ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠢᠳᠠᠪᠤᠷᠢᠲᠠᠨ᠎ᠤ ᠠᠵᠢᠯ᠎ᠢ ᠵᠣᠬᠢᠴᠠᠭᠤᠯᠬᠤ ᠳᠤᠭᠤᠶ᠋ᠢᠯᠠᠩ᠎ᠤᠨ ᠠᠯᠪᠠᠨ ᠭᠡᠷ᠎ᠤᠨ 《2020 ᠣᠨ᠎ᠤ 《ᠲᠠᠯ᠎ᠠ ᠨᠤᠲᠤᠭ᠎ᠤᠨ ᠴᠢᠳᠠᠪᠤᠷᠢᠲᠠᠨ》᠎ᠢ ᠬᠢᠨᠠᠨ ᠲᠣᠭᠲᠠᠭ᠋ᠠᠬᠤ ᠠᠵᠢᠯ᠎ᠢ ᠥᠷᠨᠢᠭᠦᠯᠬᠦ ᠲᠤᠬᠠᠢ ᠮᠡᠳᠡᠭᠳᠡᠯ》 (ᠥᠪᠥᠷ ᠴᠢᠳᠠᠪᠤᠷᠢᠲᠠᠨ ᠠᠯᠪᠠᠨ ᠦᠰᠦᠭ [2011] 1 ᠳ᠋ᠦ᠍ᠭᠡᠷ ᠲᠣᠭ᠋ᠠᠲᠤ)᠎ᠤᠨ ᠱᠠᠭ᠋ᠠᠷᠳᠠᠯᠭ᠎ᠠ ᠶᠣᠰᠣᠭ᠋ᠠᠷ᠂ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠠᠴᠠ ᠲᠤᠰᠬᠠᠢ ᠮᠡᠷᠭᠡᠵᠢᠯᠲᠡᠨ ᠵᠣᠬᠢᠶᠠᠨ ᠪᠠᠶ᠋ᠢᠭᠤᠯᠵᠤ᠂ ᠡᠷᠬᠦᠳᠡᠯ ᠲᠠᠪᠰᠢᠬᠦᠯᠦᠭᠰᠡᠨ ᠬᠤᠪᠢ ᠬᠥᠮᠦᠨ ᠪᠣᠯᠤᠨ ᠪᠦᠯᠬᠦᠮ ᠨᠢᠬᠡᠴᠡ᠎ᠳᠤ ᠬᠢᠨᠠᠨ ᠰᠢᠯᠭ᠋ᠠᠷᠠᠭᠤᠯᠤᠯᠲᠠ ᠬᠢᠪᠡ᠃ ᠲᠤᠰᠬᠠᠢ ᠮᠡᠷᠭᠡᠵᠢᠯᠲᠡᠨ᠎ᠤ ᠬᠢᠨᠠᠨ ᠲᠣᠬᠳᠠᠭ᠋ᠠᠯᠳᠠᠪᠠᠷ ᠲᠠᠮᠵᠢᠨ ᠳᠤᠮᠳᠠᠳᠤ ᠤᠯᠤᠰ᠎ᠤᠨ ᠴᠥᠮ᠎ᠡ ᠵᠢᠨ ᠰᠢᠲᠠᠭ᠋ᠠᠯᠭ᠎ᠠ ᠵᠢᠨ ᠲᠦᠭᠦᠬᠡᠢ ᠮᠠᠲ᠋ᠧᠷᠢᠶᠠᠯ᠎ᠤᠨ ᠬᠢᠵᠠᠭ᠋ᠠᠷᠲᠤ ᠺᠣᠮᠫᠠᠨᠢ ᠵᠢᠨ ᠴᠢᠨ ᠵᠢᠶᠠᠨ ᠵᠦᠩ ᠪᠣᠯᠤᠨ ᠥᠪᠥᠷ ᠮᠣᠩᠭᠣᠯ᠎ᠤᠨ ᠤᠮᠠᠷᠠᠲᠤ ᠵᠢᠨ ᠬᠦᠨᠳᠦ ᠠᠵᠤ ᠦᠢ᠍ᠯᠡᠳᠪᠦᠷᠢ ᠵᠢᠨ ᠪᠦᠯᠦᠭᠯᠡᠯ᠎ᠤᠨ ᠬᠢᠵᠠᠭ᠋ᠠᠷᠲᠤ ᠺᠣᠮᠫᠠᠨᠢ ᠵᠢᠨ ᠵᠧᠩ ᠬᠦᠢ ᠶᠢᠥ ᠵᠢ 2022 ᠣᠨ᠎ᠤ 《ᠲᠠᠯ᠎ᠠ ᠨᠤᠲᠤᠭ᠎ᠤᠨ ᠴᠢᠳᠠᠪᠤᠷᠢᠲᠠᠨ》 ᠤ ᠬᠣᠪᠢ ᠬᠦᠮᠦᠨ ᠵᠶ᠋ᠠᠷ ᠲᠣᠬᠳᠠᠭ᠋ᠠᠵᠦ᠂ ᠥᠪᠥᠷ ᠮᠣᠩᠭᠣᠯ᠎ᠤᠨ ᠤᠮᠠᠷᠠᠲᠤ ᠵᠢᠨ ᠬᠦᠨᠳᠦ ᠠᠵᠤ ᠦᠢ᠍ᠯᠡᠳᠪᠦᠷᠢ ᠵᠢᠨ ᠪᠦᠯᠦᠭᠯᠡᠯ᠎ᠤᠨ ᠬᠢᠵᠠᠭ᠋ᠠᠷᠲᠤ ᠺᠣᠮᠫᠠᠨᠢ ᠵᠢᠨ ᠸᠠᠩ ᠱ᠌ᠢ ᠯᠢᠶᠠᠩ ᠵᠢᠨ ᠰᠢᠨ᠎ᠡ ᠵᠢ ᠡᠬᠦᠳᠬᠦ ᠪᠦᠯᠬᠦᠮ ᠨᠢᠬᠡᠴᠡ ᠵᠢ 2022 ᠣᠨ᠎ᠤ 《ᠲᠠᠯ᠎ᠠ ᠨᠤᠲᠤᠭ᠎ᠤᠨ ᠴᠢᠳᠠᠪᠤᠷᠢᠲᠠᠨ》᠎ᠤ ᠪᠦᠯᠬᠦᠮ ᠨᠢᠬᠡᠴᠡ᠎ᠪᠠᠷ ᠲᠣᠬᠳᠠᠭ᠋ᠠᠪᠠ᠃ 10 ᠰᠠᠷ᠎ᠠ ᠵᠢᠨ 18᠎ᠤ ᠡᠳᠣᠷ᠎ᠠᠴᠠ 22᠎ᠤ ᠡᠳᠦᠷ ᠪᠣᠯᠲᠠᠯ᠎ᠠ ᠢᠯᠡ ᠨᠡᠢ᠌ᠳᠡᠯᠡᠨ᠎ᠡ᠃
ᠨᠡᠶ᠋ᠢᠲᠡᠯᠡᠬᠦ ᠬᠤᠭᠤᠴᠠᠭ᠋ᠠᠨ᠎ᠳᠤ᠂ ᠢᠯᠡ ᠨᠡᠢ᠌ᠳᠡᠯᠡᠭᠰᠡᠨ ᠡᠲᠡᠭᠡᠳ ᠪᠤᠶᠤ ᠬᠢᠨᠠᠨ ᠲᠣᠭᠲᠠᠭ᠋ᠠᠭᠰᠠᠨ ᠦᠷ᠎ᠡ ᠳ᠋ᠦ᠍ᠩᠳᠤ ᠣᠨᠳᠣᠣ ᠰᠠᠨᠠᠯ᠎ᠲᠠᠢ ᠪᠣᠯ ᠣᠳᠠᠰᠣ ᠂ ᠵᠡᠬᠢᠳᠡᠯ ᠪᠤᠶᠤ ᠢᠮᠸᠯ ᠵᠡᠷᠭᠡ ᠬᠡᠯᠪᠡᠷᠢ᠎ᠪᠠᠷ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠳᠤ ᠲᠤᠰᠬᠠᠬᠤ ᠪᠣᠯᠣᠨ᠎ᠠ᠃ ᠪᠠᠶ᠋ᠢᠳᠠᠯ᠎ᠢ ᠲᠤᠰᠬᠠᠬᠤ᠎ᠳᠠᠭᠠᠨ ᠡᠷᠬᠡᠪᠰᠢ ᠦᠨᠡᠨ ᠪᠣᠳᠠᠳᠠᠢ᠂ ᠪᠤᠰᠤᠳᠴᠢ᠂ ᠲᠥᠪ ᠭᠣᠣᠯᠴᠢ ᠪᠠᠢ᠌ᠬᠣ ᠭᠡᠷᠡᠭᠳᠡᠢ᠃ ᠣᠳᠠᠰᠣᠳᠠᠬᠣ ᠪᠤᠶᠤ ᠵᠠᠬᠢᠳᠠᠯ ᠢᠯᠡᠬᠡᠬᠦ᠎ᠳᠡᠭᠡᠨ ᠡᠷᠬᠡᠪᠰᠢ ᠨᠡᠷ᠎ᠡ ᠣᠪᠣᠭ ᠵᠶ᠋ᠠᠨ ᠦᠨᠡᠨ ᠮᠦᠨ ᠵᠶ᠋ᠠᠷ ᠬᠡᠯᠡᠵᠦ᠂ ᠵᠥᠪ ᠣᠨᠣᠪᠴᠢᠲᠠᠢ ᠬᠠᠷᠢᠯᠴᠠᠬᠤ ᠬᠠᠶᠢᠭ ᠦᠯᠡᠳᠡᠬᠡᠬᠦ ᠬᠡᠷᠡᠭᠲᠡᠢ᠂ ᠡᠰᠡᠪᠡᠰᠦ ᠬᠦᠯᠢᠶᠡᠨ ᠠᠪᠴᠤ ᠰᠢᠢ᠍ᠳᠪᠦᠷᠢᠯᠡᠬᠦ ᠦᠭᠡᠢ᠃ ᠬᠦᠯᠢᠶᠡᠨ ᠠᠪᠴᠤ ᠰᠢᠢ᠍ᠳᠪᠦᠷᠢᠯᠡᠬᠦ ᠰᠠᠯᠠᠭ᠎ᠠ ᠮᠥᠴᠢᠷ᠎ᠨᠢ ᠬᠣᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠲᠣᠰᠬᠠᠬᠰᠠᠨ ᠠᠭᠤᠯᠭ᠎ᠠ ᠪᠠ ᠲᠤᠰᠬᠠᠭᠰᠠᠨ ᠬᠦᠮᠦᠨ᠎ᠤ ᠬᠠᠮᠢᠶ᠎ᠠ ᠪᠦᠬᠦᠢ ᠰᠣᠷᠠᠭ ᠵᠠᠩᠭᠢ ᠵᠢᠨ ᠨᠢᠭᠤᠴᠠ ᠵᠢ ᠬᠠᠮᠠᠭ᠋ᠠᠯᠠᠬᠤ ᠬᠡᠷᠡᠭᠲᠡᠢ᠃
ᠬᠦᠯᠢᠶᠡᠨ ᠠᠪᠴᠤ ᠰᠢᠢ᠍ᠳᠪᠦᠷᠢᠯᠡᠬᠦ ᠠᠷᠭ᠎ᠠ ᠮᠠᠶᠢᠭ᠄
1. ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠵᠣᠬᠢᠶᠠᠨ ᠪᠠᠶ᠋ᠢᠭᠤᠯᠬᠤ ᠬᠡᠯᠲᠡᠰ
ᠬᠦᠯᠢᠶᠡᠨ ᠠᠪᠴᠤ ᠰᠢᠢ᠍ᠳᠪᠦᠷᠢᠯᠡᠬᠦ ᠣᠳᠠᠰᠣ᠄ (0471) 4812114
2. ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠣᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ
ᠬᠦᠯᠢᠶᠡᠨ ᠠᠪᠴᠤ ᠰᠢᠢ᠍ᠳᠪᠦᠷᠢᠯᠡᠬᠦ ᠣᠳᠠᠰᠣ᠄ (0471) 6613983
ᠬᠠᠷᠢᠯᠴᠠᠬᠤ ᠬᠠᠶ᠋ᠢᠭ᠄ ᠬᠥᠬᠡᠬᠣᠲᠠ ᠵᠢᠨ ᠰᠢᠨᠬᠤᠸᠠ ᠶᠡᠬᠡ ᠵᠡᠭᠡᠯᠢ ᠵᠢᠨ 63 ᠳ᠋ᠤᠭ᠋ᠠᠷ ᠬᠦᠷᠢᠶ᠎ᠡ ᠵᠢᠨ 6 ᠳ᠋ᠤᠭ᠋ᠠᠷ ᠨᠣᠮᠧᠷᠲᠦ ᠠᠰᠠᠷ᠎ᠤᠨ 317 ᠳ᠋ᠤᠭ᠋ᠠᠷ ᠲᠠᠰᠤᠭ
ᠢᠮᠧᠯ᠄ nmgrstzjc@163. com
ᠬᠠᠷᠢᠯᠴᠠᠬᠤ ᠬᠠᠶ᠋ᠢᠭ᠄ ᠬᠥᠬᠡᠬᠣᠲᠠ ᠵᠢᠨ ᠰᠢᠨᠬᠤᠸᠠ ᠶᠡᠬᠡ ᠵᠡᠭᠡᠯᠢ ᠵᠢᠨ 63 ᠬᠦᠷᠢᠶ᠎ᠡ ᠵᠢᠨ 6 ᠨᠣᠮᠧᠷᠲᠦ ᠠᠰᠠᠷ᠎ᠤᠨ 317 ᠳ᠋ᠤᠭ᠋ᠠᠷ ᠲᠠᠰᠤᠭ
ᠢᠮᠧᠯ᠄ nmgrstzjc@163. com
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠵᠢᠨ ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ
2021 ᠣᠨ᠎ᠤ10 ᠰᠠᠷ᠎ᠠ ᠵᠢᠨ 18᠎ᠤ ᠡᠳᠣᠷ