ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
《 ᠰᠠᠭ᠋ᠠᠳ ᠦᠭᠡᠢ ᠨᠡᠪᠲᠡᠷᠡᠬᠦ ᠵᠠᠮ 》 ᠵᠶ᠋ᠠᠷ ᠴᠢᠳᠠᠪᠣᠷᠢᠲᠠᠨ᠎ᠢ ᠣᠷᠣᠭᠤᠯᠤᠨ ᠠᠪᠴᠢᠷᠠᠬᠤ
ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠨ ᠤᠷᠢᠵᠤ ᠡᠯᠰᠡᠬᠦ ᠮᠡᠳᠡᠭᠡ ᠵᠠᠩᠭᠢ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2022 ᠣᠨ᠎ᠤ ᠭᠤᠤᠯᠳᠠᠯᠭ᠎ᠠ᠎ᠲᠠᠢ ᠠᠵᠤ ᠦᠢ᠍ᠯᠡᠰ ᠭᠤᠤᠯᠳᠠᠯᠭ᠎ᠠ᠎ᠲᠠᠢ ᠣᠷᠣᠨ ᠪᠦᠰᠡ᠎ᠳᠤ ᠪᠠᠴᠢᠮ ᠱᠠᠭ᠋ᠠᠷᠳᠠᠭᠳᠠᠵᠤ ᠪᠠᠶ᠋ᠢᠭ᠎ᠠ ᠳᠡᠭᠡᠳᠦ ᠲᠠᠰ᠎ᠤᠨ ᠴᠢᠳᠠᠪᠤᠷᠢᠲᠠᠨ᠎ᠤ ᠬᠡᠷᠡᠭᠴᠡᠭᠡ ᠱᠠᠭ᠋ᠠᠷᠳᠠᠯᠭ᠎ᠠ ᠵᠢᠨ ᠭᠠᠷᠴᠠᠭ》᠎ᠢ ᠨᠡᠶ᠋ᠢᠲᠡᠯᠡᠪᠡ
ᠨᠡᠶ᠋ᠢᠲᠡᠯᠡᠭᠰᠡᠨ ᠴᠠᠭ᠄ 2022-09-05

       ᠶᠡᠷᠦᠩᠬᠡᠶ ᠱᠦᠵᠢ ᠰᠢ ᠵᠢᠨ ᠫᠢᠩ᠎ᠤᠨ ᠴᠢᠳᠠᠪᠤᠷᠢᠲᠠᠨ᠎ᠤ ᠠᠵᠢᠯ᠎ᠤᠨ ᠲᠤᠬᠠᠶ ᠰᠢᠷᠢᠰ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠭᠦᠨᠵᠡᠭᠡᠶ ᠲᠤᠭᠤᠰᠢᠯᠠᠭᠤᠯᠵᠤ᠂ ᠥᠪᠡᠷᠲᠡᠭᠡᠨ ᠵᠠᠰᠠᠬᠤ ᠣᠷᠣᠨ᠎ᠤ 《ᠨᠢᠭᠡ ᠲᠥᠪ ᠣᠯᠠᠨ ᠴᠡᠭ》᠎ᠤᠨ ᠴᠢᠳᠠᠪᠤᠷᠢᠲᠠᠨ᠎ᠤ ᠠᠵᠢᠯ᠎ᠤᠨ ᠪᠠᠶ᠋ᠢᠷᠢᠰᠢᠯ᠎ᠢ ᠦᠷᠭᠦᠯᠵᠢᠯᠡᠨ ᠭᠦᠨᠵᠡᠭᠡᠶ᠋ᠢᠷᠡᠭᠦᠯᠵᠦ᠂ ᠴᠢᠳᠠᠪᠤᠷᠢᠲᠠᠨ᠎ᠢ ᠣᠷᠣᠭᠤᠯᠤᠨ ᠬᠡᠷᠡᠭᠯᠡᠬᠦ 《ᠲᠥᠪ᠎ᠢ ᠴᠢᠩᠭ᠋ᠠᠯᠠᠵᠤ ᠴᠡᠭ᠎ᠢ ᠬᠥᠭᠵᠢᠭᠡᠬᠦ》 ᠢᠨᠵᠧᠨᠧᠷᠢᠩ᠎ᠢ ᠶᠡᠬᠡ᠎ᠪᠠᠷ ᠠᠬᠢᠭᠤᠯᠬᠤ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2022 ᠣᠨ᠎ᠤ ᠭᠤᠤᠯᠳᠠᠯᠭ᠎ᠠ᠎ᠲᠠᠢ ᠠᠵᠤ ᠦᠢ᠍ᠯᠡᠰ ᠭᠤᠤᠯᠳᠠᠯᠭ᠎ᠠ᠎ᠲᠠᠢ ᠣᠷᠣᠨ ᠪᠦᠰᠡ ᠵᠢᠨ ᠪᠠᠴᠢᠮ ᠬᠡᠷᠡᠭᠴᠡᠭᠡ᠎ᠲᠠᠢ ᠳᠤᠲᠠᠭᠳᠠᠵᠤ ᠪᠠᠶ᠋ᠢᠭ᠎ᠠ ᠳᠡᠭᠡᠳᠦ ᠲᠠᠰ᠎ᠤᠨ ᠴᠢᠳᠠᠪᠤᠷᠢᠲᠠᠨ᠎ᠤ ᠬᠡᠷᠡᠭᠴᠡᠭᠡ ᠱᠠᠭ᠋ᠠᠷᠳᠠᠯᠭ᠎ᠠ ᠵᠢᠨ ᠭᠠᠷᠴᠠᠭ》᠎ᠢ ᠵᠣᠬᠢᠶᠠᠨ ᠪᠠᠶ᠋ᠢᠭᠤᠯᠵᠤ ᠨᠠᠶ᠋ᠢᠷᠠᠭᠤᠯᠤᠨ ᠵᠣᠬᠢᠶᠠᠪᠠ᠃ 《ᠭᠠᠷᠴᠠᠭ》᠎ᠢ ᠭᠣᠣᠯᠳᠠᠯᠭ᠎ᠠ᠎ᠲᠠᠢ ᠠᠵᠤ ᠦᠢ᠍ᠯᠡᠰ ᠪᠣᠯᠤᠨ ᠭᠣᠣᠯᠳᠠᠯᠭ᠎ᠠ᠎ᠲᠠᠢ ᠣᠷᠣᠨ ᠪᠦᠰᠡ ᠭᠡᠵᠦ ᠬᠣᠶᠠᠷ ᠬᠡᠰᠡᠭ ᠬᠤᠪᠢᠶᠠᠵᠠᠢ᠃ ᠬᠠᠮᠢᠶ᠎ᠠ ᠪᠥᠬᠥᠶ ᠠᠭᠤᠯᠭ᠎ᠠ᠎ᠳᠤ 《ᠤᠮᠠᠷᠠᠲᠤ ᠬᠢᠯᠢ ᠵᠢᠨ ᠬᠣᠰᠢᠭᠤᠴᠢ》᠂ 《ᠥᠪᠥᠷ ᠮᠣᠩᠭᠣᠯ᠎ᠤᠨ ᠴᠢᠳᠠᠪᠤᠷᠢᠲᠠᠨ᠎ᠤ ᠰᠦᠯᠵᠢᠶ᠎ᠡ》᠂ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠤᠨ ᠠᠯᠪᠠᠨ ᠰᠦᠯᠵᠢᠶ᠎ᠡ᠂ ᠥᠪᠥᠷ ᠮᠣᠩᠭᠣᠯ᠎ᠤᠨ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠸᠢᠴᠠᠲ᠎ᠤᠨ ᠣᠯᠠᠨ ᠨᠡᠶ᠋ᠢᠲᠡ ᠵᠢᠨ ᠳ᠋ᠤᠭ᠋ᠠᠷ᠎ᠢ ᠢᠵᠢᠯ ᠠᠯᠬᠤᠮ ᠵᠶ᠋ᠠᠷ ᠳᠠᠮᠵᠢᠭᠤᠯᠤᠨ ᠬᠦᠷᠭᠡᠪᠡ᠃ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠡᠯ᠎ᠡ ᠲᠥᠷᠥᠯ᠎ᠤᠨ ᠰᠢᠯᠢᠳᠡᠭ ᠴᠢᠳᠠᠪᠤᠷᠢᠲᠠᠨ᠎ᠤ ᠥᠪᠥᠷ ᠮᠣᠩᠭᠣᠯ᠎ᠳᠤ ᠢᠷᠡᠵᠦ ᠰᠢᠨ᠎ᠡ ᠵᠢ ᠡᠭᠦᠳᠦᠨ ᠦᠢ᠍ᠯᠡᠰ ᠴᠣᠭᠴᠠᠯᠠᠬᠤ ᠵᠢ ᠪᠠᠶᠠᠷᠯᠠᠨ ᠤᠭᠲᠤᠵᠤ ᠪᠠᠶ᠋ᠢᠨ᠎ᠠ᠃
   
       ᠳᠠᠭ᠋ᠠᠯᠳᠤᠭᠤᠯᠤᠯ᠄ 1 . ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2022 ᠣᠨ᠎ᠤ ᠭᠤᠤᠯᠳᠠᠯᠭ᠎ᠠ᠎ᠲᠠᠢ ᠠᠵᠤ ᠦᠢ᠍ᠯᠡᠰ᠎ᠤᠨ ᠪᠠᠴᠢᠮ ᠬᠡᠷᠡᠭᠰᠡᠬᠦ ᠳᠤᠲᠠᠭᠳᠠᠵᠤ ᠪᠠᠶ᠋ᠢᠭ᠎ᠠ ᠳᠡᠭᠡᠳᠦ ᠲᠠᠰ᠎ᠤᠨ ᠴᠢᠳᠠᠪᠤᠷᠢᠲᠠᠨ᠎ᠤ ᠬᠡᠷᠡᠭᠴᠡᠭᠡ ᠱᠠᠭ᠋ᠠᠷᠳᠠᠯᠭ᠎ᠠ ᠵᠢᠨ ᠮᠡᠳᠡᠭᠡ ᠵᠠᠩᠭᠢ ᠵᠢᠨ ᠬᠦᠰᠦᠨᠦᠭᠲᠦ 
       2 . ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2022 ᠣᠨ᠎ᠤ ᠭᠤᠤᠯᠳᠠᠯᠭ᠎ᠠ᠎ᠲᠠᠢ ᠣᠷᠣᠨ ᠪᠦᠰᠡ᠎ᠳᠤ ᠪᠠᠴᠢᠮ ᠱᠠᠭ᠋ᠠᠷᠳᠠᠭᠳᠠᠵᠤ ᠪᠠᠶ᠋ᠢᠭ᠎ᠠ ᠳᠡᠭᠡᠳᠦ ᠲᠠᠰ᠎ᠤᠨ ᠴᠢᠳᠠᠪᠤᠷᠢᠲᠠᠨ᠎ᠤ ᠬᠡᠷᠡᠭᠴᠡᠭᠡ ᠱᠠᠭ᠋ᠠᠷᠳᠠᠯᠭ᠎ᠠ ᠵᠢᠨ ᠮᠡᠳᠡᠭᠡ ᠵᠠᠩᠭᠢ ᠵᠢᠨ ᠬᠦᠰᠦᠨᠦᠭᠲᠦ



ᠳᠠᠭ᠋ᠠᠯᠳᠤᠭᠤᠯᠤᠯ

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
ᠳᠤᠮᠳᠠᠳᠤ ᠤᠯᠤᠰ᠎ᠤᠨ ᠲᠡᠮᠦᠷ ᠵᠠᠮ᠎ᠤᠨ ᠵᠢᠷᠭᠤᠳᠤᠭ᠋ᠠᠷ ᠲᠣᠪᠴᠢᠶᠠᠨ᠎ᠤ ᠪᠦᠯᠦᠭᠯᠡᠯ᠎ᠤᠨ ᠬᠥᠬᠡᠬᠣᠲᠠ ᠵᠢᠨ ᠲᠡᠮᠦᠷ ᠵᠠᠮ᠎ᠤᠨ ᠪᠥᠲᠥᠭᠡᠨ ᠪᠠᠶ᠋ᠢᠭᠤᠯᠤᠯᠲᠠ ᠵᠢᠨ ᠬᠢᠵᠠᠭ᠋ᠠᠷᠲᠤ ᠺᠣᠮᠫᠠᠨᠢ ᠵᠢᠨ 2022 ᠣᠨ᠎ᠳᠤ ᠣᠨᠴᠠᠭ᠋ᠠᠶ ᠠᠵᠢᠯ ᠲᠥᠷᠥᠯ᠎ᠤᠨ ᠠᠵᠢᠯ᠎ᠠᠴᠠ᠎ᠪᠠᠨ ᠠᠮᠠᠷᠠᠭᠰᠠᠳ᠎ᠤᠨ ᠲᠤᠬᠠᠶ ᠵᠠᠷᠯᠠᠯ
ᠪᠦᠬᠦ ᠣᠷᠣᠨ᠎ᠤ ᠮᠠᠯᠴᠢᠨ ᠲᠠᠷᠢᠶᠠᠴᠢᠨ ᠬᠦᠴᠦ ᠶᠠᠪᠤᠭᠰᠠᠳ᠎ᠲᠤ ᠥᠭᠭᠦᠭᠰᠡᠨ ᠵᠠᠬᠢᠳᠠᠯ
ᠳᠤᠮᠳᠠᠳᠤ ᠤᠯᠤᠰ᠎ᠤᠨ ᠨᠢᠭᠡᠳᠦᠭᠰᠡᠨ ᠬᠣᠯᠪᠣᠭ᠎ᠠ ᠵᠢᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠪᠢᠶᠠᠷᠢ ᠺᠣᠮᠫᠠᠨᠢ ᠵᠢᠨ 2022 ᠣᠨ᠎ᠤ ᠨᠢᠭᠡᠳᠦᠭᠡᠷ ᠪᠦᠯᠦᠭ ᠣᠨᠴᠠᠭ᠋ᠠᠶ ᠠᠵᠢᠯ ᠲᠥᠷᠥᠯ᠎ᠤᠨ ᠠᠵᠢᠯ᠎ᠠᠴᠠ᠎ᠪᠠᠨ ᠠᠮᠠᠷᠠᠭᠰᠠᠳ᠎ᠢ ᠭᠤᠶᠤᠴᠢᠯᠠᠬᠤ ᠲᠤᠬᠠᠶ ᠵᠠᠷᠯᠠᠯ
ᠤᠯᠤᠰ᠎ᠤᠨ ᠡᠨᠧᠷᠭᠢ ᠵᠢᠨ ᠪᠦᠯᠦᠭᠯᠡᠯ᠎ᠤᠨ ᠬᠠᠩᠭᠢᠨ᠎ᠤ ᠡᠨᠧᠷᠭᠢ ᠵᠢᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ ᠵᠢᠨ 2022 ᠣᠨ᠎ᠤ ᠭᠤᠷᠪᠠᠳᠤᠭ᠋ᠠᠷ ᠪᠦᠯᠦᠭ᠎ᠤᠨ ᠣᠨᠴᠠᠭ᠋ᠠᠶ ᠠᠵᠢᠯ ᠲᠥᠷᠥᠯ ᠵᠶ᠋ᠠᠷ ᠡᠷᠡᠮᠡᠯᠵᠡᠨ ᠠᠵᠢᠯ᠎ᠠᠴᠠ᠎ᠪᠠᠨ ᠠᠮᠠᠷᠠᠭᠰᠠᠳ᠎ᠤᠨ ᠲᠤᠬᠠᠶ ᠵᠠᠷᠯᠠᠯ
ᠥᠪᠥᠷ ᠮᠣᠩᠭᠣᠯ᠎ᠤᠨ ᠣᠶ ᠰᠢᠭᠤᠶ ᠵᠢᠨ ᠠᠵᠤ ᠦᠢ᠍ᠯᠡᠳᠪᠦᠷᠢ ᠵᠢᠨ ᠪᠦᠯᠦᠭᠯᠡᠯ᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ ᠵᠢᠨ 2022 ᠣᠨ᠎ᠤ ᠬᠣᠶᠠᠳᠤᠭ᠋ᠠᠷ ᠪᠦᠯᠦᠭ᠎ᠤᠨ ᠣᠨᠴᠠᠭ᠋ᠠᠶ ᠠᠵᠢᠯ ᠲᠥᠷᠥᠯ ᠵᠶ᠋ᠠᠷ ᠡᠷᠡᠮᠡᠯᠵᠡᠨ ᠠᠵᠢᠯ᠎ᠠᠴᠠ᠎ᠪᠠᠨ ᠠᠮᠠᠷᠠᠭᠰᠠᠳ᠎ᠤᠨ ᠲᠤᠬᠠᠶ ᠵᠠᠷᠯᠠᠯ
 
            