨ ᠬᠣᠯᠪᠣᠭᠳᠠᠯ ᠪᠦᠬᠦᠢ ᠬᠠᠷᠢᠭᠤᠴᠠᠯᠭᠠᠲᠠᠨ ᠢᠯᠡᠷᠬᠡᠢᠯᠡᠪᠡ᠃ ᠲᠡᠷᠡ᠂ ᠵᠠᠯᠭᠠᠭᠠᠳ ᠬᠥᠬᠡᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠰᠠᠯᠠᠭ᠎ᠠ ᠮᠥᠴᠢᠷ ᠶᠡᠬᠡ ᠳᠡᠭᠡᠳᠦ ᠰᠤᠷᠭᠠᠭᠤᠯᠢ᠎ᠲᠠᠢ ᠬᠠᠮᠵᠢᠯᠴᠠᠭ᠎ᠠ᠎ᠪᠠᠨ ᠦᠷᠭᠦᠯᠵᠢᠯᠡᠨ ᠴᠢᠩᠭᠠᠳᠬᠠᠵᠤ᠂ ᠨᠠᠩ ᠣᠯᠠᠨ ᠲᠣᠭᠲᠠᠭᠠᠯᠲᠤ ᠦᠢᠯᠡᠴᠢᠯᠡᠭᠡ ᠭᠠᠷᠭᠠᠵᠤ᠂ ᠶᠡᠬᠡ ᠳᠡᠭᠡᠳᠦ ᠰᠤᠷᠭᠠᠭᠤᠯᠢ ᠲᠡᠭᠦᠰᠦᠭᠰᠡᠳ᠎ᠦᠨ ᠠᠵᠢᠯ ᠣᠯᠭᠣᠯᠲᠠ᠎ᠶᠢᠨ ᠠᠩᠬᠠᠨ᠎ᠤ ᠠᠯᠬᠤᠮ᠎ᠢ ᠲᠣᠭᠲᠠᠪᠤᠷᠢᠵᠢᠭᠤᠯᠬᠤ᠎ᠳᠤ ᠬᠦᠴᠦᠨ ᠨᠡᠮᠡᠷᠢᠯᠡᠨ᠎ᠡ ᠭᠡᠵᠡᠢ᠃