ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
《 ᠰᠠᠭ᠋ᠠᠳ ᠦᠭᠡᠢ ᠨᠡᠪᠲᠡᠷᠡᠬᠦ ᠵᠠᠮ 》 ᠵᠶ᠋ᠠᠷ ᠴᠢᠳᠠᠪᠣᠷᠢᠲᠠᠨ᠎ᠢ ᠣᠷᠣᠭᠤᠯᠤᠨ ᠠᠪᠴᠢᠷᠠᠬᠤ
ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠨ ᠤᠷᠢᠵᠤ ᠡᠯᠰᠡᠬᠦ ᠮᠡᠳᠡᠭᠡ ᠵᠠᠩᠭᠢ
ᠢᠯᠡ ᠵᠠᠰᠠᠭ   -   ᠪᠢᠴᠢᠭ ᠮᠠᠲ᠋ᠧᠷᠢᠶᠠᠯ
ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠬᠦ ᠲᠤᠬᠠᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠰᠠᠨᠠᠯ (1)
ᠨᠡᠶ᠋ᠢᠲᠡᠯᠡᠭᠰᠡᠨ ᠴᠠᠭ᠄ 2024-11-01

(2024 ᠣᠨ᠎ᠤ 10 ᠰᠠᠷ᠎ᠠ ᠵᠢᠨ 12᠎ᠤᠨ ᠡᠳᠦᠷ)

(2024 ᠣᠨ᠎ᠤ 10 ᠰᠠᠷ᠎ᠠ ᠵᠢᠨ 12᠎ᠤᠨ ᠡᠳᠦᠷ)

      ᠠᠵᠤ ᠦᠢ᠍ᠯᠡᠰ᠎ᠤᠨ ᠠᠵᠢᠯᠴᠢᠨ ᠪᠣᠯ ᠠᠵᠢᠯᠴᠢᠨ ᠠᠩᠭᠢ ᠵᠢᠨ ᠭᠣᠣᠯ ᠬᠦᠴᠦᠨ ᠮᠥᠨ᠂ ᠨᠡᠢ᠌ᠭᠡᠮ᠎ᠤᠨ ᠥᠪ ᠬᠥᠷᠥᠩᠭᠡ ᠵᠢ ᠡᠭᠦᠳᠬᠦ ᠲᠤᠯᠭ᠋ᠠᠭᠤᠷᠢ ᠬᠦᠴᠦᠨ ᠮᠥᠨ᠂ ᠰᠢᠨ᠎ᠡ ᠵᠢ ᠡᠭᠦᠳᠬᠦ᠎ᠪᠠᠷ ᠬᠥᠳᠡᠯᠭᠡᠭᠦᠷ ᠪᠤᠯᠭ᠋ᠠᠬᠤ ᠬᠥᠭᠵᠢᠯᠲᠡ ᠵᠢᠨ ᠪᠠᠢ᠌ᠯᠳᠤᠬᠤ ᠪᠣᠳᠣᠯᠭ᠎ᠠ ᠵᠢ ᠬᠡᠷᠡᠭᠵᠢᠭᠦᠯᠬᠦ᠂ ᠦᠢ᠍ᠯᠡᠳᠬᠦ ᠦᠢ᠍ᠯᠡᠰ᠎ᠤᠨ ᠬᠦᠴᠦᠷᠬᠡᠭ ᠤᠯᠤᠰ᠎ᠢ ᠲᠦᠷᠭᠡᠳᠬᠡᠨ ᠪᠦᠲᠦᠭᠡᠨ ᠪᠠᠢ᠌ᠭᠤᠯᠬᠤ ᠭᠣᠣᠯᠯᠠᠭᠴᠢ ᠬᠦᠴᠦᠨ ᠮᠥᠨ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠦᠨ ᠪᠣᠳᠠᠲᠠᠢ᠌ᠵᠢᠭᠤᠯᠬᠤ ᠵᠢ ᠠᠬᠢᠭᠤᠯᠬᠤ ᠵᠢᠨ ᠲᠥᠯᠥᠭᠡ᠂ ᠤᠳᠤ ᠳᠣᠣᠷᠠᠬᠢ ᠮᠡᠲᠦ ᠰᠠᠨᠠᠯ᠎ᠢ ᠳᠤᠷᠠᠳᠪᠠ᠃

      ᠨᠢᠭᠡ᠂ ᠶᠡᠷᠦᠩᠬᠡᠢ ᠱᠠᠭ᠋ᠠᠷᠳᠠᠯᠭ᠎ᠠ

      ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠤᠯᠭ᠋ᠠᠬᠤ ᠵᠢ ᠪᠠᠷᠢᠮᠲᠠᠯᠠᠵᠤ᠂ ᠨᠠᠮ᠎ᠤᠨ ᠬᠣᠷᠢᠳᠤᠭ᠋ᠠᠷ ᠶᠡᠬᠡ ᠬᠤᠷᠠᠯ ᠪᠣᠯᠣᠨ ᠨᠠᠮ᠎ᠤᠨ ᠬᠣᠷᠢᠳᠤᠭ᠋ᠠᠷ ᠬᠤᠭᠤᠴᠠᠭ᠋ᠠᠨ᠎ᠤ ᠬᠣᠶᠠᠳᠤᠭ᠋ᠠᠷ᠂ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠪᠦᠭᠦ ᠲᠠᠯ᠎ᠠ᠎ᠪᠠᠷ ᠲᠤᠭᠤᠰᠢᠯᠠᠭᠤᠯᠵᠤ᠂ ᠶᠡᠷᠦᠩᠬᠡᠢ ᠱᠦᠵᠢ ᠰᠢ ᠵᠢᠨ ᠫᠢᠩ᠎ᠤᠨ ᠠᠵᠢᠯᠴᠢᠨ ᠠᠩᠭᠢ ᠪᠣᠯᠣᠨ ᠠᠵᠢᠯᠴᠢᠨ᠎ᠤ ᠡᠪᠯᠡᠯ᠎ᠤᠨ ᠠᠵᠢᠯ᠎ᠤᠨ ᠲᠤᠬᠠᠢ ᠴᠢᠬᠤᠯᠠ ᠥᠭᠦᠯᠡᠯᠲᠡ ᠵᠢ ᠭᠦᠨᠵᠡᠭᠡᠢ ᠲᠤᠭᠤᠰᠢᠯᠠᠭᠤᠯᠵᠤ᠂ ᠨᠠᠮ᠎ᠤᠨ ᠪᠦᠭᠦ ᠲᠠᠯ᠎ᠠ ᠵᠢᠨ ᠤᠳᠤᠷᠢᠳᠤᠯᠭ᠎ᠠ ᠵᠢ ᠪᠠᠷᠢᠮᠲᠠᠯᠠᠨ ᠴᠢᠩᠭ᠋ᠠᠳᠬᠠᠵᠤ᠂ ᠪᠦᠭᠦ ᠰᠡᠳᠬᠢᠯ ᠪᠦᠭᠦ ᠵᠣᠷᠢᠭ ᠵᠶ᠋ᠠᠷ ᠵᠶ᠋ᠠᠨ ᠠᠵᠢᠯᠴᠢᠨ ᠠᠩᠭᠢ᠎ᠳᠤ ᠲᠦᠰᠢᠭᠯᠡᠬᠦ ᠦᠨᠳᠦᠰᠦᠨ ᠴᠢᠭᠯᠡᠯᠲᠡ ᠵᠢ ᠪᠠᠷᠢᠮᠲᠠᠯᠠᠵᠤ᠂ 《ᠬᠣᠶᠠᠷ᠎ᠢ ᠲᠣᠭᠲᠠᠭ᠋ᠠᠬᠤ》 ᠵᠢᠨ ᠰᠢᠢ᠍ᠳᠪᠦᠷᠢᠯᠡᠭᠴᠢ ᠠᠴᠢ ᠬᠣᠯᠪᠣᠭᠳᠠᠯ᠎ᠢ ᠭᠦᠨᠵᠡᠭᠡᠢ ᠣᠢ᠌ᠯᠠᠭ᠋ᠠᠵᠤ᠂ 《ᠳᠥᠷᠪᠡᠨ ᠤᠬᠠᠮᠰᠠᠷ》 ᠵᠢᠡᠨ ᠴᠢᠩᠭ᠋ᠠᠳᠬᠠᠵᠤ᠂ 《ᠳᠥᠷᠪᠡᠨ ᠢᠲᠡᠭᠡᠯ》 ᠵᠢᠡᠨ ᠪᠠᠲᠤᠳᠬᠠᠵᠤ᠂ 《ᠬᠣᠶᠠᠷ᠎ᠢ ᠬᠠᠮᠠᠭ᠋ᠠᠯᠠᠬᠤ》 ᠵᠢ ᠪᠡᠶᠡᠯᠡᠭᠦᠯᠵᠦ᠂ ᠰᠢᠰᠲ᠋ᠧᠮ᠎ᠤᠨ ᠦᠵᠡᠯᠲᠡ᠂ ᠠᠰᠠᠭᠤᠳᠠᠯ ᠵᠶ᠋ᠠᠷ ᠤᠳᠤᠷᠢᠳᠤᠮᠵᠢ ᠪᠤᠯᠭ᠋ᠠᠬᠤ᠂ ᠲᠥᠪ ᠶᠣᠰᠣ ᠵᠢ ᠪᠠᠷᠢᠮᠲᠠᠯᠠᠨ ᠰᠢᠨ᠎ᠡ ᠵᠢ ᠡᠭᠦᠳᠬᠦ ᠵᠢ ᠪᠠᠷᠢᠮᠲᠠᠯᠠᠵᠤ᠂ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠵᠦ᠂ ᠠᠵᠤ ᠦᠢ᠍ᠯᠡᠰ᠎ᠤᠨ ᠠᠵᠢᠯᠴᠢᠳ᠎ᠢ ᠪᠦᠯᠬᠦᠮᠳᠡᠭᠦᠯᠦᠨ ᠵᠢᠯᠤᠭᠣᠳᠴᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠬᠤ ᠪᠦᠲᠦᠭᠡᠨ ᠪᠠᠢ᠌ᠭᠤᠯᠤᠯᠲᠠ ᠵᠢᠨ ᠳᠤᠮᠳᠠ ᠭᠣᠣᠯ ᠬᠦᠴᠦᠨ᠎ᠤ ᠦᠢ᠍ᠯᠡᠳᠦᠯ᠎ᠢ᠎ᠨᠢ ᠪᠠᠳᠠᠷᠠᠭᠤᠯᠬᠤ ᠬᠡᠷᠡᠭᠲᠡᠢ᠃

      ᠭᠣᠣᠯ ᠬᠠᠷᠠᠯᠲᠠ᠄ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠬᠦ᠎ᠪᠠᠷ ᠳᠡᠮᠵᠢᠨ᠂ ᠦᠵᠡᠯ ᠰᠠᠨᠠᠭ᠎ᠠ ᠤᠯᠤᠰ ᠲᠥᠷᠥ ᠵᠢᠨ ᠵᠢᠯᠣᠭᠣᠳᠤᠯᠭ᠎ᠠ ᠵᠢ ᠨᠠᠩ ᠯᠠᠪᠳᠠᠭᠤᠨ ᠪᠠᠲᠤᠲᠠᠢ ᠪᠤᠯᠭ᠋ᠠᠵᠤ᠂ ᠠᠵᠤ ᠦᠢ᠍ᠯᠡᠰ᠎ᠤᠨ ᠠᠵᠢᠯᠴᠢᠨ᠎ᠤ ᠨᠠᠮ᠎ᠤᠨ ᠦᠭᠡ ᠵᠢ ᠰᠣᠨᠣᠰᠴᠤ ᠨᠠᠮ ᠵᠶ᠋ᠠᠨ ᠳᠠᠭ᠋ᠠᠬᠤ ᠢᠲᠡᠭᠡᠯ ᠵᠣᠷᠢᠭ᠎ᠢ ᠨᠠᠩ ᠪᠠᠲᠤᠳᠬᠠᠵᠤ᠂ ᠠᠵᠢᠯ ᠬᠢᠵᠦ ᠦᠢ᠍ᠯᠡᠰ ᠪᠣᠰᠬᠠᠬᠤ ᠣᠷᠭᠢᠯᠤᠮ᠎ᠠ ᠬᠠᠯᠠᠭᠤᠨ ᠰᠡᠳᠬᠢᠯᠭᠡ ᠪᠦᠬᠦᠢ ᠬᠥᠳᠡᠯᠭᠡᠬᠦ ᠬᠦᠴᠦᠨ᠎ᠢ ᠨᠠᠩ ᠬᠥᠭᠵᠢᠭᠡᠵᠦ᠂ ᠡᠵᠡᠨ ᠬᠥᠮᠥᠨ᠎ᠤ ᠪᠠᠢ᠌ᠷᠢ ᠰᠠᠭᠤᠷᠢ ᠵᠢ ᠨᠠᠩ ᠢᠯᠡᠷᠬᠡᠢ ᠪᠤᠯᠭ᠋ᠠᠵᠤ᠂ ᠠᠮᠵᠢᠯᠲᠠ ᠵᠢᠨ ᠲᠥᠷᠥᠭᠳᠡᠯ ᠬᠦᠷᠲᠡᠮᠵᠢ ᠵᠢᠨ ᠲᠥᠷᠥᠭᠳᠡᠯ ᠵᠢᠷᠭ᠋ᠠᠯᠲᠤ ᠲᠥᠷᠥᠭᠳᠡᠯ᠎ᠢ ᠤᠯᠠᠮ ᠨᠢᠭᠡ ᠠᠯᠬᠤᠮ ᠨᠡᠮᠡᠭᠳᠡᠭᠦᠯᠦᠨ᠎ᠡ; ᠭᠦᠳᠡᠯᠮᠦᠷᠢ ᠥᠩᠭᠡ ᠭᠡᠷᠡᠯᠲᠡᠢ᠂ ᠤᠷ᠎ᠠ ᠮᠡᠷᠭᠡᠵᠢᠯ ᠡᠷᠬᠢᠮ ᠨᠠᠨᠳᠢᠨ᠂ ᠡᠭᠦᠳᠦᠨ ᠪᠦᠲᠦᠭᠡᠯᠲᠡ ᠠᠭᠤᠤ ᠶᠡᠬᠡ ᠭᠡᠬᠦ ᠨᠡᠢ᠌ᠭᠡᠮ᠎ᠤᠨ ᠠᠭᠤᠷ ᠠᠮᠢᠰᠬᠤᠯ᠎ᠢ ᠨᠡᠩ ᠭᠦᠨ ᠵᠤᠵᠠᠭ᠋ᠠᠨ ᠪᠣᠯᠭ᠋ᠠᠨ᠎ᠠ; ᠠᠵᠤ ᠦᠢ᠍ᠯᠡᠰ᠎ᠤᠨ ᠠᠵᠢᠯᠴᠢᠨ᠎ᠤ ᠶᠡᠷᠦᠩᠬᠡᠢ ᠬᠡᠪ ᠪᠣᠯᠪᠠᠰᠤᠷᠠᠯ ᠢᠯᠡᠳᠲᠡ ᠳᠡᠭᠡᠭᠰᠢᠯᠡᠵᠦ᠂ ᠲᠣᠮᠣ ᠤᠯᠤᠰ᠎ᠤᠨ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ ᠲᠠᠰᠤᠷᠠᠯᠲᠠ ᠦᠭᠡᠢ ᠴᠣᠯᠭᠣᠷᠠᠨ ᠭᠠᠷᠴᠤ᠂ ᠮᠡᠳᠡᠯᠭᠡ ᠵᠢᠨ ᠭᠡᠯᠪᠡᠷᠢ ᠵᠢᠨ ᠤᠷ᠎ᠠ ᠮᠡᠷᠭᠡᠵᠢᠯ᠎ᠤᠨ ᠭᠡᠯᠪᠡᠷᠢ ᠵᠢᠨ ᠰᠢᠨ᠎ᠡ ᠵᠢ ᠡᠭᠦᠳᠬᠦ ᠭᠡᠯᠪᠡᠷᠢ ᠵᠢᠨ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢ ᠲᠠᠰᠤᠷᠠᠯᠲᠠ ᠦᠭᠡᠢ ᠪᠤᠵᠠᠭ᠋ᠠᠢ᠌ᠷᠠᠭᠤᠯᠤᠨ᠎ᠠ᠃ 2035 ᠣᠨ ᠪᠤᠯᠬᠤ᠎ᠳᠤ᠂ 2000 ᠣᠷᠴᠢᠮ᠎ᠤᠨ ᠲᠣᠮᠣ ᠤᠯᠤᠰ᠎ᠤᠨ ᠤᠷᠠᠨ ᠳᠠᠷᠬᠠᠨ᠂ 10000 ᠣᠷᠴᠢᠮ᠎ᠤᠨ ᠮᠤᠵᠢ ᠵᠢᠨ ᠲᠠᠰ᠎ᠤᠨ ᠤᠷᠠᠨ ᠳᠠᠷᠬᠠᠨ᠂ 50000 ᠣᠷᠴᠢᠮ᠎ᠤᠨ ᠬᠣᠲᠠ ᠵᠢᠨ ᠲᠠᠰ᠎ᠤᠨ ᠤᠷᠠᠨ ᠳᠠᠷᠬᠠᠨ᠎ᠢ ᠬᠥᠮᠥᠵᠢᠭᠦᠯᠦᠨ ᠪᠣᠢ᠌ᠵᠢᠭᠤᠯᠵᠤ᠂ ᠨᠠᠩ ᠣᠯᠠᠨ ᠲᠣᠮᠣ ᠤᠯᠤᠰ᠎ᠤᠨ ᠤᠷᠠᠨ ᠳᠠᠷᠬᠠᠨ ᠪᠠ ᠡᠯ᠎ᠡ ᠱᠠᠲᠤᠨ᠎ᠤ ᠤᠷᠠᠨ ᠳᠠᠷᠬᠠᠨ ᠴᠢᠳᠠᠪᠤᠷᠢᠲᠠᠨ᠎ᠢ ᠬᠥᠮᠥᠵᠢᠭᠦᠯᠬᠦ᠎ᠪᠠᠷ ᠤᠳᠤᠷᠢᠳᠤᠮᠵᠢ ᠪᠤᠯᠭ᠋ᠠᠵᠤ᠂ ᠲᠡᠷᠢᠭᠦᠨ᠎ᠤ ᠠᠵᠤ ᠦᠢ᠍ᠯᠡᠰ᠎ᠤᠨ ᠮᠡᠷᠭᠡᠵᠢᠯ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢ ᠳᠠᠢ᠌ᠴᠢᠯᠠᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠪᠠᠷ ᠬᠦᠴᠦᠷᠬᠡᠭ ᠤᠯᠤᠰ᠎ᠤᠨ ᠪᠦᠲᠦᠭᠡᠨ ᠪᠠᠢ᠌ᠭᠤᠯᠤᠯᠲᠠ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠠᠭᠤᠤ ᠦᠢ᠍ᠯᠡᠰ᠎ᠢ ᠪᠦᠭᠦ ᠲᠠᠯ᠎ᠠ᠎ᠪᠠᠷ ᠠᠬᠢᠭᠤᠯᠬᠤ᠎ᠳᠤ ᠴᠢᠳᠠᠪᠤᠷᠢᠲᠠᠨ᠎ᠤ ᠬᠦᠴᠦᠲᠡᠢ ᠪᠠᠲᠤᠯᠠᠭ᠎ᠠ ᠪᠠ ᠤᠷ᠎ᠠ ᠮᠡᠷᠭᠡᠵᠢᠯ᠎ᠤᠨ ᠲᠤᠯᠭ᠋ᠠᠭᠤᠷᠢᠯᠠᠯ ᠬᠠᠩᠭ᠋ᠠᠬᠤ᠎ᠪᠠᠷ ᠴᠢᠷᠮᠠᠢ᠌ᠨ᠎ᠠ᠃

ᠬᠣᠶᠠᠷ᠂ ᠦᠵᠡᠯ ᠰᠠᠨᠠᠭ᠎ᠠ ᠤᠯᠤᠰ ᠲᠦᠷᠦ ᠵᠢᠨ ᠵᠢᠯᠣᠭᠣᠳᠤᠮᠵᠢ ᠵᠢ ᠴᠢᠩᠭ᠋ᠠᠳᠬᠠᠵᠤ᠂ ᠠᠵᠤ ᠦᠢ᠍ᠯᠡᠰ᠎ᠤᠨ ᠠᠵᠢᠯᠴᠢᠨ᠎ᠤ ᠡᠷᠡᠰ ᠭᠤᠢ᠌ᠪᠢᠰᠢ ᠦᠭᠡᠢ᠎ᠪᠠᠷ ᠨᠠᠮ᠎ᠤᠨ ᠦᠭᠡ ᠵᠢ ᠰᠣᠨᠣᠰᠴᠤ ᠨᠠᠮ ᠵᠶ᠋ᠠᠨ ᠳᠠᠭ᠋ᠠᠬᠤ ᠵᠢ ᠪᠦᠯᠬᠦᠮᠳᠡᠭᠦᠯᠦᠨ ᠬᠥᠲᠥᠯᠥᠨ ᠳᠠᠭ᠋ᠠᠭᠤᠯᠤᠨ᠎ᠠ

      (ᠨᠢᠭᠡ) ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠦᠵᠡᠯ ᠰᠠᠨᠠᠭ᠎ᠠ ᠤᠯᠤᠰ ᠲᠥᠷᠥ ᠵᠢᠨ ᠠᠵᠢᠯ᠎ᠢ ᠦᠷᠭᠦᠯᠵᠢᠯᠡᠨ ᠴᠢᠩᠭ᠋ᠠᠳᠬᠠᠨ᠎ᠠ᠃ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠰᠡᠳᠬᠢᠯ ᠵᠶ᠋ᠡᠨ ᠨᠢᠭᠡᠳᠬᠡᠨ ᠰᠦᠭ ᠰᠦᠨᠡᠰᠦ᠎ᠪᠠᠨ ᠱᠤᠭᠤᠬᠤ ᠵᠢ ᠴᠥᠬᠥᠷᠡᠰᠢ ᠦᠭᠡᠢ ᠪᠠᠷᠢᠮᠲᠠᠯᠠᠵᠤ᠂ ᠨᠠᠮ᠎ᠤᠨ ᠰᠢᠨ᠎ᠡ ᠡᠭᠦᠳᠦᠯᠲᠡ ᠵᠢᠨ ᠤᠨᠤᠯ᠎ᠢ ᠠᠵᠤ ᠦᠢ᠍ᠯᠡᠰ᠎ᠤᠨ ᠠᠵᠢᠯᠴᠢᠨ᠎ᠤ ᠳᠤᠮᠳᠠ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢ ᠠᠬᠢᠭᠤᠯᠵᠤ᠂ ᠪᠣᠳᠠᠲᠠᠢ᠎ᠲᠠᠢ ᠤᠶᠠᠯᠳᠤᠭᠤᠯᠤᠨ ᠰᠦᠯᠵᠢᠶᠡᠨ ᠳᠡᠭᠡᠷᠡᠬᠢ ᠦᠵᠡᠯ ᠰᠠᠨᠠᠭ᠎ᠠ ᠤᠯᠤᠰ ᠲᠦᠷᠦ ᠵᠢᠨ ᠵᠢᠯᠣᠭᠣᠳᠤᠮᠵᠢ ᠵᠢ ᠰᠠᠢ᠌ᠲᠤᠷ ᠬᠢᠵᠦ᠂ ᠭᠣᠣᠯ ᠰᠡᠳᠦᠪᠲᠦ ᠤᠬᠠᠭᠤᠯᠭ᠎ᠠ ᠬᠥᠮᠦᠵᠢᠯ᠎ᠢ ᠦᠷᠭᠦᠯᠵᠢᠯᠡᠨ ᠰᠠᠢ᠌ᠲᠤᠷ ᠠᠳᠬᠤᠵᠤ᠂ ᠨᠡᠢ᠌ᠳᠡᠮ᠎ᠤᠨ ᠡᠭᠡᠯᠵᠢᠯᠡᠨ ᠪᠤᠯᠪᠠᠰᠤᠷᠠᠭᠤᠯᠬᠤ ᠵᠢ ᠥᠷᠨᠢᠭᠦᠯᠦᠨ᠎ᠡ᠃ ᠲᠣᠮᠣ ᠤᠯᠤᠰ᠎ᠤᠨ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠤᠯᠤᠰ᠎ᠤᠨ ᠪᠠᠢ᠌ᠳᠠᠯ᠎ᠤᠨ ᠰᠤᠳᠤᠯᠤᠨ ᠰᠤᠷᠤᠯᠴᠠᠬᠤ᠎ᠳᠤ ᠣᠷᠤᠯᠴᠠᠬᠤ ᠵᠢ ᠵᠣᠷᠢᠭᠵᠢᠭᠤᠯᠤᠨ ᠳᠡᠮᠵᠢᠵᠦ᠂ ᠠᠵᠤ ᠦᠢ᠍ᠯᠡᠰ᠎ᠤᠨ ᠠᠵᠢᠯᠴᠢᠨ᠎ᠤ ᠵᠠᠯᠠᠭᠤ ᠮᠠᠷᠺᠰ᠎ᠤᠨ ᠦᠵᠡᠯᠲᠡᠳ᠎ᠢ ᠬᠥᠮᠥᠵᠢᠭᠦᠯᠬᠦ ᠢᠨᠵᠧᠨᠧᠷᠢᠩ᠎ᠳᠤ ᠣᠷᠤᠯᠴᠠᠬᠤ ᠵᠢ ᠵᠣᠷᠢᠭᠵᠢᠭᠤᠯᠤᠨ ᠳᠡᠮᠵᠢᠵᠦ᠂ ᠨᠡᠢ᠌ᠭᠡᠮ ᠵᠢᠷᠤᠮ᠎ᠤᠨ ᠭᠣᠣᠯᠯᠠᠭᠴᠢ ᠥᠷᠲᠡᠭ᠎ᠤᠨ ᠦᠵᠡᠯᠲᠡ ᠵᠢᠨ ᠬᠥᠮᠦᠵᠢᠯ᠎ᠢ ᠭᠦᠨᠵᠡᠭᠡᠢ᠌ᠷᠡᠭᠦᠯᠵᠦ᠂ ᠪᠦᠯᠬᠦᠮᠳᠡᠨ ᠲᠡᠮᠡᠴᠡᠬᠦ ᠬᠠᠮᠲᠤ ᠵᠢᠨ ᠦᠵᠡᠯ ᠰᠠᠨᠠᠭ᠋ᠠᠨ᠎ᠤ ᠰᠠᠭᠤᠷᠢ ᠵᠢ ᠪᠠᠲᠤ ᠴᠣᠭᠴᠠᠯᠠᠨ᠎ᠠ᠃

      (ᠬᠣᠶᠠᠷ) ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠨᠠᠮ᠎ᠤᠨ ᠪᠠᠢ᠌ᠭᠤᠯᠤᠯᠲᠠ ᠵᠢᠨ ᠠᠵᠢᠯ᠎ᠢ ᠴᠢᠩᠭ᠋ᠠᠳᠬᠠᠨ᠎ᠠ᠃ ᠠᠵᠤ ᠠᠬᠤᠢ᠌ᠯᠠᠯ᠎ᠤᠨ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠴᠣᠭᠴᠠᠯᠠᠯᠲᠠ ᠵᠢ ᠴᠢᠩᠭ᠋ᠠᠳᠬᠠᠨ᠎ᠠ᠃ ᠰᠢᠨ᠎ᠡ ᠠᠵᠤ ᠠᠬᠤᠢ ᠵᠢᠨ ᠵᠣᠬᠢᠶᠠᠨ ᠪᠠᠢ᠌ᠭᠤᠯᠤᠯᠲᠠ᠂ ᠰᠢᠨ᠎ᠡ᠎ᠪᠠᠷ ᠠᠵᠢᠯ ᠣᠯᠣᠭᠰᠠᠨ ᠬᠥᠮᠥᠰ᠎ᠤᠨ ᠨᠠᠮ᠎ᠤᠨ ᠪᠠᠢ᠌ᠭᠤᠯᠤᠯᠲᠠ ᠵᠢᠨ ᠠᠵᠢᠯ᠎ᠢ ᠴᠢᠩᠭ᠋ᠠᠳᠬᠠᠵᠤ᠂ ᠨᠠᠮ᠎ᠤᠨ ᠵᠣᠬᠢᠶᠠᠨ ᠪᠠᠢ᠌ᠭᠤᠯᠤᠯᠲᠠ ᠵᠢ ᠪᠦᠷᠬᠦᠭᠦᠯᠬᠦ ᠪᠣᠯᠣᠨ ᠠᠵᠢᠯ᠎ᠢ ᠪᠦᠷᠬᠦᠭᠦᠯᠬᠦ ᠵᠢ ᠴᠠᠭ ᠲᠤᠬᠠᠢ᠎ᠳᠤᠨᠢ ᠪᠦᠲᠦᠮᠵᠢᠲᠡᠢ ᠥᠷᠭᠡᠳᠬᠡᠨ᠎ᠡ᠃ ᠤᠯᠤᠰ᠎ᠤᠨ ᠥᠮᠴᠢᠯᠡᠯ᠎ᠤᠨ ᠠᠵᠤ ᠠᠬᠤᠢ᠌ᠯᠠᠯ᠎ᠤᠨ ᠠᠩᠭᠢ ᠳᠤᠭᠤᠢ᠌ᠯᠠᠩ᠎ᠳᠤ ᠨᠠᠮ᠎ᠤᠨ ᠭᠡᠰᠢᠭᠦᠨ ᠦᠭᠡᠢ ᠠᠰᠠᠭᠤᠳᠠᠯ᠎ᠢ ᠦᠷᠭᠦᠯᠵᠢᠯᠡᠨ ᠰᠢᠢ᠍ᠳᠪᠦᠷᠢᠯᠡᠨ᠎ᠡ᠃ ᠠᠵᠤ ᠦᠢ᠍ᠯᠡᠰ᠎ᠤᠨ ᠠᠵᠢᠯᠴᠢᠨ᠎ᠤ ᠳᠤᠮᠳᠠ᠎ᠠᠴᠠ ᠨᠠᠮ᠎ᠤᠨ ᠭᠡᠰᠢᠭᠦᠨ ᠡᠯᠰᠡᠬᠦ ᠵᠢ ᠴᠢᠩᠭ᠋ᠠᠳᠬᠠᠵᠤ᠂ ᠦᠢ᠍ᠯᠡᠳᠪᠦᠷᠢᠯᠡᠯ ᠡᠵᠡᠩᠨᠡᠯᠲᠡ ᠵᠢᠨ ᠭᠣᠣᠯᠯᠠᠭᠴᠢ ᠬᠦᠴᠦᠨ᠎ᠢ ᠨᠠᠮ᠎ᠤᠨ ᠭᠡᠰᠢᠭᠦᠨ ᠪᠣᠯᠭ᠋ᠠᠨ ᠬᠥᠮᠥᠵᠢᠭᠦᠯᠬᠦ ᠵᠢ ᠴᠢᠬᠤᠯᠠᠴᠢᠯᠠᠨ᠎ᠠ᠃

      (ᠭᠤᠷᠪᠠ) ᠭᠦᠳᠡᠯᠮᠦᠷᠢ ᠵᠢᠨ ᠵᠢᠱ᠌ᠢᠶᠡᠴᠢ ᠵᠢᠨ ᠵᠣᠷᠢᠭ ᠰᠠᠨᠠᠭ᠎ᠠ᠂ ᠭᠦᠳᠡᠯᠮᠦᠷᠢ ᠵᠢᠨ ᠵᠣᠷᠢᠭ ᠰᠠᠨᠠᠭ᠎ᠠ᠂ ᠤᠷᠠᠨ ᠳᠠᠷᠬᠠᠨ᠎ᠤ ᠵᠣᠷᠢᠭ ᠰᠠᠨᠠᠭ᠎ᠠ ᠵᠢ ᠶᠡᠬᠡ᠎ᠪᠠᠷ ᠪᠠᠳᠠᠷᠠᠭᠤᠯᠤᠨ᠎ᠠ᠃ 《ᠳᠤᠮᠳᠠᠳᠤ ᠵᠢᠨ ᠬᠦᠰᠡᠯ• ᠭᠦᠳᠡᠯᠮᠦᠷᠢ ᠰᠠᠢ᠌ᠬᠠᠨ》 ᠭᠡᠬᠦ ᠭᠣᠣᠯ ᠰᠡᠳᠦᠪᠲᠦ ᠤᠬᠠᠭᠤᠯᠭ᠎ᠠ ᠬᠥᠮᠦᠵᠢᠯ᠎ᠢ ᠪᠣᠳᠠᠲᠠᠢ᠌ᠵᠢᠭᠤᠯᠤᠨ᠎ᠠ᠃ ᠭᠦᠳᠡᠯᠮᠦᠷᠢ ᠵᠢᠨ ᠵᠢᠱ᠌ᠢᠶᠡᠴᠢ᠂ 《5 • 1》᠎ᠤ ᠭᠦᠳᠡᠯᠮᠦᠷᠢ ᠵᠢᠨ ᠱᠠᠩᠨᠠᠯ᠎ᠤᠨ ᠮᠧᠳᠠᠯ᠂ ᠵᠠᠯᠠᠭᠤᠴᠤᠳ᠎ᠤᠨ 《5 • 4》 ᠎ᠤ ᠱᠠᠩᠨᠠᠯ᠎ᠤᠨ ᠮᠧᠳᠠᠯ᠂ 《3 • 8》 ᠎ᠤ ᠤᠯᠠᠭ᠋ᠠᠨ ᠲᠤᠭᠴᠢ ᠵᠡᠷᠭᠡ ᠵᠢ ᠰᠢᠯᠭ᠋ᠠᠷᠠᠭᠤᠯᠬᠤ ᠠᠵᠢᠯ᠎ᠤᠨ ᠳᠤᠮᠳᠠ᠂ ᠠᠵᠤ ᠦᠢ᠍ᠯᠡᠰ᠎ᠤᠨ ᠠᠵᠢᠯᠴᠢᠨ᠎ᠢ ᠤᠬᠠᠭᠤᠯᠬᠤ ᠡᠷᠴᠢᠮ ᠵᠶ᠋ᠡᠨ ᠴᠢᠩᠭ᠋ᠠᠷᠠᠭᠤᠯᠤᠨ᠎ᠠ᠃ 《ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠢ ᠰᠤᠷᠭ᠋ᠠᠭᠤᠯᠢ ᠵᠢᠨ ᠬᠦᠷᠢᠶᠡᠨ᠎ᠳᠤ ᠣᠷᠣᠭᠤᠯᠬᠤ》 ᠠᠵᠢᠯᠯᠠᠭ᠎ᠠ ᠵᠢ ᠭᠦᠨᠵᠡᠭᠡᠢ ᠥᠷᠨᠢᠭᠦᠯᠵᠦ᠂ ᠭᠦᠳᠡᠯᠮᠦᠷᠢ ᠵᠢᠨ ᠵᠢᠱ᠌ᠢᠶᠡᠴᠢ ᠵᠢᠨ ᠵᠣᠷᠢᠭ ᠰᠠᠨᠠᠭ᠎ᠠ᠂ ᠭᠦᠳᠡᠯᠮᠦᠷᠢ ᠵᠢᠨ ᠵᠣᠷᠢᠭ ᠰᠠᠨᠠᠭ᠎ᠠ᠂ ᠤᠷᠠᠨ ᠳᠠᠷᠬᠠᠨ᠎ᠤ ᠵᠣᠷᠢᠭ ᠰᠠᠨᠠᠭ᠎ᠠ ᠵᠢ ᠬᠠᠮ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ᠎ᠤᠨ ᠠᠵᠢᠯ᠎ᠤᠨ ᠰᠢᠰᠲ᠋ᠧᠮ᠎ᠳᠤ ᠣᠷᠣᠭᠤᠯᠵᠤ᠂ ᠶᠡᠬᠡ ᠳᠤᠮᠳᠠᠳᠤ ᠪᠠᠭ᠎ᠠ ᠰᠤᠷᠭ᠋ᠠᠭᠤᠯᠢ᠎ᠳᠤ ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠤ ᠲᠤᠰᠢᠶᠠᠯ ᠬᠠᠪᠰᠤᠷᠭ᠋ᠠᠭᠰᠠᠨ ᠬᠠᠪᠰᠤᠷᠤᠨ ᠵᠢᠯᠣᠭᠣᠳᠤᠭᠴᠢ ᠲᠣᠬᠢᠷᠠᠭᠤᠯᠬᠤ ᠵᠢ ᠳᠡᠮᠵᠢᠵᠦ᠂ ᠠᠵᠢᠯ ᠮᠡᠷᠭᠡᠵᠢᠯ᠎ᠤᠨ ᠰᠤᠷᠭ᠋ᠠᠭᠤᠯᠢ (ᠮᠡᠷᠭᠡᠵᠢᠯ᠎ᠤᠨ ᠠᠵᠢᠯᠴᠢᠨ᠎ᠤ ᠶᠡᠬᠡ ᠳᠡᠭᠡᠳᠦ ᠰᠤᠷᠭ᠋ᠠᠭᠤᠯᠢ ᠪᠠᠭᠲᠠᠨ᠎ᠠ᠂ ᠳᠣᠷᠣᠭᠰᠢ ᠠᠳᠠᠯᠢ) ᠎ᠳᠤ 《ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠤ ᠶᠠᠷᠢᠶᠠᠨ᠎ᠤ ᠲᠠᠩᠬᠢᠮ》 ᠎ᠢ ᠨᠡᠭᠡᠭᠡᠵᠦ᠂ ᠶᠡᠬᠡ ᠳᠡᠭᠡᠳᠦ ᠰᠤᠷᠭ᠋ᠠᠭᠤᠯᠢ᠎ᠳᠤ ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠤ ᠲᠤᠰᠢᠶᠠᠯ ᠬᠠᠪᠰᠤᠷᠭ᠋ᠠᠭᠰᠠᠨ ᠵᠢᠯᠣᠭᠣᠳᠤᠭᠴᠢ ᠪᠠᠭᠰᠢ ᠵᠢ ᠲᠣᠬᠢᠷᠠᠭᠤᠯᠤᠨ᠎ᠠ᠃ ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠢ ᠠᠵᠤ ᠠᠬᠤᠢ᠌ᠯᠠᠯ᠎ᠳᠤ ᠣᠷᠣᠭᠤᠯᠬᠤ᠂ ᠨᠡᠢ᠌ᠭᠡᠮ ᠲᠣᠭᠣᠷᠢᠭ᠎ᠲᠤ ᠣᠷᠣᠭᠤᠯᠬᠤ᠂ ᠪᠠᠢ᠌ᠭᠤᠯᠭ᠎ᠠ᠎ᠳᠤ ᠣᠷᠣᠭᠤᠯᠬᠤ ᠤᠬᠠᠭᠤᠯᠭ᠎ᠠ ᠵᠢᠨ ᠠᠵᠢᠯᠯᠠᠭ᠎ᠠ ᠵᠢ ᠵᠣᠬᠢᠶᠠᠨ ᠪᠠᠢ᠌ᠭᠤᠯᠤᠨ ᠥᠷᠨᠢᠭᠦᠯᠦᠨ᠎ᠡ᠃

ᠭᠤᠷᠪᠠ᠂ ᠪᠦᠭᠦ ᠶᠠᠪᠤᠴᠠ ᠵᠢᠨ ᠠᠷᠠᠳ᠎ᠤᠨ ᠠᠷᠠᠳᠴᠢᠯᠠᠯ᠎ᠢ ᠬᠥᠭᠵᠢᠭᠦᠯᠵᠦ᠂ ᠠᠵᠤ ᠦᠢ᠍ᠯᠡᠰ᠎ᠤᠨ ᠠᠵᠢᠯᠴᠢᠨ᠎ᠤ ᠡᠵᠡᠨ ᠬᠥᠮᠥᠨ᠎ᠤ ᠪᠠᠢ᠌ᠷᠢ ᠰᠠᠭᠤᠷᠢ ᠵᠢ ᠪᠠᠲᠤᠯᠠᠨ᠎ᠠ

      (ᠳᠥᠷᠪᠡ) ᠠᠵᠤ ᠦᠢ᠍ᠯᠡᠰ᠎ᠤᠨ ᠠᠵᠢᠯᠴᠢᠨ᠎ᠤ ᠤᠯᠤᠰ᠎ᠤᠨ ᠵᠠᠰᠠᠯᠲᠠ᠎ᠳᠤ ᠣᠷᠤᠯᠴᠠᠬᠤ ᠳᠦᠷᠢᠮ᠎ᠢ ᠨᠠᠢ᠌ᠳᠠᠪᠤᠷᠢᠵᠢᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠡᠵᠡᠨ ᠬᠥᠮᠥᠨ᠎ᠤ ᠪᠠᠢ᠌ᠷᠢ ᠰᠠᠭᠤᠷᠢ ᠵᠢ ᠪᠠᠲᠤᠯᠠᠬᠤ ᠳᠦᠷᠢᠮ᠎ᠤᠨ ᠲᠣᠬᠢᠷᠠᠭᠤᠯᠤᠯᠲᠠ ᠵᠢ ᠨᠠᠢ᠌ᠳᠠᠪᠤᠷᠢᠵᠢᠭᠤᠯᠤᠨ᠎ᠠ᠃ ᠨᠠᠮ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭᠴᠢ ᠪᠠ ᠬᠣᠷᠢᠶ᠎ᠠ ᠵᠢᠨ ᠭᠡᠰᠢᠭᠦᠨ᠂ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭᠴᠢ᠂ ᠤᠯᠤᠰ ᠲᠥᠷᠥ ᠵᠢᠨ ᠵᠥᠪᠯᠡᠯᠭᠡᠨ᠎ᠤ ᠭᠡᠰᠢᠭᠦᠨ᠂ ᠣᠯᠠᠨ ᠲᠦᠮᠡᠨ᠎ᠤ ᠪᠦᠯᠭᠦᠮ᠎ᠤᠨ ᠵᠣᠬᠢᠶᠠᠨ ᠪᠠᠢ᠌ᠭᠤᠯᠤᠯᠲᠠ ᠵᠢᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭᠴᠢ ᠪᠠ ᠵᠥᠪᠯᠡᠯ᠎ᠤᠨ ᠭᠡᠰᠢᠭᠦᠨ᠎ᠤ ᠳᠣᠲᠣᠷᠠᠬᠢ ᠠᠵᠤ ᠦᠢ᠍ᠯᠡᠰ᠎ᠤᠨ ᠠᠵᠢᠯᠴᠢᠨ᠎ᠤ ᠬᠥᠮᠦᠵᠢᠯ ᠪᠣᠯᠪᠠᠰᠤᠷᠠᠯ᠎ᠢ ᠵᠣᠬᠢᠶᠠᠨ ᠪᠠᠢ᠌ᠭᠤᠯᠤᠨ ᠥᠷᠨᠢᠭᠦᠯᠦᠨ᠎ᠡ᠃ ᠠᠵᠤ ᠦᠢ᠍ᠯᠡᠰ᠎ᠤᠨ ᠠᠵᠢᠯᠴᠢᠨ᠎ᠤ ᠬᠠᠤᠯᠢ ᠶᠣᠰᠣᠭ᠋ᠠᠷ ᠠᠷᠠᠳᠴᠢᠯᠠᠯ᠎ᠤᠨ ᠡᠷᠬᠡ᠎ᠪᠠᠨ ᠬᠡᠷᠡᠭᠵᠢᠭᠦᠯᠵᠦ᠂ ᠤᠯᠤᠰ᠎ᠤᠨ ᠵᠠᠰᠠᠯᠲᠠ᠂ ᠨᠡᠢ᠌ᠭᠡᠮ᠎ᠤᠨ ᠵᠠᠰᠠᠯᠲᠠ᠂ ᠦᠨᠳᠦᠰᠦᠨ ᠱᠠᠲᠤᠨ᠎ᠤ ᠵᠠᠰᠠᠯᠲᠠ᠎ᠳᠤ ᠡᠮᠬᠢ ᠵᠢᠷᠤᠮ᠎ᠲᠠᠢ᠎ᠪᠠᠷ ᠣᠷᠤᠯᠴᠠᠬᠤ ᠵᠢ ᠬᠥᠲᠥᠯᠥᠨ ᠵᠢᠯᠣᠭᠣᠳᠤᠨ᠎ᠠ᠃

      (ᠲᠠᠪᠤ) ᠠᠵᠤ ᠠᠬᠤᠢ᠌ᠯᠠᠯ᠎ᠤᠨ ᠠᠷᠠᠳᠴᠢᠯᠠᠭᠰᠠᠨ ᠬᠠᠮᠢᠶᠠᠷᠤᠯᠲᠠ ᠵᠢᠨ ᠳᠦᠷᠢᠮ᠎ᠢ ᠲᠡᠭᠦᠯᠳᠡᠷᠵᠢᠭᠦᠯᠦᠨ᠎ᠡ᠃ ᠠᠵᠢᠯᠲᠠᠨ ᠠᠵᠢᠯᠴᠢᠨ᠎ᠤ ᠲᠥᠯᠥᠭᠡᠯᠡᠭᠴᠢᠳ᠎ᠤᠨ ᠶᠡᠬᠡ ᠬᠤᠷᠠᠯ ᠵᠶ᠋ᠠᠷ ᠦᠨᠳᠦᠰᠦᠨ ᠭᠡᠯᠪᠡᠷᠢ ᠪᠤᠯᠭ᠋ᠠᠬᠰᠠᠨ ᠠᠵᠤ ᠠᠬᠤᠢ᠌ᠯᠠᠯ ᠠᠵᠢᠯ ᠦᠢ᠍ᠯᠡᠰ᠎ᠤᠨ ᠨᠢᠭᠡᠴᠢ ᠵᠢᠨ ᠠᠷᠠᠳᠴᠢᠯᠠᠭᠰᠠᠨ ᠬᠠᠮᠢᠶᠠᠷᠤᠯᠲᠠ ᠵᠢᠨ ᠳᠦᠷᠢᠮ᠎ᠢ ᠪᠦᠷᠢᠨᠰᠢᠭᠦᠯᠵᠦ᠂ ᠠᠵᠤ ᠦᠢ᠍ᠯᠡᠰ᠎ᠤᠨ ᠠᠵᠢᠯᠴᠢᠨ᠎ᠤ ᠲᠤᠰ ᠪᠡᠶ᠎ᠡ ᠵᠢᠨ ᠠᠰᠢᠭ ᠲᠤᠰᠠ᠎ᠳᠤ ᠬᠣᠯᠪᠣᠭᠳᠠᠬᠤ ᠴᠢᠬᠤᠯᠠ ᠶᠡᠬᠡ ᠬᠡᠷᠡᠭ ᠶᠠᠪᠤᠳᠠᠯ᠎ᠢ ᠡᠷᠬᠡᠪᠰᠢ ᠬᠠᠤᠯᠢ ᠳᠦᠷᠢᠮ ᠶᠣᠰᠣᠭ᠋ᠠᠷ ᠠᠵᠢᠯᠲᠠᠨ ᠠᠵᠢᠯᠴᠢᠨ᠎ᠤ ᠲᠥᠯᠥᠭᠡᠯᠡᠭᠴᠢᠳ᠎ᠤᠨ ᠶᠡᠬᠡ ᠬᠤᠷᠠᠯ ᠵᠶ᠋ᠠᠷ ᠬᠢᠨᠠᠨ ᠵᠥᠪᠯᠡᠭᠦᠯᠵᠦ ᠪᠠᠲᠤᠯᠠᠭᠤᠯᠬᠤ ᠬᠡᠷᠡᠭᠲᠡᠢ᠃ ᠠᠵᠢᠯᠲᠠᠨ ᠠᠵᠢᠯᠴᠢᠨ᠎ᠤ ᠬᠡᠷᠡᠭ ᠮᠡᠳᠡᠭᠴᠢ᠂ ᠠᠵᠢᠯᠲᠠᠨ ᠠᠵᠢᠯᠴᠢᠨ᠎ᠤ ᠬᠡᠷᠡᠭ ᠬᠢᠨᠠᠭᠴᠢ ᠵᠢᠨ ᠳᠦᠷᠢᠮ᠎ᠢ ᠪᠠᠷᠢᠮᠲᠠᠯᠠᠨ ᠲᠡᠭᠦᠯᠳᠡᠷᠵᠢᠭᠦᠯᠵᠦ᠂ ᠦᠢ᠍ᠯᠡᠳᠪᠦᠷᠢ ᠵᠢᠨ ᠶᠠᠪᠤᠳᠠᠯ᠎ᠢ ᠢᠯᠡ ᠪᠤᠯᠭ᠋ᠠᠬᠤ ᠵᠢ ᠭᠦᠨᠵᠡᠭᠡᠢ᠌ᠷᠡᠭᠦᠯᠦᠨ᠂ ᠲᠣᠭ᠋ᠠᠴᠢᠯᠠᠭᠰᠠᠨ ᠮᠡᠷᠭᠡᠵᠢᠯ᠎ᠢ ᠢᠳᠡᠪᠬᠢᠲᠡᠢ ᠠᠰᠢᠭᠯᠠᠵᠤ ᠠᠵᠤ ᠦᠢ᠍ᠯᠡᠰ᠎ᠤᠨ ᠠᠵᠢᠯᠴᠢᠨ᠎ᠤ ᠠᠷᠠᠳᠴᠢᠯᠠᠯ ᠵᠶ᠋ᠠᠷ ᠣᠷᠤᠯᠴᠠᠬᠤ᠎ᠳᠤ ᠨᠠᠩ ᠨᠠᠷᠢᠯᠢᠭ ᠣᠨᠣᠪᠴᠢᠲᠠᠶ ᠳᠥᠭᠦᠮ ᠲᠦᠷᠭᠡᠨ ᠦᠢ᠍ᠯᠡᠴᠢᠯᠡᠭᠡ ᠬᠠᠩᠭ᠋ᠠᠨ᠎ᠠ᠃

ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠬᠦ ᠲᠤᠬᠠᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠰᠠᠨᠠᠯ (2)

     (ᠵᠢᠷᠭᠤᠭ᠎ᠠ) ᠭᠦᠳᠡᠯᠮᠦᠷᠢ ᠵᠢᠨ ᠬᠠᠷᠢᠴᠠᠭ᠎ᠠ ᠵᠢ ᠵᠥᠪᠳᠡᠯᠴᠡᠨ ᠵᠣᠬᠢᠴᠠᠭᠤᠯᠬᠤ ᠲᠣᠭᠲᠠᠴᠠ ᠵᠢ ᠪᠦᠷᠢᠨᠰᠢᠭᠦᠯᠦᠨ᠎ᠡ᠃ ᠭᠦᠳᠡᠯᠮᠦᠷᠢ ᠵᠢᠨ ᠭᠡᠷ᠎ᠡ ᠵᠢᠨ ᠳᠦᠷᠢᠮ᠎ᠢ ᠪᠦᠭᠦ ᠲᠠᠯ᠎ᠠ᠎ᠪᠠᠷ ᠨᠠᠢ᠌ᠳᠠᠪᠤᠷᠢᠵᠢᠭᠤᠯᠵᠤ᠂ ᠬᠠᠮᠲᠤ᠎ᠪᠠᠷ ᠵᠥᠪᠳᠡᠯᠴᠡᠬᠦ ᠪᠠ ᠬᠠᠮᠲᠤ ᠵᠢᠨ ᠭᠡᠷ᠎ᠡ ᠵᠢᠨ ᠳᠦᠷᠢᠮ᠎ᠢ ᠠᠬᠢᠭᠤᠯᠤᠨ᠎ᠠ᠃ ᠡᠯ᠎ᠡ ᠱᠠᠲᠤᠨ᠎ᠤ ᠭᠦᠳᠡᠯᠮᠦᠷᠢ ᠵᠢᠨ ᠬᠠᠷᠢᠴᠠᠭ᠎ᠠ ᠵᠢ ᠵᠣᠬᠢᠴᠠᠭᠤᠯᠬᠤ ᠭᠤᠷᠪᠠᠨ ᠲᠠᠯ᠎ᠠ ᠵᠢᠨ ᠺᠣᠮᠢᠰ᠎ᠢ ᠪᠠᠢ᠌ᠭᠤᠯᠤᠨ ᠪᠦᠷᠢᠨᠰᠢᠭᠦᠯᠵᠦ᠂ ᠤᠯᠤᠰ᠎ᠤᠨ ᠭᠦᠳᠡᠯᠮᠦᠷᠢ ᠵᠢᠨ ᠬᠠᠷᠢᠴᠠᠭ᠎ᠠ ᠵᠢ ᠵᠣᠬᠢᠴᠠᠭᠤᠯᠬᠤ ᠭᠤᠷᠪᠠᠨ ᠲᠠᠯ᠎ᠠ ᠵᠢᠨ ᠲᠣᠭᠲᠠᠴᠠ᠂ ᠣᠷᠣᠨ ᠨᠤᠲᠤᠭ᠎ᠤᠨ ᠵᠠᠰᠠᠭ᠎ᠤᠨ ᠣᠷᠳᠣᠨ ᠪᠣᠯᠣᠨ ᠠᠳᠠᠯᠢ ᠱᠠᠲᠤᠨ᠎ᠤ ᠠᠵᠢᠯᠴᠢᠨ᠎ᠤ ᠡᠪᠯᠡᠯ᠎ᠤᠨ ᠬᠠᠮᠲᠤᠷᠠᠭᠰᠠᠨ ᠬᠤᠷᠠᠯ᠎ᠤᠨ ᠳᠦᠷᠢᠮ᠎ᠤᠨ ᠦᠢ᠍ᠯᠡᠳᠦᠯ᠎ᠢ ᠪᠠᠳᠠᠷᠠᠭᠤᠯᠵᠤ᠂ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠠᠬᠢᠭᠤᠯᠬᠤ ᠵᠢ ᠴᠢᠬᠤᠯᠠ ᠵᠥᠪᠯᠡᠬᠦ ᠵᠦᠢ᠍ᠯ᠎ᠳᠤ ᠣᠷᠣᠭᠤᠯᠤᠨ᠎ᠠ᠃ ᠦᠨᠳᠦᠰᠦᠨ ᠱᠠᠲᠤᠨ᠎ᠤ ᠭᠦᠳᠡᠯᠮᠦᠷᠢ ᠵᠢᠨ ᠬᠠᠷᠢᠴᠠᠭ᠎ᠠ ᠵᠢ ᠵᠠᠰᠠᠬᠤ ᠲᠣᠭᠲᠠᠴᠠ ᠵᠢ ᠲᠡᠭᠦᠯᠳᠡᠷᠵᠢᠭᠦᠯᠵᠦ᠂ ᠭᠦᠳᠡᠯᠮᠦᠷᠢ ᠵᠢᠨ ᠬᠠᠷᠢᠴᠠᠭ᠎ᠠ ᠵᠢᠨ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠦᠪᠰᠢᠨ᠎ᠢ ᠳᠡᠭᠡᠭᠰᠢᠯᠡᠭᠦᠯᠦᠨ᠂ ᠪᠦᠭᠦ ᠤᠯᠤᠰ᠎ᠤᠨ ᠦᠨᠳᠦᠰᠦᠨ ᠱᠠᠲᠤᠨ᠎ᠤ ᠭᠦᠳᠡᠯᠮᠦᠷᠢ ᠵᠢᠨ ᠬᠠᠷᠢᠴᠠᠭ᠎ᠠ ᠵᠢᠨ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠥᠷᠲᠡᠭᠡ ᠴᠡᠭ᠎ᠢ ᠪᠠᠷᠢᠮᠵᠢᠶᠠᠵᠢᠭᠤᠯᠬᠤ ᠠᠵᠢᠯ᠎ᠢ ᠥᠷᠨᠢᠭᠦᠯᠦᠨ᠎ᠡ᠃ ᠣᠷᠣᠨ ᠪᠦᠰᠡ ᠵᠢᠨ ᠡᠶ᠎ᠡ ᠵᠣᠬᠢᠴᠠᠩᠭᠤᠢ ᠭᠦᠳᠡᠯᠮᠦᠷᠢ ᠵᠢᠨ ᠬᠠᠷᠢᠴᠠᠭ᠎ᠠ ᠵᠢᠨ ᠴᠢᠨᠠᠷ ᠰᠠᠢ᠌ᠲᠠᠢ ᠬᠥᠭᠵᠢᠯᠲᠡ ᠵᠢᠨ ᠥᠭᠡᠷᠡᠴᠢᠯᠡᠯᠲᠡ ᠵᠢᠨ ᠰᠢᠨ᠎ᠡ ᠵᠢ ᠡᠭᠦᠳᠬᠦ ᠲᠤᠷᠰᠢᠯᠲᠠ ᠵᠢᠨ ᠴᠡᠭ᠎ᠤᠨ ᠠᠵᠢᠯ᠎ᠢ ᠠᠬᠢᠭᠤᠯᠤᠨ᠎ᠠ᠃ ᠠᠵᠢᠯ ᠲᠥᠷᠥᠯ᠂ ᠠᠵᠤ ᠠᠬᠤᠢ᠌ᠯᠠᠯ ᠪᠣᠯᠣᠨ ᠠᠵᠤ ᠦᠢ᠍ᠯᠡᠳᠪᠦᠷᠢ ᠵᠢᠨ ᠬᠦᠷᠢᠶᠡᠯᠡᠩ ᠲᠣᠭᠣᠷᠢᠭ᠎ᠤᠨ ᠡᠶ᠎ᠡ ᠵᠣᠬᠢᠴᠠᠩᠭᠤᠢ ᠭᠦᠳᠡᠯᠮᠦᠷᠢ ᠵᠢᠨ ᠬᠠᠷᠢᠴᠠᠭ᠎ᠠ ᠵᠢ ᠪᠠᠢ᠌ᠭᠤᠯᠬᠤ ᠵᠢ ᠢᠳᠡᠪᠬᠢᠲᠡᠢ ᠠᠬᠢᠭᠤᠯᠤᠨ᠎ᠠ᠃

      (ᠳᠣᠯᠣᠭ᠎ᠠ) ᠠᠵᠤ ᠦᠢ᠍ᠯᠡᠰ᠎ᠤᠨ ᠠᠵᠢᠯᠴᠢᠨ᠎ᠤ ᠡᠵᠡᠨ ᠬᠥᠮᠥᠨ᠎ᠤ ᠪᠠᠢ᠌ᠷᠢ ᠰᠠᠭᠤᠷᠢ ᠵᠢᠨ ᠲᠤᠬᠠᠢ ᠤᠬᠠᠭᠤᠯᠵᠤ ᠵᠢᠯᠤᠭᠣᠳᠬᠤ ᠵᠢ ᠴᠢᠩᠭ᠋ᠠᠳᠬᠠᠨ᠎ᠠ᠃ ᠭᠣᠣᠯ ᠵᠠᠭᠤᠴᠢᠯᠠᠭᠤᠷ᠎ᠤᠨ᠎ᠬᠢᠨ ᠠᠵᠤ ᠦᠢ᠍ᠯᠡᠰ᠎ᠤᠨ ᠠᠵᠢᠯᠴᠢᠨ᠎ᠤ ᠡᠵᠡᠨ ᠬᠥᠮᠥᠨ᠎ᠤ ᠪᠠᠢ᠌ᠷᠢ ᠰᠠᠭᠤᠷᠢ ᠵᠢᠨ ᠲᠤᠬᠠᠢ ᠤᠬᠠᠭᠤᠯᠭ᠎ᠠ ᠵᠢᠨ ᠡᠷᠴᠢᠮ ᠵᠶ᠋ᠡᠨ ᠴᠢᠩᠭ᠋ᠠᠷᠠᠭᠤᠯᠵᠤ᠂ ᠠᠵᠤ ᠦᠢ᠍ᠯᠡᠰ᠎ᠤᠨ ᠠᠵᠢᠯᠴᠢᠨ᠎ᠤ ᠳᠦᠷᠢ ᠲᠥᠷᠬᠦ ᠵᠢ ᠲᠤᠰᠬᠠᠭᠰᠠᠨ ᠰᠢᠯᠢᠳᠡᠭ ᠤᠳᠬ᠎ᠠ ᠵᠣᠬᠢᠶᠠᠯ ᠤᠷᠠᠯᠢᠭ᠂ ᠰᠦᠯᠵᠢᠶᠡᠨ᠎ᠤ ᠦᠵᠡᠵᠦ ᠰᠣᠨᠣᠰᠬᠤ ᠪᠠ ᠺᠢᠨᠣ᠋ ᠲᠧᠯᠸᠢᠰ᠎ᠤᠨ ᠪᠦᠲᠦᠭᠡᠯ ᠵᠡᠷᠭᠡ ᠵᠢ ᠨᠠᠩ ᠣᠯᠠᠨ ᠵᠣᠬᠢᠶᠠᠨ ᠪᠦᠲᠦᠭᠡᠵᠦ ᠬᠡᠪᠯᠡᠭᠦᠯᠦᠨ᠂ ᠦᠢ᠍ᠯᠡᠳᠦᠨ ᠨᠠᠪᠲᠠᠷᠡᠭᠦᠯᠵᠦ᠂ ᠭᠦᠳᠡᠯᠮᠦᠷᠢ ᠵᠢᠨ ᠵᠢᠱ᠌ᠢᠶᠡᠴᠢ ᠵᠢ ᠳᠡᠭᠡᠳᠦᠯᠡᠬᠦ᠂ ᠭᠦᠳᠡᠯᠮᠦᠷᠢ ᠵᠢ ᠬᠦᠨᠳᠦᠳᠬᠡᠬᠦ᠂ ᠤᠷᠠᠨ ᠲᠠᠷᠬᠠᠨ᠎ᠢ ᠪᠢᠰᠢᠷᠡᠨ ᠬᠦᠨᠳᠦᠳᠬᠡᠬᠦ ᠨᠡᠢ᠌ᠭᠡᠮ᠎ᠤᠨ ᠠᠭᠤᠷ ᠠᠮᠢᠰᠬᠤᠯ᠎ᠢ ᠪᠤᠶ ᠪᠣᠯᠭ᠋ᠠᠨ᠎ᠠ᠃

ᠳᠥᠷᠪᠡ᠂ ᠰᠢᠨ᠎ᠡ ᠭᠡᠯᠪᠡᠷᠢ ᠵᠢᠨ ᠠᠵᠤ ᠦᠢ᠍ᠯᠡᠳᠪᠦᠷᠢᠵᠢᠯᠲᠡ ᠵᠢᠨ ᠬᠥᠭᠵᠢᠯᠲᠡ ᠵᠢᠨ ᠬᠡᠷᠡᠭᠴᠡᠭᠡ᠎ᠳᠤ ᠵᠣᠬᠢᠴᠠᠭᠤᠯᠤᠨ᠂ ᠠᠵᠤ ᠦᠢ᠍ᠯᠡᠰ᠎ᠤᠨ ᠠᠵᠢᠯᠴᠢᠨ᠎ᠤ ᠤᠷ᠎ᠠ ᠴᠢᠳᠠᠪᠤᠷᠢ ᠵᠢᠨ ᠪᠦᠷᠢᠯᠳᠦᠬᠦ ᠰᠢᠰᠲ᠋ᠧᠮ᠎ᠢ ᠲᠡᠭᠦᠯᠳᠡᠷᠵᠢᠭᠦᠯᠦᠨ᠎ᠡ

      (ᠨᠠᠢ᠍ᠮᠠ) ᠣᠲᠣ ᠦᠶ᠎ᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠤᠨ᠎ᠠ᠃ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ ᠬᠢᠭᠡᠳ ᠡᠩ᠎ᠤᠨ ᠰᠤᠷᠭ᠋ᠠᠨ ᠬᠥᠮᠦᠵᠢᠯ ᠠᠭᠤᠰᠤᠯᠴᠠᠨ ᠨᠡᠪᠲᠡᠷᠡᠯᠴᠡᠭᠰᠡᠨ᠂ ᠠᠵᠤ ᠦᠢ᠍ᠯᠡᠰ ᠵᠢᠭ᠋ᠠᠨ ᠰᠤᠷᠭ᠋ᠠᠯᠲᠠ ᠵᠢ ᠠᠭᠤᠰᠤᠯᠴᠠᠭᠤᠯᠤᠭᠰᠠᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠰᠢᠰᠲ᠋ᠧᠮ᠎ᠢ ᠲᠦᠷᠭᠡᠳᠬᠡᠨ ᠪᠠᠢ᠌ᠭᠤᠯᠤᠨ᠎ᠠ᠃ ᠰᠤᠷᠭ᠋ᠠᠨ ᠬᠥᠮᠦᠵᠢᠯ ᠵᠶ᠋ᠡᠷ ᠠᠵᠤ ᠦᠢ᠍ᠯᠡᠰ᠎ᠢ ᠠᠬᠢᠭᠤᠯᠬᠤ᠂ ᠠᠵᠤ ᠦᠢ᠍ᠯᠡᠰ ᠵᠶ᠋ᠡᠷ ᠵᠢᠭ᠋ᠠᠨ ᠰᠤᠷᠭ᠋ᠠᠯᠲᠠ ᠵᠢ ᠲᠡᠳᠬᠦᠬᠦ᠂ ᠠᠵᠤ ᠦᠢ᠍ᠯᠡᠰ ᠵᠢᠭ᠋ᠠᠨ ᠰᠤᠷᠭ᠋ᠠᠯᠲᠠ ᠵᠢ ᠠᠭᠤᠰᠤᠯᠴᠠᠭᠤᠯᠬᠤ᠂ ᠠᠵᠤ ᠦᠢ᠍ᠯᠡᠰ ᠰᠤᠳᠤᠯᠭ᠋ᠠᠨ᠎ᠤ ᠬᠠᠮᠲᠤᠷᠠᠯᠴᠠᠭ᠎ᠠ ᠵᠢ ᠪᠠᠷᠢᠮᠲᠠᠯᠠᠵᠤ᠂ ᠨᠢᠭᠡ ᠪᠦᠯᠦᠭ ᠠᠵᠢᠯ ᠲᠥᠷᠥᠯ᠎ᠳᠡᠭᠡᠨ ᠲᠦᠷᠦᠭᠦᠯᠡᠭᠰᠡᠨ ᠠᠵᠤ ᠦᠢ᠍ᠯᠡᠰ ᠵᠢᠭ᠋ᠠᠨ ᠰᠤᠷᠭ᠋ᠠᠯᠲᠠ ᠵᠢ ᠠᠭᠤᠰᠤᠯᠴᠠᠭᠤᠯᠤᠭᠰᠠᠨ ᠭᠡᠯᠪᠡᠷᠢ ᠵᠢᠨ ᠠᠵᠤ ᠠᠬᠤᠢ᠌ᠯᠠᠯ᠎ᠢ ᠪᠣᠢ᠌ᠵᠢᠭᠤᠯᠵᠤ᠂ ᠨᠢᠭᠡ ᠪᠦᠯᠦᠭ ᠭᠣᠣᠯᠯᠠᠬᠤ ᠬᠢᠴᠢᠶᠡᠯ ᠲᠦᠷᠦᠯ᠂ ᠴᠢᠨᠠᠷ ᠰᠠᠢ᠌ᠲᠠᠢ ᠵᠢᠭ᠋ᠠᠬᠤ ᠮᠠᠲ᠋ᠧᠷᠢᠶᠠᠯ᠂ ᠪᠠᠭᠰᠢ ᠵᠢᠨ ᠪᠦᠯᠭᠦᠮ᠂ ᠦᠢ᠍ᠯᠡᠳᠦᠯᠭᠡ ᠵᠢᠨ ᠲᠥᠷᠥᠯ ᠵᠦᠢ᠍ᠯ᠎ᠢ ᠪᠤᠶ ᠪᠣᠯᠭ᠋ᠠᠨ᠎ᠠ᠃ ᠣᠲᠣ ᠦᠶ᠎ᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠶᠠᠰᠤ ᠴᠢᠨᠠᠷ᠎ᠢ ᠳᠡᠭᠡᠭᠰᠢᠯᠡᠭᠦᠯᠭᠦ ᠲᠥᠯᠥᠪᠯᠡᠭᠡ᠂ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠠᠭᠰᠢ ᠵᠢᠨ ᠬᠡᠪ ᠴᠢᠨᠠᠷ᠎ᠢ ᠳᠡᠭᠡᠭᠰᠢᠯᠡᠭᠦᠯᠭᠦ ᠲᠥᠯᠥᠪᠯᠡᠭᠡ ᠵᠢ ᠬᠡᠷᠡᠭᠵᠢᠭᠦᠯᠵᠦ᠂ ᠲᠣᠮᠣ ᠤᠯᠤᠰ᠎ᠤᠨ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠳᠠᠳᠤᠯᠭ᠎ᠠ ᠪᠣᠯᠪᠠᠰᠤᠷᠠᠯ᠎ᠤᠨ ᠪᠠᠭᠰᠢ ᠵᠢᠨ ᠲᠤᠰᠢᠶᠠᠯ᠎ᠢ ᠬᠠᠪᠰᠤᠷᠭ᠋ᠠᠨ ᠬᠠᠷᠢᠭᠤᠴᠠᠬᠤ ᠵᠢ ᠳᠡᠮᠵᠢᠨ᠎ᠡ᠃ ᠰᠤᠷᠭ᠋ᠠᠭᠤᠯᠢ ᠡᠷᠭᠢᠯᠡᠭᠦ ᠨᠥᠬᠥᠴᠡᠯ ᠪᠣᠯᠣᠨ ᠵᠢᠭ᠋ᠠᠨ ᠰᠤᠷᠭ᠋ᠠᠬᠤ ᠴᠢᠳᠠᠪᠤᠷᠢ ᠵᠢ ᠳᠡᠭᠡᠭᠰᠢᠯᠡᠭᠦᠯᠵᠦ᠂ ᠨᠢᠭᠡ ᠪᠦᠯᠦᠭ ᠨᠡᠯᠢᠶᠡᠳ ᠥᠨᠳᠥᠷ ᠳᠡᠯᠡᠬᠡᠢ᠌ᠵᠢᠭᠰᠡᠨ ᠲᠦᠪᠰᠢᠨ᠎ᠲᠠᠢ ᠠᠵᠢᠯ ᠮᠡᠷᠭᠡᠵᠢᠯ᠎ᠤᠨ ᠰᠤᠷᠭ᠋ᠠᠭᠤᠯᠢ ᠵᠢ ᠡᠭᠦᠳᠦᠨ ᠪᠠᠢ᠌ᠭᠤᠯᠤᠨ᠎ᠠ᠃

      (ᠶᠢᠰᠦ) ᠬᠠᠮ ᠭᠡᠯᠪᠡᠷᠢ ᠵᠢᠨ ᠮᠡᠷᠭᠡᠵᠢᠯ ᠤᠷ᠎ᠠ ᠴᠢᠳᠠᠪᠤᠷᠢ ᠵᠢᠨ ᠴᠢᠳᠠᠪᠤᠷᠢᠲᠠᠨ᠎ᠢ ᠬᠥᠮᠥᠵᠢᠭᠦᠯᠬᠦ ᠡᠷᠴᠢᠮ᠎ᠢ ᠴᠢᠩᠭ᠋ᠠᠷᠠᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠨᠠᠰᠤᠨ ᠲᠤᠷᠰᠢᠲᠠ ᠵᠢᠨ ᠠᠵᠢᠯ ᠮᠡᠷᠭᠡᠵᠢᠯ᠎ᠤᠨ ᠤᠷ᠎ᠠ ᠴᠢᠳᠠᠪᠤᠷᠢ ᠵᠢᠨ ᠪᠣᠯᠪᠠᠰᠤᠷᠠᠯ᠎ᠤᠨ ᠳᠦᠷᠢᠮ᠎ᠢ ᠪᠦᠷᠢᠨᠰᠢᠭᠦᠯᠵᠦ᠂ ᠰᠢᠨ᠎ᠡ ᠴᠢᠨᠠᠷᠯᠢᠭ ᠦᠢ᠍ᠯᠡᠳᠪᠦᠷᠢᠯᠡᠯ᠎ᠤᠨ ᠬᠦᠴᠦᠨ᠎ᠢ ᠬᠥᠭᠵᠢᠭᠦᠯᠬᠦ᠂ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ᠎ᠳᠤ ᠪᠠᠴᠢᠮ ᠬᠡᠷᠡᠭᠰᠡᠬᠦ ᠴᠢᠳᠠᠪᠤᠷᠢᠲᠠᠨ᠎ᠢ ᠬᠥᠮᠥᠵᠢᠭᠦᠯᠦᠨ᠎ᠡ᠃ ᠤᠷ᠎ᠠ ᠮᠡᠷᠭᠡᠵᠢᠯ᠎ᠤᠨ ᠳᠤᠮᠳᠠᠳᠤ ᠤᠯᠤᠰ᠎ᠤᠨ ᠠᠵᠢᠯᠯᠠᠭ᠎ᠠ᠂ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠢᠨᠵᠧᠨᠧᠷ᠎ᠤᠨ ᠲᠤᠬᠠᠢ ᠵᠢᠨ ᠲᠠᠯᠠᠪᠤᠷ᠎ᠤᠨ ᠲᠤᠰᠬᠠᠢ ᠬᠥᠮᠦᠵᠢᠯ᠎ᠤᠨ ᠲᠥᠯᠥᠪᠯᠡᠭᠡ᠂ ᠤᠷ᠎ᠠ ᠮᠡᠷᠭᠡᠵᠢᠯ᠎ᠲᠠᠢ ᠵᠠᠯᠠᠭᠤ ᠴᠢᠳᠠᠪᠤᠷᠢᠲᠠᠨ᠎ᠢ ᠳᠠᠪᠲᠠᠨ ᠪᠤᠯᠪᠠᠰᠤᠷᠠᠭᠤᠯᠬᠤ ᠠᠵᠢᠯᠯᠠᠭ᠎ᠠ ᠵᠢ ᠶᠡᠬᠡ᠎ᠪᠠᠷ ᠥᠷᠨᠢᠭᠦᠯᠵᠦ᠂ ᠠᠵᠢᠯᠯᠠᠬᠤ ᠰᠤᠷᠤᠯᠴᠠᠬᠤ ᠵᠢ ᠨᠢᠭᠡ ᠴᠣᠭᠴᠠᠵᠢᠭᠤᠯᠤᠭᠰᠠᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠢ ᠬᠥᠮᠥᠵᠢᠭᠦᠯᠬᠦ ᠵᠠᠭᠪᠤᠷ᠎ᠢ ᠪᠦᠭᠦ ᠲᠠᠯ᠎ᠠ᠎ᠪᠠᠷ ᠠᠬᠢᠭᠤᠯᠤᠨ᠎ᠠ᠃

      (ᠠᠷᠪᠠ) ᠠᠵᠤ ᠠᠬᠤᠢ᠌ᠯᠠᠯ᠎ᠤᠨ ᠠᠵᠤ ᠦᠢ᠍ᠯᠡᠰ᠎ᠤᠨ ᠠᠵᠢᠯᠴᠢᠨ ᠬᠥᠮᠥᠵᠢᠭᠦᠯᠬᠦ ᠬᠠᠷᠢᠭᠤᠴᠠᠯᠭ᠎ᠠ ᠵᠢ ᠨᠠᠢ᠌ᠳᠠᠪᠤᠷᠢᠵᠢᠭᠤᠯᠤᠨ᠎ᠠ᠃ ᠠᠵᠤ ᠠᠬᠤᠢ᠌ᠯᠠᠯ ᠵᠶ᠋ᠠᠷ ᠭᠣᠣᠯ ᠴᠣᠭᠴᠠ ᠪᠤᠯᠭ᠋ᠠᠬᠰᠠᠨ᠂ ᠠᠵᠢᠯ ᠮᠡᠷᠭᠡᠵᠢᠯ᠎ᠤᠨ ᠰᠤᠷᠭ᠋ᠠᠭᠤᠯᠢ᠎ᠪᠠᠷ ᠰᠠᠭᠤᠷᠢ ᠪᠤᠯᠭ᠋ᠠᠬᠰᠠᠨ᠂ ᠵᠠᠰᠠᠭ᠎ᠤᠨ ᠣᠷᠳᠣᠨ᠎ᠠᠴᠠ ᠠᠬᠢᠭᠤᠯᠤᠭᠰᠠᠨ᠂ ᠨᠡᠢ᠌ᠭᠡᠮ ᠵᠶ᠋ᠡᠷ ᠵᠶ᠋ᠡᠨ ᠳᠡᠮᠵᠢᠭᠰᠡᠨ᠂ ᠠᠵᠢᠯᠴᠢᠨ᠎ᠤ ᠡᠪᠯᠡᠯ ᠣᠷᠣᠯᠴᠠᠬᠰᠠᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠢ ᠬᠥᠮᠥᠵᠢᠭᠦᠯᠬᠦ ᠰᠢᠰᠲ᠋ᠧᠮ᠎ᠢ ᠪᠠᠢ᠌ᠭᠤᠯᠤᠨ᠎ᠠ᠃ ᠲᠣᠮᠣ ᠭᠡᠯᠪᠡᠷᠢ ᠵᠢᠨ ᠠᠵᠤ ᠠᠬᠤᠢ᠌ᠯᠠᠯ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠬᠥᠭᠵᠢᠯᠲᠡ ᠵᠢᠨ ᠪᠠᠢ᠌ᠯᠳᠤᠬᠤ ᠪᠣᠳᠣᠯᠭ᠎ᠠ ᠲᠣᠭᠲᠠᠭ᠋ᠠᠬᠤ ᠵᠢ ᠵᠣᠷᠢᠭᠵᠢᠭᠤᠯᠵᠤ᠂ ᠠᠵᠤ ᠦᠢ᠍ᠯᠡᠰ᠎ᠤᠨ ᠠᠵᠢᠯᠴᠢᠨ᠎ᠤ ᠪᠣᠯᠪᠠᠰᠤᠷᠠᠯ᠎ᠤᠨ ᠳᠦᠷᠢᠮ᠎ᠢ ᠪᠦᠷᠢᠨᠰᠢᠭᠦᠯᠵᠦ᠂ ᠣᠯᠠᠨ ᠨᠡᠢ᠌ᠲᠡ ᠵᠢᠨ ᠠᠵᠢᠯ ᠮᠡᠷᠭᠡᠵᠢᠯ᠎ᠤᠨ ᠤᠷ᠎ᠠ ᠴᠢᠳᠠᠪᠤᠷᠢ ᠵᠢᠨ ᠪᠣᠯᠪᠠᠰᠤᠷᠠᠯ᠎ᠢ ᠢᠳᠡᠪᠬᠢᠲᠡᠢ ᠥᠷᠨᠢᠭᠦᠯᠦᠨ᠎ᠡ᠃ ᠠᠵᠤ ᠠᠬᠤᠢ᠌ᠯᠠᠯ᠎ᠤᠨ᠎ᠬᠢᠨ ᠠᠵᠢᠯᠲᠠᠨ ᠠᠵᠢᠯᠴᠢᠨ᠎ᠤ ᠰᠤᠷᠭ᠋ᠠᠨ ᠬᠥᠮᠦᠵᠢᠯ᠎ᠤᠨ ᠵᠠᠷᠤᠳᠠᠯ᠎ᠢ ᠲᠣᠭᠲᠠᠭ᠋ᠠᠯ ᠶᠣᠰᠣᠭ᠋ᠠᠷ ᠲᠣᠭ᠎ᠠ ᠶᠣᠰᠣᠭ᠋ᠠᠷ ᠭᠦᠢ᠍ᠴᠡᠳ ᠭᠠᠷᠭ᠋ᠠᠨ ᠠᠪᠬᠤ ᠪᠠ ᠬᠡᠷᠡᠭᠯᠡᠵᠦ᠂ 60%᠎ᠠᠴᠠ ᠳᠡᠭᠡᠭᠰᠢᠬᠢ ᠵᠢ ᠡᠮᠦᠨ᠎ᠡ ᠹᠷᠣᠨᠲ᠎ᠤᠨ ᠠᠵᠢᠯᠲᠠᠨ ᠠᠵᠢᠯᠴᠢᠨ᠎ᠤ ᠰᠤᠷᠭ᠋ᠠᠨ ᠬᠥᠮᠦᠵᠢᠯ ᠪᠠ ᠪᠣᠯᠪᠠᠰᠤᠷᠠᠯ᠎ᠳᠤ ᠬᠡᠷᠡᠭᠯᠡᠬᠦ ᠵᠢ ᠦᠨᠡᠨᠬᠦ ᠪᠠᠲᠤᠯᠠᠨ᠎ᠠ᠃ ᠠᠵᠢᠯᠴᠢᠨ᠎ᠤ ᠡᠪᠯᠡᠯ᠎ᠤᠨ ᠰᠢᠰᠲ᠋ᠧᠮ᠂ ᠠᠵᠢᠯ ᠲᠥᠷᠥᠯ᠎ᠤᠨ ᠨᠡᠢ᠌ᠭᠡᠮᠯᠢᠭ᠂ ᠨᠡᠢ᠌ᠭᠡᠮ᠎ᠤᠨ ᠪᠣᠯᠪᠠᠰᠤᠷᠠᠯ᠎ᠤᠨ ᠪᠠᠢ᠌ᠭᠤᠯᠤᠮᠵᠢ ᠵᠢᠨ ᠦᠢ᠍ᠯᠡᠳᠦᠯ᠎ᠢ ᠪᠠᠳᠠᠷᠠᠭᠤᠯᠵᠤ᠂ ᠳᠤᠮᠳᠠ ᠵᠢᠵᠢᠭ ᠠᠵᠤ ᠠᠬᠤᠢ᠌ᠯᠠᠯ᠎ᠢ ᠬᠠᠪᠰᠤᠷᠤᠨ ᠤᠷ᠎ᠠ ᠴᠢᠳᠠᠪᠤᠷᠢ ᠵᠢᠨ ᠪᠣᠯᠪᠠᠰᠤᠷᠠᠯ᠎ᠢ ᠥᠷᠨᠢᠭᠦᠯᠦᠨ᠎ᠡ᠃

      (ᠠᠷᠪᠠᠨ ᠨᠢᠭᠡ) ᠠᠵᠤ ᠦᠢ᠍ᠯᠡᠰ᠎ᠤᠨ ᠠᠵᠢᠯᠴᠢᠨ᠎ᠤ ᠰᠢᠨ᠎ᠡ ᠮᠡᠳᠡᠯᠭᠡ ᠰᠤᠷᠤᠯᠴᠠᠬᠤ ᠪᠠ ᠰᠤᠷᠤᠯᠭ᠎ᠠ ᠵᠢᠨ ᠨᠠᠮᠲᠠᠷ ᠵᠶ᠋ᠡᠨ ᠲᠡᠭᠡᠭᠰᠢᠯᠡᠭᠦᠯᠭᠦ ᠵᠢ ᠠᠬᠢᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠦᠷᠬᠦᠯᠵᠢᠯᠡᠭᠰᠡᠨ ᠰᠤᠷᠭ᠋ᠠᠨ ᠬᠥᠮᠦᠵᠢᠯ᠎ᠤᠨ ᠲᠥᠷᠥᠯ ᠵᠦᠢ᠍ᠯ᠎ᠢ ᠬᠡᠷᠡᠭᠵᠢᠭᠦᠯᠵᠦ᠂ ᠨᠠᠩ ᠣᠯᠠᠨ ᠶᠡᠬᠡ ᠳᠡᠭᠡᠳᠦ ᠰᠤᠷᠭ᠋ᠠᠭᠤᠯᠢ᠂ ᠨᠡᠭᠡᠭᠡᠯᠲᠡ ᠵᠢᠨ ᠶᠡᠬᠡ ᠰᠤᠷᠭ᠋ᠠᠭᠤᠯᠢ᠎ᠳᠤ ᠭᠦᠳᠡᠯᠮᠦᠷᠢ ᠵᠢᠨ ᠵᠢᠱ᠌ᠢᠶᠡᠴᠢ ᠪᠠ ᠤᠷᠠᠨ ᠳᠠᠷᠬᠠᠨ᠎ᠤ ᠴᠢᠳᠠᠪᠤᠷᠢᠲᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠰᠤᠷᠤᠯᠭ᠎ᠠ ᠵᠢᠨ ᠨᠠᠮᠲᠠᠷ᠎ᠤᠨ ᠰᠤᠷᠭ᠋ᠠᠨ ᠬᠥᠮᠦᠵᠢᠯ᠎ᠤᠨ ᠠᠩᠭᠢ᠂ ᠳᠡᠭᠡᠳᠦ ᠵᠡᠷᠭᠡ ᠵᠢᠨ ᠰᠤᠳᠤᠯᠤᠨ ᠰᠤᠷᠤᠯᠴᠠᠬᠤ ᠠᠩᠭᠢ ᠨᠡᠭᠡᠭᠡᠬᠦ ᠵᠢ ᠵᠣᠷᠢᠭᠵᠢᠭᠤᠯᠵᠤ᠂ ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠤ ᠰᠢᠨ᠎ᠡ ᠵᠢ ᠡᠭᠦᠳᠬᠦ ᠪᠣᠯᠪᠠᠰᠤᠷᠠᠯ᠎ᠤᠨ ᠭᠠᠵᠠᠷ᠎ᠢ ᠡᠷᠭᠢᠯᠡᠵᠦ᠂ ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠬᠢᠯᠢ ᠵᠢᠨ ᠭᠠᠳᠠᠨᠠᠬᠢ ᠪᠣᠯᠪᠠᠰᠤᠷᠠᠯ ᠪᠠ ᠣᠯᠠᠨ ᠤᠯᠤᠰ᠎ᠤᠨ ᠰᠣᠯᠢᠯᠴᠠᠭ᠋ᠠᠨ᠎ᠤ ᠠᠵᠢᠯᠯᠠᠭ᠎ᠠ ᠵᠢ ᠦᠷᠭᠦᠯᠵᠢᠯᠡᠨ ᠭᠦᠨᠵᠡᠭᠡᠢ᠌ᠷᠡᠭᠦᠯᠦᠨ᠎ᠡ᠃ ᠤᠯᠤᠰ᠎ᠤᠨ ᠡᠯ᠎ᠡ ᠲᠥᠷᠥᠯ᠎ᠤᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠣᠶᠤᠨᠴᠢ ᠰᠤᠷᠭ᠋ᠠᠨ ᠬᠥᠮᠦᠵᠢᠯ᠎ᠤᠨ ᠲᠠᠪᠴᠠᠩ᠎ᠤᠨ ᠦᠢ᠍ᠯᠡᠳᠦᠯ᠎ᠢ ᠪᠠᠳᠠᠷᠠᠭᠤᠯᠤᠨ᠎ᠠ᠃ ᠪᠦᠭᠦ ᠤᠯᠤᠰ᠎ᠤᠨ ᠠᠵᠤ ᠦᠢ᠍ᠯᠡᠰ᠎ᠤᠨ ᠠᠵᠢᠯᠴᠢᠨ᠎ᠤ ᠣᠶᠤᠨᠴᠢᠯᠠᠭᠰᠠᠨ ᠤᠷ᠎ᠠ ᠮᠡᠷᠭᠡᠵᠢᠯ᠎ᠤᠨ ᠰᠤᠷᠤᠯᠴᠠᠯᠭ᠎ᠠ ᠵᠢᠨ ᠲᠠᠪᠴᠠᠩ᠎ᠢ ᠪᠠᠢ᠌ᠭᠤᠯᠤᠨ᠎ᠠ᠃ ᠠᠵᠢᠯᠴᠢᠨ᠎ᠤ ᠰᠣᠶᠣᠯ᠎ᠤᠨ ᠣᠷᠳᠣᠨ ᠵᠡᠷᠭᠡ ᠨᠡᠢ᠌ᠭᠡᠮ᠎ᠤᠨ ᠨᠡᠢ᠌ᠲᠡ ᠵᠢᠨ ᠠᠰᠠᠷᠠᠮᠵᠢ ᠵᠢᠨ ᠵᠢᠭᠰᠠᠭ᠋ᠠᠯ᠎ᠤᠨ ᠭᠠᠵᠠᠷ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠬᠥᠯᠥᠰᠦᠨ ᠠᠵᠢᠯᠴᠢᠨ᠂ ᠰᠢᠨ᠎ᠡ ᠠᠵᠢᠯ ᠣᠯᠭᠣᠯᠲᠠ ᠵᠢᠨ ᠭᠡᠯᠪᠡᠷᠢ ᠵᠢᠨ ᠬᠥᠳᠡᠯᠮᠦᠷᠢᠯᠡᠭᠴᠢᠳ᠎ᠲᠤ ᠲᠦᠭᠡᠮᠡᠯ ᠬᠠᠷᠠᠭ᠋ᠠᠯᠵᠠᠯ᠎ᠤᠨ ᠳᠦᠷᠢᠮᠲᠦ᠂ ᠲᠦᠭᠡᠮᠡᠯᠵᠢᠭᠦᠯᠬᠦ ᠴᠢᠨᠠᠷᠲᠠᠢ ᠤᠷ᠎ᠠ ᠮᠡᠷᠭᠡᠵᠢᠯ᠎ᠤᠨ ᠪᠣᠯᠪᠠᠰᠤᠷᠠᠯ᠎ᠤᠨ ᠦᠢ᠍ᠯᠡᠴᠢᠯᠡᠭᠡ ᠬᠠᠩᠭ᠋ᠠᠨ᠎ᠠ᠃

ᠲᠠᠪᠤ᠂ ᠠᠵᠢᠯ ᠮᠡᠷᠭᠡᠵᠢᠯ᠎ᠤᠨ ᠬᠥᠭᠵᠢᠯᠲᠡ ᠵᠢᠨ ᠰᠢᠰᠲ᠋ᠧᠮ᠎ᠢ ᠪᠦᠷᠢᠨᠰᠢᠭᠦᠯᠵᠦ᠂ ᠠᠵᠤ ᠦᠢ᠍ᠯᠡᠰ᠎ᠤᠨ ᠠᠵᠢᠯᠴᠢᠨ᠎ᠤ ᠥᠰᠦᠨ ᠪᠣᠢ᠌ᠵᠢᠵᠤ ᠴᠢᠳᠠᠪᠤᠷᠢᠲᠠᠨ ᠪᠤᠯᠬᠤ ᠵᠢ ᠠᠬᠢᠭᠤᠯᠤᠨ᠎ᠠ

      (ᠠᠷᠪᠠᠨ ᠬᠣᠶᠠᠷ) ᠠᠵᠤ ᠦᠢ᠍ᠯᠡᠰ᠎ᠤᠨ ᠠᠵᠢᠯᠴᠢᠨ᠎ᠤ ᠥᠭᠡᠳᠡᠯᠡᠨ ᠬᠥᠭᠵᠢᠬᠦ ᠵᠠᠮ᠎ᠢ ᠰᠢᠯᠤᠭᠤᠳᠬᠠᠨ᠎ᠠ᠃ ᠰᠢᠨ᠎ᠡ ᠵᠢ ᠡᠭᠦᠳᠬᠦ ᠴᠢᠳᠠᠪᠤᠷᠢ᠂ ᠶᠠᠰᠤ ᠴᠢᠨᠠᠷ᠂ ᠪᠣᠳᠠᠲᠤ ᠦᠷ᠎ᠡ ᠪᠦᠲᠦᠮᠵᠢ᠂ ᠬᠤᠪᠢ ᠨᠡᠮᠡᠷᠢ᠎ᠪᠠᠷ ᠤᠳᠤᠷᠢᠳᠤᠮᠵᠢ ᠪᠤᠯᠭ᠋ᠠᠵᠤ᠂ ᠭᠦᠳᠡᠯᠮᠦᠷᠢ ᠵᠢᠨ ᠵᠢᠱ᠌ᠢᠶᠡᠴᠢ ᠵᠢᠨ ᠵᠣᠷᠢᠭ ᠰᠠᠨᠠᠭ᠎ᠠ᠂ ᠭᠦᠳᠡᠯᠮᠦᠷᠢ ᠵᠢᠨ ᠵᠣᠷᠢᠭ ᠰᠠᠨᠠᠭ᠎ᠠ᠂ ᠤᠷᠠᠨ ᠳᠠᠷᠬᠠᠨ᠎ᠤ ᠵᠣᠷᠢᠭ ᠰᠠᠨᠠᠭ᠎ᠠ ᠵᠢ ᠪᠣᠢ᠌ᠵᠢᠭᠤᠯᠬᠤ ᠪᠠ ᠠᠵᠢᠯ ᠮᠡᠷᠭᠡᠵᠢᠯ᠎ᠤᠨ ᠶᠣᠰᠣ ᠮᠣᠷᠠᠯ᠎ᠢ ᠬᠥᠮᠥᠵᠢᠭᠦᠯᠬᠦ ᠵᠢ ᠴᠢᠬᠤᠯᠠᠴᠢᠯᠠᠬᠤ ᠤᠷ᠎ᠠ ᠮᠡᠷᠭᠡᠵᠢᠯ᠎ᠤᠨ ᠴᠢᠳᠠᠪᠤᠷᠢᠲᠠᠨ᠎ᠢ ᠦᠨᠡᠯᠡᠬᠦ ᠰᠢᠰᠲ᠋ᠧᠮ᠎ᠢ ᠪᠠᠢ᠌ᠭᠤᠯᠤᠨ᠎ᠠ᠃ ᠲᠣᠮᠣ ᠤᠯᠤᠰ᠎ᠤᠨ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠢ ᠨᠠᠮ᠎ᠠᠴᠠ ᠴᠢᠳᠠᠪᠤᠷᠢᠲᠠᠨ᠎ᠢ ᠬᠠᠮᠢᠶᠠᠷᠬᠤ ᠶᠡᠷᠦᠩᠬᠡᠢ ᠲᠣᠬᠢᠷᠠᠭᠤᠯᠤᠯᠲᠠ᠎ᠳᠤ ᠣᠷᠣᠭᠤᠯᠤᠨ ᠨᠢᠭᠡᠳᠦᠯᠲᠡᠢ ᠲᠥᠯᠥᠪᠵᠢᠭᠦᠯᠦᠨ ᠪᠣᠳᠣᠯᠬᠢᠯᠠᠵᠤ᠂ ᠡᠯ᠎ᠡ ᠭᠠᠵᠠᠷ᠎ᠤᠨ ᠪᠠᠴᠢᠮ ᠬᠡᠷᠡᠭᠴᠡᠭᠡ᠎ᠲᠠᠢ ᠲᠤᠲᠠᠭᠳᠠᠵᠤ ᠪᠠᠢ᠌ᠭ᠎ᠠ ᠤᠷ᠎ᠠ ᠮᠡᠷᠭᠡᠵᠢᠯ᠎ᠤᠨ ᠴᠢᠳᠠᠪᠤᠷᠢᠲᠠᠨ᠎ᠢ ᠴᠢᠳᠠᠪᠤᠷᠢᠲᠠᠨ᠎ᠢ ᠤᠷᠢᠨ ᠠᠪᠴᠢᠷᠠᠬᠤ ᠭᠠᠷᠴᠠᠭ᠎ᠲᠤ ᠣᠷᠣᠭᠤᠯᠬᠤ ᠵᠢ ᠳᠡᠮᠵᠢᠨ᠎ᠡ᠃ ᠠᠵᠢᠯ ᠮᠡᠷᠭᠡᠵᠢᠯ᠎ᠤᠨ ᠤᠷ᠎ᠠ ᠮᠡᠷᠭᠡᠵᠢᠯ᠎ᠤᠨ ᠳᠡᠰ᠎ᠢ ᠬᠢᠨᠠᠨ ᠲᠣᠭᠲᠠᠭ᠋ᠠᠬᠤ ᠶᠠᠰᠤ ᠴᠢᠨᠠᠷ᠎ᠢ ᠳᠡᠭᠡᠭᠰᠢᠯᠡᠭᠦᠯᠦᠨ ᠬᠡᠪᠴᠢᠶ᠎ᠡ ᠵᠢ ᠥᠷᠭᠡᠳᠬᠡᠬᠦ ᠠᠵᠢᠯᠯᠠᠭ᠎ᠠ ᠵᠢ ᠭᠦᠨᠵᠡᠭᠡᠢ ᠬᠡᠷᠡᠭᠵᠢᠭᠦᠯᠦᠨ᠎ᠡ᠃ 《ᠰᠢᠨ᠎ᠡ ᠨᠠᠢ᠍ᠮᠠᠨ ᠳᠡᠰ᠎ᠤᠨ ᠠᠵᠢᠯᠴᠢᠨ》᠎ᠤ ᠠᠵᠢᠯ ᠮᠡᠷᠭᠡᠵᠢᠯ᠎ᠤᠨ ᠤᠷ᠎ᠠ ᠮᠡᠷᠭᠡᠵᠢᠯ᠎ᠤᠨ ᠳᠡᠰ᠎ᠤᠨ ᠳᠦᠷᠢᠮ᠎ᠢ ᠪᠦᠷᠢᠨᠰᠢᠭᠦᠯᠦᠨ᠎ᠡ᠃

      (ᠠᠷᠪᠠᠨ ᠭᠤᠷᠪᠠ) ᠠᠵᠤ ᠦᠢ᠍ᠯᠡᠰ᠎ᠤᠨ ᠠᠵᠢᠯᠴᠢᠨ᠎ᠤ ᠬᠥᠨᠳᠡᠯᠡᠨ ᠵᠶ᠋ᠡᠷ ᠬᠥᠭᠵᠢᠬᠦ ᠲᠣᠭᠲᠠᠴᠠ ᠵᠢ ᠨᠡᠪᠲᠡᠷᠡᠭᠦᠯᠦᠨ᠎ᠡ᠃ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠠᠵᠤ ᠦᠢ᠍ᠯᠡᠰ᠎ᠤᠨ ᠠᠵᠢᠯᠴᠢᠨ᠎ᠤ ᠠᠵᠢᠯ ᠦᠢ᠍ᠯᠡᠰ᠎ᠤᠨ ᠠᠮᠢᠳᠤᠷᠠᠯ᠎ᠤᠨ ᠵᠢᠯᠤᠭᠣᠳᠬᠤ ᠲᠥᠯᠥᠪᠯᠡᠭᠡ ᠵᠢ ᠪᠠᠢ᠌ᠭᠤᠯᠤᠨ ᠪᠦᠷᠢᠨᠰᠢᠭᠦᠯᠦᠨ᠎ᠡ᠃ ᠰᠤᠷᠤᠯᠭ᠎ᠠ ᠵᠢᠨ ᠨᠠᠮᠲᠠᠷ᠎ᠤᠨ ᠰᠤᠷᠭ᠋ᠠᠨ ᠬᠥᠮᠦᠵᠢᠯ᠎ᠤᠨ ᠰᠤᠷᠤᠯᠴᠠᠯᠭ᠎ᠠ ᠵᠢᠨ ᠦᠷ᠎ᠡ ᠪᠦᠲᠦᠭᠡᠯ᠂ ᠰᠤᠷᠤᠯᠭ᠎ᠠ ᠵᠢᠨ ᠨᠠᠮᠲᠠᠷ᠎ᠤᠨ ᠪᠤᠰᠤ ᠰᠤᠷᠭ᠋ᠠᠨ ᠬᠥᠮᠦᠵᠢᠯ᠎ᠤᠨ ᠰᠤᠷᠤᠯᠴᠠᠯᠭ᠎ᠠ ᠵᠢᠨ ᠦᠷ᠎ᠡ ᠪᠦᠲᠦᠭᠡᠯ᠂ ᠠᠵᠢᠯ ᠮᠡᠷᠭᠡᠵᠢᠯ᠎ᠤᠨ ᠤᠷ᠎ᠠ ᠮᠡᠷᠭᠡᠵᠢᠯ᠎ᠤᠨ ᠳᠡᠰ᠎ᠤᠨ ᠰᠤᠷᠤᠯᠭ᠎ᠠ ᠵᠢᠨ ᠬᠤᠪᠢ ᠵᠢ ᠬᠠᠷᠢᠯᠴᠠᠨ ᠰᠣᠯᠢᠵᠤ ᠮᠡᠳᠡᠷᠡᠬᠦ ᠵᠢ ᠠᠬᠢᠭᠤᠯᠤᠨ᠎ᠠ᠃ ᠠᠵᠢᠯ ᠮᠡᠷᠭᠡᠵᠢᠯ᠎ᠤᠨ ᠬᠢᠷᠢ ᠭᠡᠮ᠂ ᠠᠵᠢᠯ ᠮᠡᠷᠭᠡᠵᠢᠯ᠎ᠤᠨ ᠤᠷ᠎ᠠ ᠮᠡᠷᠭᠡᠵᠢᠯ᠎ᠤᠨ ᠳᠡᠰ ᠬᠢᠭᠡᠳ ᠬᠠᠷᠠᠭ᠋ᠠᠯᠵᠠᠭᠰᠠᠨ ᠮᠡᠷᠭᠡᠵᠢᠯ᠎ᠤᠨ ᠴᠣᠯᠠ᠂ ᠰᠤᠷᠤᠯᠭ᠎ᠠ ᠵᠢᠨ ᠨᠠᠮᠲᠠᠷ᠎ᠤᠨ ᠬᠣᠣᠰ ᠴᠢᠭᠯᠡᠯ ᠵᠶ᠋ᠠᠷ ᠬᠠᠷᠭᠤᠭᠤᠯᠤᠨ ᠲᠣᠭᠲᠠᠭ᠋ᠠᠬᠤ ᠳᠦᠷᠢᠮ᠎ᠢ ᠪᠠᠢ᠌ᠭᠤᠯᠵᠤ᠂ ᠲᠤᠰᠬᠠᠢ ᠮᠡᠷᠭᠡᠵᠢᠯ᠎ᠤᠨ ᠠᠵᠢᠯ᠎ᠤᠨ ᠪᠠᠢ᠌ᠷᠢ᠂ ᠡᠵᠡᠩᠨᠡᠯᠲᠡ ᠬᠠᠮᠢᠶᠠᠷᠤᠯᠲᠠ ᠵᠢᠨ ᠠᠵᠢᠯ᠎ᠤᠨ ᠪᠠᠢ᠌ᠷᠢ᠂ ᠤᠷ᠎ᠠ ᠮᠡᠷᠭᠡᠵᠢᠯ᠎ᠤᠨ ᠠᠵᠢᠯ᠎ᠤᠨ ᠪᠠᠢ᠌ᠷᠢ ᠵᠢ ᠬᠠᠷᠢᠯᠴᠠᠨ ᠨᠡᠪᠲᠡᠷᠡᠯᠴᠡᠭᠦᠯᠬᠦ ᠤᠷᠲᠤ ᠬᠤᠭᠤᠴᠠᠭ᠋ᠠᠨ᠎ᠤ ᠪᠦᠲᠦᠮᠵᠢᠲᠡᠶ ᠲᠣᠭᠲᠠᠴᠠ ᠵᠢ ᠪᠦᠷᠢᠨᠰᠢᠭᠦᠯᠦᠨ᠎ᠡ᠃

      ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠬᠦ ᠲᠤᠬᠠᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠰᠠᠨᠠᠯ (3)

ᠵᠢᠷᠭᠤᠭ᠎ᠠ᠂ ᠭᠦᠳᠡᠯᠮᠦᠷᠢ ᠠᠵᠤ ᠠᠬᠤᠢ ᠵᠢᠨ ᠡᠷᠬᠡ ᠠᠰᠢᠭ᠎ᠢ ᠬᠠᠮᠠᠭ᠋ᠠᠯᠠᠵᠤ᠂ ᠠᠵᠤ ᠦᠢ᠍ᠯᠡᠰ᠎ᠤᠨ ᠠᠵᠢᠯᠴᠢᠨ᠎ᠤ ᠠᠮᠵᠢᠯᠲᠠ ᠵᠢᠨ ᠲᠥᠷᠥᠭᠳᠡᠯ ᠬᠦᠷᠲᠡᠮᠵᠢ ᠵᠢᠨ ᠲᠥᠷᠥᠭᠳᠡᠯ ᠵᠢᠷᠭ᠋ᠠᠯᠲᠤ ᠲᠥᠷᠥᠭᠳᠡᠯ᠎ᠢ ᠨᠡᠮᠡᠭᠳᠡᠭᠦᠯᠦᠨ᠎ᠡ

      (ᠠᠷᠪᠠᠨ ᠳᠥᠷᠪᠡ) ᠠᠵᠤ ᠦᠢ᠍ᠯᠡᠰ᠎ᠤᠨ ᠠᠵᠢᠯᠴᠢᠨ᠎ᠤ ᠠᠵᠤ ᠠᠬᠤᠢ ᠵᠢᠨ ᠣᠷᠣᠯᠭ᠎ᠠ ᠵᠢ ᠳᠡᠭᠡᠭᠰᠢᠯᠡᠭᠦᠯᠦᠨ᠎ᠡ᠃ ᠢᠯᠡᠭᠦᠦ ᠬᠥᠳᠡᠯᠮᠦᠷᠢᠯᠡᠭᠰᠡᠳ᠎ᠲᠤ ᠢᠯᠡᠭᠦᠦ ᠣᠯᠭᠣᠬᠤ᠂ ᠮᠡᠷᠭᠡᠵᠢᠯ ᠥᠨᠳᠥᠷ ᠬᠥᠮᠥᠰ᠎ᠲᠤ ᠢᠯᠡᠭᠦᠦ ᠣᠯᠭᠣᠬᠤ᠂ ᠰᠢᠨ᠎ᠡ ᠵᠢ ᠡᠭᠦᠳᠦᠭᠴᠢ᠎ᠳᠤ ᠢᠯᠡᠭᠦᠦ ᠣᠯᠭᠣᠬᠤ ᠵᠢ ᠪᠠᠷᠢᠮᠲᠠᠯᠠᠨ᠂ ᠣᠷᠣᠯᠭ᠎ᠠ ᠵᠢᠨ ᠬᠤᠪᠢᠶᠠᠷᠢᠯᠠᠯᠲᠠ ᠵᠢᠨ ᠳᠦᠷᠢᠮ᠎ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠠᠩᠬᠠᠨ᠎ᠤ ᠬᠤᠪᠢᠶᠠᠷᠢᠯᠠᠯᠲᠠ᠎ᠳᠠᠬᠢ ᠭᠦᠳᠡᠯᠮᠦᠷᠢ ᠵᠢᠨ ᠬᠥᠯᠥᠰᠦ ᠣᠯᠭᠣᠮᠵᠢ ᠵᠢᠨ ᠬᠤᠪᠢ ᠵᠢᠨ ᠵᠢᠩ᠎ᠢ ᠳᠡᠭᠡᠭᠰᠢᠯᠡᠭᠦᠯᠦᠨ᠎ᠡ᠃ ᠠᠵᠤ ᠦᠢ᠍ᠯᠡᠰ᠎ᠤᠨ ᠠᠵᠢᠯᠴᠢᠨ᠎ᠤ ᠴᠠᠯᠢᠩ᠎ᠤᠨ ᠲᠣᠭᠲᠠᠭ᠋ᠠᠯ᠂ ᠵᠦᠢ ᠵᠣᠬᠢᠰᠲᠠᠢ ᠨᠡᠮᠡᠭᠳᠡᠭᠦᠯᠬᠦ᠂ ᠴᠠᠯᠢᠩ᠎ᠢ ᠥᠭᠬᠦ ᠪᠠᠲᠤᠯᠠᠭ᠎ᠠ ᠵᠢᠨ ᠲᠣᠭᠲᠠᠴᠠ ᠵᠢ ᠲᠡᠭᠦᠯᠳᠡᠷᠵᠢᠭᠦᠯᠵᠦ᠂ ᠬᠦᠴᠦᠨ ᠵᠦᠢ᠍ᠯ ᠵᠶ᠋ᠡᠷ ᠬᠤᠪᠢᠶᠠᠷᠢᠯᠠᠬᠤ ᠲᠥᠷᠥ ᠵᠢᠨ ᠪᠣᠳᠣᠯᠭ᠎ᠠ ᠵᠢᠨ ᠳᠦᠷᠢᠮ᠎ᠢ ᠪᠦᠷᠢᠨᠰᠢᠭᠦᠯᠦᠨ᠎ᠡ᠃ ᠣᠯᠠᠨ ᠵᠦᠢ᠍ᠯ᠎ᠤᠨ ᠠᠷᠭ᠎ᠠ ᠬᠡᠮᠵᠢᠶ᠎ᠡ ᠵᠢ ᠵᠡᠷᠭᠡ᠎ᠪᠠᠷ ᠬᠡᠷᠡᠭᠯᠡᠨ ᠠᠵᠤ ᠠᠬᠤᠢ᠌ᠯᠠᠯ᠎ᠤᠨ ᠠᠵᠢᠯ᠎ᠤᠨ ᠪᠠᠢ᠌ᠷᠢ ᠵᠢᠨ ᠥᠷᠲᠡᠭ᠂ ᠴᠢᠳᠠᠪᠤᠷᠢ ᠬᠡᠪ ᠪᠣᠯᠪᠠᠰᠤᠷᠠᠯ᠂ ᠰᠢᠨ᠎ᠡ ᠵᠢ ᠡᠭᠦᠳᠦᠨ ᠪᠦᠲᠦᠭᠡᠬᠦ᠂ ᠠᠵᠢᠯ᠎ᠤᠨ ᠠᠮᠵᠢᠯᠲᠠ ᠪᠦᠲᠦᠮᠵᠢ ᠵᠢᠨ ᠬᠤᠪᠢ ᠨᠡᠮᠡᠷᠢ᠎ᠳᠤ ᠰᠠᠭᠤᠷᠢᠯᠠᠭᠰᠠᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠴᠠᠯᠢᠩ ᠬᠥᠯᠥᠰᠦ ᠵᠢᠨ ᠬᠤᠪᠢᠶᠠᠷᠢᠯᠠᠯᠲᠠ ᠵᠢᠨ ᠳᠦᠷᠢᠮ᠎ᠢ ᠪᠠᠢ᠌ᠭᠤᠯᠤᠨ ᠪᠦᠷᠢᠨᠰᠢᠭᠦᠯᠬᠦ ᠵᠢ ᠠᠬᠢᠭᠤᠯᠵᠤ᠂ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠴᠠᠯᠢᠩ ᠬᠥᠯᠥᠰᠦ ᠵᠢᠨ ᠬᠠᠷᠠᠭ᠋ᠠᠯᠵᠠᠯ᠎ᠢ ᠳᠡᠭᠡᠭᠰᠢᠯᠡᠭᠦᠯᠭᠦ᠎ᠪᠠᠷ ᠭᠣᠣᠯᠳᠠᠯᠭ᠎ᠠ ᠪᠣᠯᠭ᠋ᠠᠨ ᠴᠠᠯᠢᠩ᠎ᠢ ᠬᠠᠮᠲᠤ᠎ᠪᠠᠷ ᠵᠥᠪᠳᠡᠯᠴᠡᠬᠦ ᠵᠢ ᠥᠷᠨᠢᠭᠦᠯᠵᠦ᠂ ᠲᠣᠮᠣ ᠤᠯᠤᠰ᠎ᠤᠨ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠳᠤ ᠵᠢᠯ᠎ᠤᠨ ᠴᠠᠯᠢᠩ᠎ᠤᠨ ᠳᠦᠷᠢᠮ᠂ ᠵᠥᠪᠯᠡᠯᠴᠡᠨ ᠲᠣᠭᠲᠠᠬᠤ ᠴᠠᠯᠢᠩ᠎ᠤᠨ ᠳᠦᠷᠢᠮ ᠪᠠ ᠰᠲ᠋ᠣᠺ᠎ᠤᠨ ᠡᠷᠬᠡ᠎ᠪᠠᠷ ᠤᠷᠮᠠᠰᠢᠭᠤᠯᠬᠤ ᠵᠡᠷᠭᠡ ᠵᠢ ᠬᠡᠷᠡᠭᠵᠢᠭᠦᠯᠬᠦ ᠵᠢ ᠰᠦᠪᠡᠭᠴᠢᠯᠡᠨ᠎ᠡ᠃ ᠨᠥᠬᠥᠴᠡᠯ᠎ᠲᠠᠢ ᠭᠠᠵᠠᠷ ᠣᠷᠣᠨ᠎ᠢ ᠵᠢᠯᠤᠭᠣᠳᠴᠤ ᠠᠵᠢᠯ ᠮᠡᠷᠭᠡᠵᠢᠯ (ᠠᠵᠢᠯ᠎ᠤᠨ ᠲᠥᠷᠥᠯ᠂ ᠠᠵᠢᠯ᠎ᠤᠨ ᠪᠠᠢ᠌ᠷᠢ) ᠬᠤᠪᠢᠶᠠᠵᠤ᠂ ᠤᠷ᠎ᠠ ᠮᠡᠷᠭᠡᠵᠢᠯ᠎ᠤᠨ ᠳᠡᠰ ᠬᠤᠪᠢᠶᠠᠭᠰᠠᠨ ᠴᠠᠯᠢᠩ᠎ᠤᠨ ᠦᠨ᠎ᠡ ᠬᠠᠩᠰᠢ ᠵᠢᠨ ᠮᠡᠳᠡᠭᠡ ᠵᠠᠩᠭᠢ ᠵᠢ ᠨᠡᠢ᠌ᠲᠡᠯᠡᠨ᠎ᠡ᠃

      (ᠠᠷᠪᠠᠨ ᠲᠠᠪᠤ) ᠠᠵᠤ ᠦᠢ᠍ᠯᠡᠰ᠎ᠤᠨ ᠠᠵᠢᠯᠴᠢᠨ᠎ᠤ ᠦᠢ᠍ᠯᠡᠴᠢᠯᠡᠭᠡ ᠪᠠᠲᠤᠯᠠᠭ᠎ᠠ ᠵᠢ ᠴᠢᠩᠭ᠋ᠠᠳᠬᠠᠨ᠎ᠠ᠃ ᠨᠡᠢ᠌ᠭᠡᠮ᠎ᠤᠨ ᠪᠠᠲᠤᠯᠠᠭ᠎ᠠ ᠵᠢᠨ ᠺᠠᠷᠲ ᠵᠶ᠋ᠠᠷ ᠠᠴᠢᠶᠠᠯᠠᠪᠤᠷᠢ ᠪᠤᠯᠭ᠋ᠠᠬᠰᠠᠨ ᠠᠵᠤ ᠦᠢ᠍ᠯᠡᠰ᠎ᠤᠨ ᠠᠵᠢᠯᠴᠢᠨ᠎ᠤ ᠡᠯᠧᠺᠲᠷᠣᠨ ᠳᠠᠩᠰᠠ ᠡᠪᠬᠡᠮᠡᠯ᠎ᠢ ᠪᠠᠢ᠌ᠭᠤᠯᠵᠤ᠂ ᠪᠣᠯᠪᠠᠰᠤᠷᠠᠯ᠎ᠤᠨ ᠮᠡᠳᠡᠭᠡ ᠵᠠᠩᠭᠢ ᠬᠢᠭᠡᠳ ᠠᠵᠢᠯ ᠣᠯᠭᠣᠬᠤ᠂ ᠨᠡᠢ᠌ᠭᠡᠮ᠎ᠤᠨ ᠪᠠᠲᠤᠯᠠᠭ᠎ᠠ ᠵᠢᠨ ᠮᠡᠳᠡᠭᠡ ᠵᠠᠩᠭᠢ ᠵᠢ ᠬᠣᠯᠪᠣᠨ ᠨᠠᠪᠲᠠᠷᠡᠭᠦᠯᠵᠦ ᠬᠠᠮᠲᠤ᠎ᠪᠠᠷ ᠡᠳ᠋ᠯᠡᠬᠦ᠂ ᠦᠢ᠍ᠯᠡᠴᠢᠯᠡᠭᠡᠨ᠎ᠤ ᠵᠦᠢ᠍ᠯᠡᠰ᠎ᠢ ᠨᠢᠭᠡ ᠰᠦᠯᠵᠢᠶ᠎ᠡ᠎ᠪᠠᠷ ᠨᠢᠭᠡᠳᠦᠯᠲᠡᠢ ᠭᠦᠢ᠍ᠴᠡᠳᠬᠡᠬᠦ ᠵᠢ ᠪᠡᠶᠡᠯᠡᠭᠦᠯᠦᠨ᠎ᠡ᠃ ᠠᠵᠤ ᠠᠬᠤᠢ᠌ᠯᠠᠯ᠎ᠤᠨ ᠠᠵᠤ ᠦᠢ᠍ᠯᠡᠰ᠎ᠤᠨ ᠠᠵᠢᠯᠴᠢᠨ᠎ᠲᠠᠢ ᠪᠢᠴᠢᠭ ᠵᠶ᠋ᠡᠷ ᠭᠦᠳᠡᠯᠮᠦᠷᠢ ᠵᠢᠨ ᠭᠡᠷ᠎ᠡ ᠲᠣᠭᠲᠠᠬᠤ ᠵᠢ ᠱᠠᠯᠠᠪᠳᠠᠭᠤᠯᠤᠨ᠎ᠠ᠃ ᠭᠦᠳᠡᠯᠮᠦᠷᠢ ᠦᠢ᠍ᠯᠡᠴᠢᠯᠡᠭᠡ ᠲᠣᠮᠢᠯᠠᠨ ᠠᠵᠢᠯᠴᠢᠨ ᠬᠡᠷᠡᠭᠯᠡᠬᠦ ᠵᠢ ᠴᠢᠩᠭ᠎ᠠ ᠵᠢᠷᠤᠮᠵᠢᠭᠤᠯᠵᠤ᠂ ᠬᠥᠳᠡᠯᠮᠦᠷᠢᠯᠡᠭᠴᠢᠳ᠎ᠤᠨ ᠬᠠᠤᠯᠢ ᠶᠣᠰᠣᠨ᠎ᠤ ᠡᠷᠬᠡ ᠠᠰᠢᠭ᠎ᠢ ᠪᠠᠲᠤᠯᠠᠨ᠎ᠠ᠃ ᠰᠢᠨ᠎ᠡ ᠴᠠᠭ ᠦᠶ᠎ᠡ ᠵᠢᠨ 《ᠹᠸᠩᠴᠢᠶᠣᠤ ᠵᠢᠨ ᠲᠤᠷᠰᠢᠯᠭ᠎ᠠ》 ᠵᠢ ᠪᠠᠷᠢᠮᠲᠠᠯᠠᠨ ᠬᠥᠭᠵᠢᠭᠦᠯᠵᠦ᠂ ᠭᠦᠳᠡᠯᠮᠦᠷᠢ ᠵᠢᠨ ᠮᠠᠷᠭᠤᠯᠳᠤᠭ᠋ᠠᠨ᠎ᠢ ᠤᠯᠠᠨ ᠡᠰᠢᠴᠢᠯᠡᠨ ᠰᠢᠢ᠍ᠳᠪᠦᠷᠢᠯᠡᠬᠦ ᠲᠣᠭᠲᠠᠴᠠ ᠵᠢ ᠲᠡᠭᠦᠯᠳᠡᠷᠵᠢᠭᠦᠯᠦᠨ᠂ ᠭᠦᠳᠡᠯᠮᠦᠷᠢ ᠵᠢᠨ ᠬᠦᠷᠢᠶᠡᠨ᠎ᠳᠠᠬᠢ ᠵᠥᠷᠢᠴᠡᠯ ᠵᠠᠭᠤᠷᠠᠯᠳᠤᠭ᠋ᠠᠨ᠎ᠢ ᠲᠣᠬᠢᠲᠠᠢ ᠰᠢᠢ᠍ᠳᠪᠦᠷᠢᠯᠡᠨ᠎ᠡ᠃ ᠭᠦᠳᠡᠯᠮᠦᠷᠢ ᠵᠢᠨ ᠪᠠᠲᠤᠯᠠᠭ᠎ᠠ ᠵᠢᠨ ᠬᠢᠨᠠᠨ ᠪᠠᠢ᠌ᠴᠠᠭ᠋ᠠᠯᠲᠠ ᠪᠠ ᠬᠠᠤᠯᠢ ᠬᠡᠷᠡᠭᠵᠢᠭᠦᠯᠦᠯᠲᠡ ᠵᠢ ᠴᠢᠩᠭ᠋ᠠᠳᠬᠠᠵᠤ᠂ ᠭᠦᠳᠡᠯᠮᠦᠷᠢ ᠠᠵᠢᠯᠲᠠᠨ᠎ᠤ ᠶᠠᠪᠤᠳᠠᠯ᠎ᠤᠨ ᠮᠠᠷᠭᠤᠯᠳᠤᠭ᠋ᠠᠨ᠎ᠢ ᠡᠶᠡᠳᠡᠭᠦᠯᠬᠦ ᠪᠠ ᠬᠥᠨᠳᠡᠯᠡᠨ᠎ᠠᠴᠠ ᠲᠠᠰᠤᠯᠬᠤ᠎ᠯᠤᠭ᠎ᠠ ᠬᠠᠮᠲᠤᠷᠠᠨ ᠬᠥᠳᠡᠯᠦᠯᠴᠡᠬᠦ ᠵᠢ ᠴᠢᠩᠭ᠋ᠠᠳᠬᠠᠵᠤ᠂ ᠭᠦᠳᠡᠯᠮᠦᠷᠢ ᠵᠢᠨ ᠬᠦᠷᠢᠶᠡᠨ᠎ᠳᠠᠬᠢ ᠬᠠᠤᠯᠢ᠎ᠠᠴᠠ ᠵᠥᠷᠢᠴᠡᠨ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ ᠵᠢ ᠬᠠᠤᠯᠢ ᠶᠣᠰᠣᠭ᠋ᠠᠷ ᠵᠠᠯᠠᠷᠠᠭᠤᠯᠤᠨ ᠵᠠᠰᠠᠨ᠎ᠠ᠃

      (ᠠᠷᠪᠠᠨ ᠵᠢᠷᠭᠤᠭ᠎ᠠ) ᠠᠵᠤ ᠦᠢ᠍ᠯᠡᠰ᠎ᠤᠨ ᠠᠵᠢᠯᠴᠢᠨ᠎ᠤ ᠠᠮᠤᠷ ᠲᠦᠪᠰᠢᠨ ᠡᠷᠡᠭᠦᠯ ᠮᠡᠨᠳᠦ ᠵᠢᠨ ᠡᠷᠬᠡ ᠠᠰᠢᠭ᠎ᠢ ᠪᠦᠲᠦᠮᠵᠢᠲᠡᠶ ᠬᠠᠮᠠᠭ᠋ᠠᠯᠠᠨ᠎ᠠ᠃ ᠠᠵᠤ ᠠᠬᠤᠢ᠌ᠯᠠᠯ᠎ᠤᠨ ᠠᠶᠤᠯᠭᠦᠢ ᠦᠢ᠍ᠯᠡᠳᠪᠦᠷᠢᠯᠡᠯ᠎ᠤᠨ ᠬᠠᠷᠢᠭᠤᠴᠠᠯᠭ᠎ᠠ ᠵᠢ ᠪᠣᠳᠠᠲᠠᠢ᠌ᠵᠢᠭᠤᠯᠵᠤ᠂ ᠠᠶᠤᠯ ᠶᠡᠬᠡᠲᠡᠢ ᠠᠵᠢᠯ ᠲᠥᠷᠥᠯ᠎ᠤᠨ ᠬᠦᠷᠢᠶᠡᠨ᠎ᠳᠠᠬᠢ ᠠᠵᠢᠯᠴᠢᠳ᠎ᠤᠨ ᠠᠮᠤᠷ ᠲᠦᠪᠰᠢᠨ᠎ᠤ ᠤᠷ᠎ᠠ ᠮᠡᠷᠭᠡᠵᠢᠯ᠎ᠢ ᠳᠡᠭᠡᠭᠰᠢᠯᠡᠭᠦᠯᠭᠦ ᠲᠤᠰᠬᠠᠢ ᠠᠵᠢᠯᠯᠠᠭ᠎ᠠ ᠵᠢ ᠬᠡᠷᠡᠭᠵᠢᠭᠦᠯᠵᠦ᠂ ᠠᠵᠢᠯᠲᠠᠨ ᠠᠵᠢᠯᠴᠢᠨ᠎ᠤ ᠲᠥᠯᠥᠭᠡᠯᠡᠭᠴᠢᠳ᠎ᠤᠨ ᠶᠡᠬᠡ ᠬᠤᠷᠠᠯ᠎ᠠᠴᠠ ᠠᠵᠤ ᠠᠬᠤᠢ᠌ᠯᠠᠯ᠎ᠤᠨ ᠠᠶᠤᠯᠭᠦᠢ ᠦᠢ᠍ᠯᠡᠳᠪᠦᠷᠢᠯᠡᠯ᠎ᠤᠨ ᠠᠵᠢᠯ᠎ᠳᠤ ᠬᠢᠨᠠᠯᠲᠠ ᠲᠠᠯᠪᠢᠬᠤ ᠦᠢ᠍ᠯᠡᠳᠦᠯ᠎ᠢ ᠪᠠᠳᠠᠷᠠᠭᠤᠯᠤᠨ᠎ᠠ᠃ ᠠᠶᠤᠯ ᠶᠡᠬᠡᠲᠡᠢ ᠠᠵᠢᠯ ᠲᠥᠷᠥᠯ᠎ᠤᠨ ᠪᠦᠲᠦᠭᠡᠨ ᠪᠠᠢ᠌ᠭᠤᠯᠤᠯᠲᠠ ᠵᠢᠨ ᠲᠥᠷᠥᠯ ᠵᠦᠢ᠍ᠯ᠎ᠤᠨ ᠭᠦᠳᠡᠯᠮᠦᠷᠢ ᠵᠢᠨ ᠠᠶᠤᠯᠭᠦᠢ ᠵᠢᠨ ᠬᠠᠮᠠᠭ᠋ᠠᠯᠠᠯᠲᠠ ᠵᠢ ᠴᠢᠩᠭ᠋ᠠᠳᠬᠠᠨ᠎ᠠ᠃ ᠠᠵᠢᠯ᠎ᠤᠨ ᠨᠥᠯᠥᠭᠡᠨ᠎ᠤ ᠡᠪᠡᠳᠴᠢᠨ᠎ᠢ ᠰᠡᠷᠭᠡᠢ᠌ᠯᠡᠨ ᠵᠠᠰᠠᠬᠤ ᠵᠢ ᠴᠢᠩᠭ᠋ᠠᠳᠬᠠᠨ᠎ᠠ᠃ ᠠᠵᠤ ᠠᠬᠤᠢ᠌ᠯᠠᠯ᠎ᠢ ᠱᠠᠯᠠᠪᠳᠠᠭᠤᠯᠵᠤ ᠠᠵᠢᠯᠯᠠᠬᠤ ᠴᠠᠭ ᠪᠣᠯᠣᠨ ᠠᠮᠠᠷᠠᠯᠲᠠ ᠪᠠ ᠠᠮᠠᠷᠠᠯᠲᠠ ᠵᠢᠨ ᠴᠢᠯᠦᠭᠡ ᠠᠪᠬᠤ ᠳᠦᠷᠢᠮ᠎ᠢ ᠬᠠᠤᠯᠢ ᠶᠣᠰᠣᠭ᠋ᠠᠷ ᠨᠠᠢ᠌ᠳᠠᠪᠤᠷᠢᠵᠢᠭᠤᠯᠵᠤ᠂ ᠠᠵᠤ ᠦᠢ᠍ᠯᠡᠰ᠎ᠤᠨ ᠠᠵᠢᠯᠴᠢᠨ᠎ᠤ ᠰᠤᠪᠢᠯᠠᠯᠲᠠ ᠪᠠ ᠠᠮᠠᠷᠠᠯᠲᠠ ᠵᠢᠨ ᠳᠦᠷᠢᠮ᠎ᠢ ᠪᠦᠷᠢᠨᠰᠢᠭᠦᠯᠬᠦ ᠵᠢᠨ ᠬᠠᠮᠲᠤ ᠨᠠᠢ᠌ᠳᠠᠪᠤᠷᠢᠵᠢᠭᠤᠯᠵᠤ᠂ ᠠᠵᠤ ᠦᠢ᠍ᠯᠡᠰ᠎ᠤᠨ ᠠᠵᠢᠯᠴᠢᠨ᠎ᠤ ᠪᠡᠶ᠎ᠡ ᠰᠡᠳᠬᠢᠯ᠎ᠤᠨ ᠡᠷᠡᠭᠦᠯ ᠮᠡᠨᠳᠦ ᠵᠢ ᠠᠬᠢᠭᠤᠯᠤᠨ᠎ᠠ᠃

       (ᠠᠷᠪᠠᠨ ᠳᠣᠯᠣᠭ᠎ᠠ) ᠰᠢᠨ᠎ᠡ ᠠᠵᠢᠯ ᠣᠯᠭᠣᠯᠲᠠ ᠵᠢᠨ ᠭᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ ᠵᠶ᠋ᠠᠨ ᠬᠠᠮᠠᠭ᠋ᠠᠯᠠᠬᠤ ᠦᠢ᠍ᠯᠡᠴᠢᠯᠡᠭᠡᠨ᠎ᠤ ᠠᠵᠢᠯ᠎ᠢ ᠰᠠᠢ᠌ᠲᠤᠷ ᠬᠢᠨ᠎ᠡ᠃ ᠰᠢᠨ᠎ᠡ ᠠᠵᠢᠯ ᠣᠯᠭᠣᠯᠲᠠ ᠵᠢᠨ ᠭᠡᠯᠪᠡᠷᠢ ᠵᠢᠨ ᠬᠦᠷᠢᠶᠡᠨ᠎ᠳᠠᠬᠢ ᠬᠠᠤᠯᠢ ᠲᠣᠭᠲᠠᠭ᠋ᠠᠬᠤ ᠵᠢ ᠠᠬᠢᠭᠤᠯᠬᠤ ᠵᠢ ᠰᠤᠳᠤᠯᠤᠨ᠎ᠠ᠃ ᠠᠵᠢᠯᠴᠢᠨ᠎ᠤ ᠡᠪᠯᠡᠯ᠎ᠤᠨ ᠭᠦᠳᠡᠯᠮᠦᠷᠢ ᠵᠢᠨ ᠬᠠᠤᠯᠢ ᠴᠠᠭ᠋ᠠᠵᠠ ᠵᠢᠨ ᠬᠢᠨᠠᠯᠲᠠ ᠲᠠᠯᠪᠢᠬᠤ 《ᠨᠢᠭᠡ ᠵᠠᠬᠢᠳᠠᠯ ᠬᠣᠶᠠᠷ ᠪᠢᠴᠢᠭ》᠎ᠢ ᠪᠦᠭᠦ ᠲᠠᠯ᠎ᠠ᠎ᠪᠠᠷ ᠬᠡᠷᠡᠭᠵᠢᠭᠦᠯᠵᠦ᠂ ᠲᠠᠪᠴᠠᠩ᠎ᠤᠨ ᠠᠵᠤ ᠠᠬᠤᠢ᠌ᠯᠠᠯ ᠪᠠ ᠲᠠᠪᠴᠠᠩ᠎ᠤᠨ ᠠᠵᠢᠯᠴᠢᠨ ᠬᠡᠷᠡᠭᠯᠡᠬᠦ ᠲᠠᠯ᠎ᠠ᠎ᠪᠠᠷ ᠬᠤᠷᠰᠢᠭᠰᠠᠨ ᠠᠵᠤ ᠠᠬᠤᠢ᠌ᠯᠠᠯ᠎ᠤᠨ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠨ᠎ᠠ᠃ ᠰᠢᠨ᠎ᠡ ᠠᠵᠢᠯ ᠣᠯᠭᠣᠯᠲᠠ ᠵᠢᠨ ᠭᠡᠯᠪᠡᠷᠢ ᠵᠢᠨ ᠬᠥᠳᠡᠯᠮᠦᠷᠢᠴᠢᠳ᠎ᠤᠨ ᠠᠵᠢᠯᠴᠢᠨ᠎ᠤ ᠡᠪᠯᠡᠯ᠎ᠳᠤ ᠣᠷᠣᠬᠤ ᠪᠠ ᠡᠷᠬᠡ ᠠᠰᠢᠭ ᠵᠶ᠋ᠠᠨ ᠬᠠᠮᠠᠭ᠋ᠠᠯᠠᠬᠤ ᠦᠢ᠍ᠯᠡᠴᠢᠯᠡᠭᠡᠨ᠎ᠤ ᠠᠵᠢᠯ᠎ᠢ ᠢᠳᠡᠪᠬᠢᠲᠡᠢ ᠰᠠᠢ᠌ᠲᠤᠷ ᠬᠢᠵᠦ᠂ ᠬᠦᠰᠡᠯ ᠱᠠᠭ᠋ᠠᠷᠳᠠᠯᠭ᠎ᠠ᠎ᠪᠠᠨ ᠢᠯᠡᠳᠬᠡᠬᠦ ᠠᠷᠭ᠎ᠠ ᠵᠠᠮ᠎ᠢ ᠰᠢᠯᠤᠭᠤᠳᠬᠠᠵᠤ᠂ ᠪᠠᠴᠢᠮᠳᠠᠵᠤ ᠬᠦᠴᠢᠷᠳᠡᠵᠦ ᠵᠣᠪᠠᠨᠢᠵᠤ ᠬᠦᠰᠡᠵᠦ ᠪᠠᠢ᠌ᠭ᠎ᠠ ᠠᠰᠠᠭᠤᠳᠠᠯ᠎ᠢ ᠰᠢᠢ᠍ᠳᠪᠦᠷᠢᠯᠡᠨ᠎ᠡ᠃ ᠠᠮᠢᠳᠤᠯᠢᠭ ᠵᠶ᠋ᠡᠷ ᠠᠵᠢᠯ ᠣᠯᠣᠭᠰᠠᠳ᠂ ᠬᠥᠯᠥᠰᠦᠨ ᠠᠵᠢᠯᠴᠢᠨ᠂ ᠰᠢᠨ᠎ᠡ ᠠᠵᠢᠯ ᠣᠯᠭᠣᠯᠲᠠ ᠵᠢᠨ ᠭᠡᠯᠪᠡᠷᠢ ᠵᠢᠨ ᠬᠥᠳᠡᠯᠮᠦᠷᠢᠴᠢᠨ᠎ᠤ ᠨᠡᠢ᠌ᠭᠡᠮ᠎ᠤᠨ ᠪᠠᠲᠤᠯᠠᠭ᠎ᠠ ᠵᠢᠨ ᠳᠦᠷᠢᠮ᠎ᠢ ᠪᠦᠷᠢᠨᠰᠢᠭᠦᠯᠵᠦ᠂ ᠰᠢᠨ᠎ᠡ ᠠᠵᠢᠯ ᠣᠯᠭᠣᠯᠲᠠ ᠵᠢᠨ ᠭᠡᠯᠪᠡᠷᠢ ᠵᠢᠨ ᠬᠥᠳᠡᠯᠮᠦᠷᠢᠴᠢᠨ᠎ᠤ ᠠᠵᠢᠯ᠎ᠠᠴᠠ ᠪᠣᠯᠤᠭᠰᠠᠨ ᠭᠡᠮᠲᠦᠯ᠎ᠤᠨ ᠪᠠᠲᠤᠯᠠᠭ᠎ᠠ ᠵᠢᠨ ᠲᠤᠷᠰᠢᠯᠲᠠ ᠵᠢᠨ ᠴᠡᠭ᠎ᠢ ᠥᠷᠭᠡᠳᠬᠡᠨ᠎ᠡ᠃ ᠲᠠᠪᠴᠠᠩ᠎ᠤᠨ ᠠᠵᠤ ᠠᠬᠤᠢ᠌ᠯᠠᠯ᠎ᠤᠨ ᠠᠵᠢᠯᠴᠢᠨ᠎ᠤ ᠡᠪᠯᠡᠯ᠂ ᠬᠥᠳᠡᠯᠮᠦᠷᠢᠴᠢᠳ᠎ᠤᠨ ᠲᠥᠯᠥᠭᠡᠯᠡᠭᠴᠢᠳ᠎ᠲᠠᠢ ᠪᠠᠢ᠌ᠩᠭᠤ ᠨᠡᠪᠲᠡᠷᠡᠯᠴᠡᠨ ᠵᠥᠪᠳᠡᠯᠴᠡᠬᠦ ᠲᠣᠭᠲᠠᠴᠠ ᠵᠢ ᠪᠠᠢ᠌ᠭᠤᠯᠬᠤ ᠵᠢ ᠠᠬᠢᠭᠤᠯᠤᠨ᠎ᠠ᠃

ᠳᠣᠯᠣᠭ᠎ᠠ᠂ ᠭᠠᠪᠢᠶ᠎ᠠ ᠪᠠᠢ᠌ᠭᠤᠯᠵᠤ ᠦᠢ᠍ᠯᠡᠰ ᠪᠣᠰᠬᠠᠬᠤ ᠲᠠᠪᠴᠠᠩ᠎ᠢ ᠪᠠᠢ᠌ᠭᠤᠯᠵᠤ᠂ ᠠᠵᠤ ᠦᠢ᠍ᠯᠡᠰ᠎ᠤᠨ ᠠᠵᠢᠯᠴᠢᠨ᠎ᠤ ᠭᠣᠣᠯ ᠬᠦᠴᠦᠨ᠎ᠤ ᠦᠢ᠍ᠯᠡᠳᠦᠯ᠎ᠢ ᠪᠠᠳᠠᠷᠠᠭᠤᠯᠤᠨ᠎ᠠ

      (ᠠᠷᠪᠠᠨ ᠨᠠᠢ᠍ᠮᠠ) ᠭᠦᠳᠡᠯᠮᠦᠷᠢ ᠪᠣᠯᠣᠨ ᠤᠷ᠎ᠠ ᠴᠢᠳᠠᠪᠤᠷᠢ ᠵᠢᠨ ᠤᠷᠤᠯᠳᠤᠭ᠋ᠠᠨ᠎ᠢ ᠭᠦᠨᠵᠡᠭᠡᠢ ᠥᠷᠨᠢᠭᠦᠯᠦᠨ᠎ᠡ᠃ ᠴᠢᠬᠤᠯᠠ ᠶᠡᠬᠡ ᠪᠠᠢ᠌ᠯᠳᠤᠬᠤ ᠪᠣᠳᠣᠯᠭ᠎ᠠ᠂ ᠴᠢᠬᠤᠯᠠ ᠶᠡᠬᠡ ᠢᠨᠵᠧᠨᠧᠷᠢᠩ᠂ ᠴᠢᠬᠤᠯᠠ ᠶᠡᠬᠡ ᠲᠦᠷᠦᠯ ᠵᠦᠢ᠍ᠯ᠂ ᠭᠣᠣᠯᠳᠠᠯᠭ᠎ᠠ᠎ᠲᠠᠢ ᠠᠵᠤ ᠦᠢ᠍ᠯᠡᠰ᠎ᠲᠠᠢ ᠤᠶᠠᠯᠳᠤᠭᠤᠯᠤᠨ᠂ ᠡᠯ᠎ᠡ ᠱᠠᠲᠤ ᠳᠠᠪᠬᠤᠷᠭ᠎ᠠ ᠤᠯᠠᠨ ᠭᠡᠯᠪᠡᠷᠢ ᠵᠢᠨ ᠤᠷᠤᠯᠳᠤᠭ᠋ᠠᠨ᠎ᠤ ᠠᠵᠢᠯᠯᠠᠭ᠎ᠠ ᠵᠢ ᠥᠷᠭᠡᠨ ᠵᠶ᠋ᠡᠷ ᠥᠷᠨᠢᠭᠦᠯᠦᠨ᠎ᠡ᠃ ᠡᠯ᠎ᠡ ᠱᠠᠲᠤᠨ᠎ᠤ ᠡᠯ᠎ᠡ ᠲᠥᠷᠥᠯ᠎ᠤᠨ ᠠᠵᠢᠯ ᠮᠡᠷᠭᠡᠵᠢᠯ᠎ᠤᠨ ᠤᠷ᠎ᠠ ᠴᠢᠳᠠᠪᠤᠷᠢ ᠵᠢᠨ ᠤᠷᠤᠯᠳᠤᠭ᠋ᠠᠨ᠎ᠤ ᠠᠵᠢᠯᠯᠠᠭ᠎ᠠ ᠵᠢ ᠦᠷᠭᠦᠯᠵᠢᠯᠡᠨ ᠰᠠᠢ᠌ᠲᠤᠷ ᠬᠢᠨ᠎ᠡ᠃ ᠠᠵᠤ ᠠᠬᠤᠢ᠌ᠯᠠᠯ᠎ᠤᠨ ᠣᠯᠠᠨ ᠶᠠᠩᠵᠤ ᠭᠡᠯᠪᠡᠷᠢ ᠵᠢᠨ ᠭᠦᠳᠡᠯᠮᠦᠷᠢ ᠵᠢᠨ ᠤᠷᠤᠯᠳᠤᠭ᠋ᠠᠨ᠂ ᠤᠷ᠎ᠠ ᠴᠢᠳᠠᠪᠤᠷᠢ ᠵᠢᠨ ᠮᠥᠷᠥᠢ᠌ᠴᠡᠭᠡᠨ ᠥᠷᠨᠢᠭᠦᠯᠬᠦ ᠵᠢ ᠳᠡᠮᠵᠢᠵᠦ᠂ ᠠᠵᠤ ᠦᠢ᠍ᠯᠡᠰ᠎ᠤᠨ ᠠᠵᠢᠯᠴᠢᠨ᠎ᠤ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ᠎ᠳᠤ ᠣᠷᠤᠯᠴᠠᠬᠤ ᠢᠳᠡᠪᠬᠢᠵᠢᠯ ᠪᠠ ᠰᠠᠨᠠᠭ᠋ᠠᠴᠢᠯᠠᠭ᠋ᠠᠲᠤ ᠴᠢᠨᠠᠷ ᠪᠦᠲᠦᠭᠡᠯᠴᠢ ᠴᠢᠨᠠᠷ᠎ᠢ ᠲᠠᠰᠤᠷᠠᠯᠲᠠ ᠦᠭᠡᠢ ᠬᠥᠭᠵᠢᠭᠡᠨ᠎ᠡ᠃

      (ᠠᠷᠪᠠ ᠶᠢᠰᠦ) ᠠᠵᠤ ᠦᠢ᠍ᠯᠡᠰ᠎ᠤᠨ ᠠᠵᠢᠯᠴᠢᠨ᠎ᠤ ᠰᠢᠨ᠎ᠡ ᠵᠢ ᠡᠭᠦᠳᠴᠦ ᠡᠭᠦᠳᠦᠨ ᠪᠦᠲᠦᠭᠡᠬᠦ ᠠᠮᠢᠵᠢᠷᠠᠯ᠎ᠤᠨ ᠬᠦᠴᠦᠨ᠎ᠢ ᠬᠥᠭᠵᠢᠭᠡᠨ᠎ᠡ᠃ ᠠᠵᠤ ᠦᠢ᠍ᠯᠡᠰ᠎ᠤᠨ ᠠᠵᠢᠯᠴᠢᠨ᠎ᠤ ᠠᠵᠢᠯ᠎ᠤᠨ ᠪᠠᠢ᠌ᠷᠢ᠎ᠳᠠᠭᠠᠨ ᠰᠠᠭᠤᠷᠢᠯᠠᠨ᠂ ᠲᠤᠬᠠᠢ ᠵᠢᠨ ᠲᠠᠯᠠᠪᠠᠶ ᠵᠢᠨ ᠪᠣᠳᠠᠲᠠᠢ ᠠᠰᠠᠭᠤᠳᠠᠯ᠎ᠢ ᠰᠢᠢ᠍ᠳᠪᠦᠷᠢᠯᠡᠬᠦ ᠵᠢ ᠵᠣᠷᠢᠭᠵᠢᠭᠤᠯᠵᠤ᠂ ᠦᠢ᠍ᠯᠡᠳᠪᠦᠷᠢᠯᠡᠯ᠎ᠤᠨ ᠪᠦᠭᠦ ᠶᠠᠪᠤᠴᠠ᠎ᠳᠤ ᠬᠠᠨᠳᠤᠭᠤᠯᠤᠭᠰᠠᠨ ᠮᠡᠷᠭᠡᠵᠢᠯ᠎ᠤᠨ ᠰᠢᠨᠡᠴᠢᠯᠡᠯᠲᠡ᠂ ᠮᠡᠷᠭᠡᠵᠢᠯ᠎ᠤᠨ ᠰᠢᠨ᠎ᠡ ᠵᠢ ᠡᠭᠦᠳᠬᠦ᠂ ᠮᠡᠷᠭᠡᠵᠢᠯ᠎ᠤᠨ ᠪᠣᠭᠣᠮᠲᠠ ᠰᠢᠪᠲᠤᠯᠬᠤ᠂ ᠮᠡᠷᠭᠡᠵᠢᠯ᠎ᠤᠨ ᠡᠭᠦᠳᠦᠨ ᠪᠦᠲᠦᠭᠡᠯᠲᠡ ᠪᠠ ᠵᠢᠵᠢᠭ ᠡᠭᠦᠳᠦᠯᠲᠡ᠂ ᠵᠢᠵᠢᠭ ᠪᠦᠲᠦᠭᠡᠯᠲᠡ᠂ ᠵᠢᠵᠢᠭ ᠰᠢᠨᠡᠴᠢᠯᠡᠯᠲᠡ᠂ ᠵᠢᠵᠢᠭ ᠵᠢᠷᠤᠭ ᠲᠥᠯᠥᠪᠯᠡᠭᠡ᠂ ᠵᠢᠵᠢᠭ ᠰᠠᠨᠠᠭᠤᠯᠭ᠎ᠠ ᠵᠡᠷᠭᠡ ᠣᠯᠠᠨ ᠲᠦᠮᠡᠨᠴᠢ ᠴᠢᠨᠠᠷᠲᠠᠢ ᠰᠢᠨ᠎ᠡ ᠵᠢ ᠡᠭᠦᠳᠬᠦ ᠠᠵᠢᠯᠯᠠᠭ᠎ᠠ ᠵᠢ ᠥᠷᠭᠡᠨ ᠳᠡᠯᠭᠡᠷ ᠥᠷᠨᠢᠭᠦᠯᠵᠦ᠂ ᠠᠵᠤ ᠠᠬᠤᠢ᠌ᠯᠠᠯ᠎ᠤᠨ ᠳᠣᠲᠣᠷᠠᠬᠢ ᠠᠩᠭᠢ ᠳᠤᠭᠤᠢ᠌ᠯᠠᠩ᠎ᠤᠨ ᠦᠢ᠍ᠯᠡᠳᠦᠯ᠎ᠢ ᠪᠠᠳᠠᠷᠠᠭᠤᠯᠬᠤ ᠳᠦᠷᠢᠮ᠎ᠢ ᠲᠡᠭᠦᠯᠳᠡᠷᠵᠢᠭᠦᠯᠦᠨ᠎ᠡ᠃ ᠲᠣᠮᠣ ᠤᠯᠤᠰ᠎ᠤᠨ ᠤᠷᠠᠨ ᠳᠠᠷᠬᠠᠨ᠂ ᠳᠡᠭᠡᠳᠦ ᠲᠡᠰ᠎ᠤᠨ ᠤᠷ᠎ᠠ ᠮᠡᠷᠭᠡᠵᠢᠯ᠎ᠤᠨ ᠴᠢᠳᠠᠪᠤᠷᠢᠲᠠᠨ᠎ᠤ ᠴᠢᠬᠤᠯᠠ ᠶᠡᠬᠡ ᠮᠡᠷᠭᠡᠵᠢᠯ᠎ᠤᠨ ᠰᠢᠨᠡᠴᠢᠯᠡᠯᠲᠡ᠂ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠪᠣᠭᠣᠮᠲᠠ ᠰᠢᠪᠲᠤᠯᠬᠤ ᠲᠥᠷᠥᠯ ᠵᠦᠢ᠍ᠯ᠎ᠳᠤ ᠣᠷᠤᠯᠴᠠᠬᠤ ᠵᠢ ᠬᠥᠲᠥᠯᠥᠨ ᠵᠢᠯᠤᠭᠣᠳᠬᠤ ᠪᠠ ᠳᠠᠮᠵᠢᠨ᠎ᠠ᠃ ᠠᠵᠤ ᠦᠢ᠍ᠯᠡᠰ᠎ᠤᠨ ᠠᠵᠢᠯᠴᠢᠨ᠎ᠤ ᠰᠢᠨ᠎ᠡ ᠵᠢ ᠡᠭᠦᠳᠦᠭᠰᠡᠨ ᠦᠷ᠎ᠡ ᠪᠦᠲᠦᠭᠡᠯ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠬᠠᠮᠠᠭ᠋ᠠᠯᠠᠯᠲᠠ ᠵᠢ ᠴᠢᠩᠭ᠋ᠠᠳᠬᠠᠵᠤ᠂ ᠠᠵᠤ ᠦᠢ᠍ᠯᠡᠰ᠎ᠤᠨ ᠠᠵᠢᠯᠴᠢᠨ᠎ᠤ ᠤᠯᠤᠰ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠳᠠᠪᠰᠢᠯᠲᠠ ᠵᠢᠨ ᠱᠠᠩᠨᠠᠯ᠎ᠢ ᠭᠤᠶᠤᠴᠢᠯᠠᠨ ᠮᠡᠳᠡᠭᠦᠯᠬᠦ ᠵᠡᠷᠭᠡ ᠠᠵᠢᠯ᠎ᠢ ᠰᠠᠢ᠌ᠲᠤᠷ ᠬᠢᠨ᠎ᠡ᠃

      (ᠬᠣᠷᠢ) ᠭᠦᠳᠡᠯᠮᠦᠷᠢ ᠵᠢᠨ ᠵᠢᠱ᠌ᠢᠶᠡᠴᠢ ᠪᠣᠯᠣᠨ ᠤᠷᠠᠨ ᠳᠠᠷᠬᠠᠨ ᠴᠢᠳᠠᠪᠤᠷᠢᠲᠠᠨ᠎ᠤ ᠵᠢᠱ᠌ᠢᠶ᠎ᠡ ᠦᠵᠡᠭᠦᠯᠵᠦ ᠬᠥᠲᠥᠯᠥᠨ ᠳᠠᠭ᠋ᠠᠭᠤᠯᠬᠤ ᠦᠢ᠍ᠯᠡᠳᠦᠯ᠎ᠢ ᠪᠠᠳᠠᠷᠠᠭᠤᠯᠤᠨ᠎ᠠ᠃ ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ᠎ᠤ ᠰᠢᠨ᠎ᠡ ᠵᠢ ᠡᠭᠦᠳᠬᠦ ᠠᠵᠢᠯᠯᠠᠬᠤ ᠲᠠᠰᠤᠭ᠂ ᠤᠷ᠎ᠠ ᠮᠡᠷᠭᠡᠵᠢᠯ᠎ᠤᠨ ᠶᠡᠬᠡ ᠪᠠᠭᠰᠢᠲᠠᠨ᠎ᠤ ᠠᠵᠢᠯᠯᠠᠬᠤ ᠲᠠᠰᠤᠭ᠂ ᠠᠵᠢᠯᠲᠠᠨ ᠠᠵᠢᠯᠴᠢᠨ᠎ᠤ ᠰᠢᠨ᠎ᠡ ᠵᠢ ᠡᠭᠦᠳᠬᠦ ᠠᠵᠢᠯᠯᠠᠬᠤ ᠲᠠᠰᠤᠭ᠂ ᠵᠠᠯᠠᠭᠤᠴᠤᠳ᠎ᠤᠨ ᠰᠢᠨ᠎ᠡ ᠵᠢ ᠡᠭᠦᠳᠬᠦ ᠬᠣᠰᠢᠭᠤᠴᠢ ᠵᠢᠨ ᠠᠵᠢᠯᠯᠠᠬᠤ ᠲᠠᠰᠤᠭ ᠵᠡᠷᠭᠡ ᠲᠠᠪᠴᠠᠩ᠎ᠤᠨ ᠪᠠᠢ᠌ᠭᠤᠯᠤᠯᠲᠠ ᠵᠢ ᠴᠢᠩᠭ᠋ᠠᠳᠬᠠᠨ᠎ᠠ᠃ ᠲᠤᠰᠬᠠᠢ᠌ᠵᠢᠭᠰᠠᠨ ᠨᠠᠷᠢᠯᠢᠭᠵᠢᠭᠰᠠᠨ ᠣᠨᠴᠠᠯᠢᠬ᠍ᠵᠢᠬᠰᠠᠨ ᠰᠢᠨ᠎ᠡ ᠳᠤᠮᠳᠠ ᠵᠢᠵᠢᠭ ᠠᠵᠤ ᠠᠬᠤᠢ᠌ᠯᠠᠯ᠂ ᠲᠤᠰᠬᠠᠢ᠌ᠵᠢᠭᠰᠠᠨ ᠨᠠᠷᠢᠯᠢᠭᠵᠢᠭᠰᠠᠨ ᠣᠨᠴᠠᠯᠢᠬ᠍ᠵᠢᠬᠰᠠᠨ ᠰᠢᠨ᠎ᠡ 《ᠵᠢᠵᠢᠭ ᠠᠪᠤᠷᠭᠤ》 ᠠᠵᠤ ᠠᠬᠤᠢ᠌ᠯᠠᠯ᠎ᠳᠤ ᠰᠢᠨ᠎ᠡ ᠵᠢ ᠡᠭᠦᠳᠬᠦ ᠠᠵᠢᠯᠯᠠᠬᠤ ᠲᠠᠰᠤᠭ᠎ᠤᠨ ᠪᠠᠢ᠌ᠭᠤᠯᠤᠯᠲᠠ ᠵᠢ ᠴᠢᠩᠭ᠋ᠠᠳᠬᠠᠬᠤ ᠵᠢ ᠠᠬᠢᠭᠤᠯᠤᠨ᠎ᠠ᠃ ᠣᠷᠣᠨ ᠪᠦᠰᠡ ᠠᠯᠤᠰᠯᠠᠭᠰᠠᠨ᠂ ᠠᠵᠢᠯ ᠲᠥᠷᠥᠯ ᠠᠯᠤᠰᠯᠠᠭᠰᠠᠨ᠂ ᠠᠵᠤ ᠠᠬᠤᠢ᠌ᠯᠠᠯ ᠠᠯᠤᠰᠯᠠᠭᠰᠠᠨ ᠰᠢᠨ᠎ᠡ ᠵᠢ ᠡᠭᠦᠳᠬᠦ ᠠᠵᠢᠯᠯᠠᠬᠤ ᠲᠠᠰᠤᠭ᠎ᠤᠨ ᠬᠣᠯᠪᠤᠭ᠎ᠠ ᠵᠢ ᠵᠣᠷᠢᠭᠵᠢᠭᠤᠯᠤᠨ ᠬᠥᠭᠵᠢᠭᠦᠯᠦᠨ᠎ᠡ᠃ 《ᠭᠦᠳᠡᠯᠮᠦᠷᠢ ᠵᠢᠨ ᠵᠢᠱ᠌ᠢᠶᠡᠴᠢ ᠤᠷᠠᠨ ᠳᠠᠷᠬᠠᠨ ᠠᠵᠤ ᠠᠬᠤᠢ᠌ᠯᠠᠯ᠎ᠢ ᠲᠤᠰᠠᠯᠠᠬᠤ ᠠᠶᠠᠨ》 ᠎ᠢ ᠬᠡᠷᠡᠭᠵᠢᠭᠦᠯᠵᠦ᠂ ᠲᠤᠰᠬᠠᠢ᠌ᠵᠢᠭᠰᠠᠨ ᠨᠠᠷᠢᠯᠢᠭᠵᠢᠭᠰᠠᠨ ᠣᠨᠴᠠᠯᠢᠬ᠍ᠵᠢᠬᠰᠠᠨ ᠰᠢᠨ᠎ᠡ ᠳᠤᠮᠳᠠ ᠵᠢᠵᠢᠭ ᠠᠵᠤ ᠠᠬᠤᠢ᠌ᠯᠠᠯ᠎ᠤᠨ ᠬᠥᠭᠵᠢᠯᠲᠡ ᠵᠢ ᠠᠬᠢᠭᠤᠯᠤᠨ᠎ᠠ᠃

      ᠨᠠᠢ᠍ᠮᠠ᠂ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢ ᠪᠤᠵᠠᠭ᠋ᠠᠢ᠌ᠷᠠᠭᠤᠯᠵᠤ᠂ ᠨᠠᠮ᠎ᠤᠨ ᠤᠷᠳᠤ ᠬᠤᠭᠤᠴᠠᠭ᠎ᠠ᠎ᠪᠠᠷ ᠲᠦᠷᠦ ᠪᠠᠷᠢᠬᠤ ᠠᠩᠭᠢ ᠵᠢᠨ ᠰᠠᠭᠤᠷᠢ ᠪᠠ ᠤᠯᠠᠨ ᠲᠦᠮᠡᠨᠴᠢ ᠰᠠᠭᠤᠷᠢ ᠵᠢ ᠲᠠᠰᠤᠷᠠᠯᠳᠠ ᠦᠭᠡᠢ ᠪᠡᠬᠢᠵᠢᠭᠦᠯᠦᠨ᠎ᠡ

       (ᠬᠣᠷᠢᠨ ᠨᠢᠭᠡ) ᠦᠢ᠍ᠯᠡᠳᠬᠦ ᠦᠢ᠍ᠯᠡᠰ᠎ᠤᠨ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢ ᠲᠣᠭᠲᠠᠭᠤᠨ ᠪᠠᠢ᠌ᠯᠭ᠋ᠠᠨ᠎ᠠ᠃ ᠦᠢ᠍ᠯᠡᠳᠬᠦ ᠦᠢ᠍ᠯᠡᠰ᠎ᠤᠨ ᠠᠵᠤ ᠠᠬᠤᠢ᠌ᠯᠠᠯ᠎ᠤᠨ ᠭᠡᠯᠪᠡᠷᠢ᠎ᠪᠠᠨ ᠬᠤᠪᠢᠷᠠᠭᠤᠯᠤᠨ ᠳᠡᠰ ᠳᠡᠪᠰᠢᠬᠦ ᠪᠠ ᠠᠵᠤ ᠦᠢ᠍ᠯᠡᠰ᠎ᠤᠨ ᠰᠠᠭᠤᠷᠢ ᠵᠢ ᠳᠠᠭᠢᠨ ᠴᠣᠭᠴᠠᠯᠠᠬᠤ ᠢᠨᠵᠧᠨᠧᠷᠢᠩ᠎ᠤᠨ ᠲᠥᠷᠥᠯ ᠵᠦᠢ᠍ᠯ᠎ᠤᠨ ᠲᠣᠭᠣᠷᠢᠨ᠎ᠳᠤ᠂ ᠦᠢ᠍ᠯᠡᠳᠬᠦ ᠦᠢ᠍ᠯᠡᠰ᠎ᠤᠨ ᠤᠷ᠎ᠠ ᠮᠡᠷᠭᠡᠵᠢᠯ᠎ᠤᠨ ᠰᠠᠭᠤᠷᠢ ᠢᠨᠵᠧᠨᠧᠷᠢᠩ ᠪᠠ ᠦᠢ᠍ᠯᠡᠳᠬᠦ ᠦᠢ᠍ᠯᠡᠰ᠎ᠤᠨ ᠴᠢᠳᠠᠪᠤᠷᠢᠲᠠᠨ᠎ᠢ ᠳᠡᠮᠵᠢᠬᠦ ᠲᠥᠯᠥᠪᠯᠡᠭᠡ ᠵᠢ ᠬᠡᠷᠡᠭᠵᠢᠭᠦᠯᠬᠦ ᠵᠢ ᠳᠠᠮᠵᠢᠨ᠎ᠠ᠃ ᠦᠢ᠍ᠯᠡᠳᠬᠦ ᠦᠢ᠍ᠯᠡᠰ᠎ᠤᠨ ᠭᠡᠯᠪᠡᠷᠢ᠎ᠪᠠᠨ ᠬᠤᠪᠢᠷᠠᠭᠤᠯᠤᠨ ᠲᠠᠰ ᠳᠡᠪᠰᠢᠬᠦ ᠵᠢ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠪᠠ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠲᠣᠭᠲᠠᠭᠤᠨ ᠪᠠᠢ᠌ᠬᠤ ᠵᠢ ᠪᠠᠲᠤᠯᠠᠵᠤ᠂ ᠠᠵᠤ ᠠᠬᠤᠢ᠌ᠯᠠᠯ᠎ᠤᠨ ᠠᠵᠢᠯ᠎ᠤᠨ ᠪᠠᠢ᠌ᠷᠢ ᠰᠢᠯᠵᠢᠭᠦᠯᠵᠦ ᠪᠤᠯᠪᠠᠰᠤᠷᠠᠭᠤᠯᠬᠤ᠎ᠪᠠᠨ ᠴᠢᠩᠭ᠋ᠠᠳᠬᠠᠬᠤ ᠵᠢ ᠳᠡᠮᠵᠢᠬᠦ ᠪᠠ ᠬᠥᠲᠥᠯᠥᠨ ᠵᠢᠯᠤᠭᠣᠳᠴᠤ᠂ ᠠᠵᠤ ᠦᠢ᠍ᠯᠡᠰ᠎ᠤᠨ ᠠᠵᠢᠯᠴᠢᠨ᠎ᠤ ᠣᠯᠠᠨ ᠠᠵᠢᠯ᠎ᠤᠨ ᠪᠠᠢ᠌ᠷᠢ᠎ᠳᠤ ᠵᠣᠬᠢᠴᠠᠬᠤ ᠴᠢᠳᠠᠪᠤᠷᠢ ᠵᠢ ᠳᠡᠭᠡᠭᠰᠢᠯᠡᠭᠦᠯᠦᠨ᠎ᠡ᠃

      (ᠬᠣᠷᠢᠨ ᠬᠣᠶᠠᠷ) ᠲᠣᠮᠣ ᠤᠯᠤᠰ᠎ᠤᠨ ᠤᠷᠠᠨ ᠳᠠᠷᠬᠠᠨ᠎ᠢ ᠶᠡᠬᠡ᠎ᠪᠠᠷ ᠬᠥᠮᠥᠵᠢᠭᠦᠯᠦᠨ᠎ᠡ᠃ ᠲᠣᠮᠣ ᠤᠯᠤᠰ᠎ᠤᠨ ᠤᠷᠠᠨ ᠳᠠᠷᠬᠠᠨ ᠴᠢᠳᠠᠪᠤᠷᠢᠲᠠᠨ᠎ᠢ ᠬᠥᠮᠥᠵᠢᠭᠦᠯᠬᠦ ᠢᠨᠵᠧᠨᠧᠷᠢᠩ᠎ᠢ ᠬᠡᠷᠡᠭᠵᠢᠭᠦᠯᠦᠨ᠎ᠡ᠃ ᠲᠣᠮᠣ ᠤᠯᠤᠰ᠎ᠤᠨ ᠤᠷᠠᠨ ᠳᠠᠷᠬᠠᠨ᠎ᠤ ᠰᠢᠨ᠎ᠡ ᠵᠢ ᠡᠭᠦᠳᠬᠦ ᠰᠣᠯᠢᠯᠴᠠᠭ᠋ᠠᠨ᠎ᠤ ᠶᠡᠬᠡ ᠬᠤᠷᠠᠯ ᠵᠢᠴᠢ ᠲᠣᠮᠣ ᠤᠯᠤᠰ᠎ᠤᠨ ᠤᠷᠠᠨ ᠳᠠᠷᠬᠠᠨ᠎ᠤ ᠶᠠᠷᠢᠶᠠᠨ᠎ᠤ ᠲᠠᠪᠴᠠᠩ᠎ᠢ ᠦᠷᠭᠦᠯᠵᠢᠯᠡᠨ ᠰᠠᠢ᠌ᠲᠤᠷ ᠡᠷᠭᠢᠯᠡᠨ᠎ᠡ᠃ ᠡᠮᠡᠭᠲᠡᠢ ᠤᠷᠠᠨ ᠳᠠᠷᠬᠠᠳ᠎ᠢ ᠬᠥᠮᠥᠵᠢᠭᠦᠯᠬᠦ ᠵᠢ ᠴᠢᠩᠭ᠋ᠠᠳᠬᠠᠵᠤ᠂ ᠦᠢ᠍ᠯᠡᠳᠦᠯ᠎ᠢ᠎ᠨᠢ ᠭᠦᠢ᠍ᠴᠡᠳ ᠪᠠᠳᠠᠷᠠᠭᠤᠯᠤᠨ᠎ᠠ᠃ ᠤᠷᠠᠨ ᠳᠠᠷᠬᠠᠨ᠎ᠤ ᠤᠬᠠᠭᠤᠯᠭ᠎ᠠ ᠵᠢ ᠥᠷᠭᠡᠨ ᠳᠡᠯᠭᠡᠷ ᠭᠦᠨᠵᠡᠭᠡᠢ ᠥᠷᠨᠢᠭᠦᠯᠵᠦ᠂ ᠨᠡᠢ᠌ᠭᠡᠮ ᠳᠠᠶᠠᠭ᠋ᠠᠷ᠎ᠲᠤ ᠤᠷᠠᠨ ᠳᠠᠷᠬᠠᠨ᠎ᠤ ᠵᠣᠷᠢᠭ ᠰᠠᠨᠠᠭ᠎ᠠ ᠵᠢ ᠶᠡᠬᠡ᠎ᠪᠠᠷ ᠪᠠᠳᠠᠷᠠᠭᠤᠯᠤᠨ᠂ ᠤᠷᠠᠨ ᠳᠠᠷᠬᠠᠨ᠎ᠤ ᠥᠯᠢᠭᠡᠷ᠎ᠢ ᠰᠠᠢ᠌ᠲᠤᠷ ᠶᠠᠷᠢᠵᠤ᠂ ᠲᠣᠭᠲᠠᠭ᠋ᠠᠯ ᠶᠣᠰᠣᠭ᠋ᠠᠷ ᠬᠥᠬᠢᠭᠦᠯᠦᠨ ᠰᠠᠢ᠌ᠰᠢᠶᠠᠬᠤ ᠠᠵᠢᠯ᠎ᠢ ᠥᠷᠨᠢᠭᠦᠯᠦᠨ᠎ᠡ᠃

      (ᠬᠣᠷᠢᠨ ᠭᠤᠷᠪᠠ) ᠨᠡᠩ ᠤᠯᠠᠨ ᠵᠠᠯᠠᠭᠤᠴᠤᠳ᠎ᠢ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ᠎ᠳᠤ ᠲᠡᠳᠡᠨ ᠣᠷᠣᠭᠤᠯᠤᠨ᠎ᠠ᠃ ᠲᠥᠷᠥ ᠵᠢᠨ ᠪᠣᠳᠣᠯᠭ᠎ᠠ ᠵᠢᠨ ᠳᠡᠮᠵᠢᠯᠭᠡ ᠪᠠ ᠠᠵᠢᠯ ᠣᠯᠭᠣᠯᠲᠠ ᠵᠢᠨ ᠵᠢᠯᠣᠭᠣᠳᠤᠯᠭ᠎ᠠ᠂ ᠠᠵᠢᠯ ᠣᠯᠭᠣᠯᠲᠠ ᠵᠢᠨ ᠦᠢ᠍ᠯᠡᠴᠢᠯᠡᠭᠡ ᠵᠢ ᠴᠢᠩᠭ᠋ᠠᠳᠬᠠᠵᠤ᠂ ᠰᠤᠷᠭ᠋ᠠᠭᠤᠯᠢ ᠠᠵᠤ ᠠᠬᠤᠢ᠌ᠯᠠᠯ᠎ᠢ ᠵᠣᠯᠭ᠋ᠠᠭᠤᠯᠬᠤ ᠲᠠᠪᠴᠠᠩ᠎ᠢ ᠪᠠᠢ᠌ᠭᠤᠯᠤᠨ᠎ᠠ᠃ ᠠᠵᠢᠯᠯᠠᠬᠤ ᠣᠷᠴᠢᠨ ᠪᠠ ᠭᠦᠳᠡᠯᠮᠦᠷᠢ ᠵᠢᠨ ᠨᠥᠬᠥᠴᠡᠯ᠎ᠢ ᠰᠠᠢ᠌ᠵᠢᠷᠠᠭᠤᠯᠵᠤ᠂ ᠤᠶᠤᠨ᠎ᠤ ᠪᠠ ᠰᠣᠶᠣᠯ᠎ᠤᠨ ᠠᠮᠢᠳᠤᠷᠠᠯ᠎ᠢ ᠪᠠᠶᠠᠯᠢᠭᠵᠢᠭᠤᠯᠤᠨ᠂ ᠦᠢ᠍ᠯᠡᠳᠬᠦ ᠦᠢ᠍ᠯᠡᠰ᠎ᠤᠨ ᠠᠵᠢᠯ᠎ᠤᠨ ᠪᠠᠢ᠌ᠷᠢ ᠵᠢᠨ ᠵᠠᠯᠠᠭᠤᠴᠤᠳ᠎ᠢ ᠲᠠᠲᠠᠬᠤ ᠬᠦᠴᠦᠨ᠎ᠢ ᠴᠢᠩᠭ᠋ᠠᠷᠠᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠦᠰᠦᠨ ᠪᠣᠢ᠌ᠵᠢᠵᠤ ᠬᠥᠭᠵᠢᠬᠦ ᠲᠠᠪᠴᠠᠩ᠎ᠢ ᠪᠠᠢ᠌ᠭᠤᠯᠵᠤ᠂ ᠨᠠᠩ ᠣᠯᠠᠨ ᠣᠶᠤᠲᠠᠳ᠎ᠤᠨ ᠤᠷ᠎ᠠ ᠮᠡᠷᠭᠡᠵᠢᠯ ᠡᠵᠡᠮᠰᠢᠵᠦ ᠴᠢᠳᠠᠪᠤᠷᠢᠲᠠᠨ ᠪᠤᠯᠬᠤ᠂ ᠤᠷ᠎ᠠ ᠮᠡᠷᠭᠡᠵᠢᠯ ᠵᠶ᠋ᠠᠷ ᠤᠯᠤᠰ᠎ᠲᠠᠭᠠᠨ ᠵᠢᠳᠬᠦᠬᠦ ᠵᠠᠮ ᠵᠶ᠋ᠠᠷ ᠵᠠᠮᠨᠠᠬᠤ ᠵᠢ ᠬᠥᠲᠥᠯᠥᠨ ᠵᠢᠯᠣᠭᠣᠳᠤᠨ᠎ᠠ᠃

      (ᠬᠣᠷᠢᠨ ᠳᠥᠷᠪᠡ) ᠬᠥᠯᠥᠰᠦᠨ ᠲᠠᠷᠢᠶᠠᠴᠢᠨ᠎ᠢ ᠥᠨᠳᠥᠷ ᠬᠡᠪ ᠪᠣᠯᠪᠠᠰᠤᠷᠠᠯ᠎ᠲᠠᠢ ᠣᠳᠣ ᠦᠶ᠎ᠡ ᠵᠢᠨ ᠠᠵᠤ ᠦᠢ᠍ᠯᠡᠰ᠎ᠤᠨ ᠠᠵᠢᠯᠴᠢᠨ ᠪᠣᠯᠭ᠋ᠠᠨ ᠬᠥᠮᠥᠵᠢᠭᠦᠯᠦᠨ᠎ᠡ᠃ ᠠᠵᠤ ᠦᠢ᠍ᠯᠡᠰ᠎ᠤᠨ ᠭᠡᠯᠪᠡᠷᠢ᠎ᠪᠠᠨ ᠬᠤᠪᠢᠷᠠᠭᠤᠯᠤᠨ ᠳᠡᠰ ᠳᠡᠪᠰᠢᠬᠦ ᠵᠢᠨ ᠲᠣᠭᠣᠷᠢᠨ᠎ᠳᠤ᠂ ᠬᠥᠯᠥᠰᠦᠨ ᠲᠠᠷᠢᠶᠠᠴᠢᠨ᠎ᠳᠤ ᠤᠷ᠎ᠠ ᠮᠡᠷᠭᠡᠵᠢᠯ᠎ᠤᠨ ᠪᠣᠯᠪᠠᠰᠤᠷᠠᠯ ᠬᠦᠷᠲᠡᠭᠡᠬᠦ ᠵᠢ ᠴᠢᠩᠭ᠋ᠠᠳᠬᠠᠵᠤ᠂ ᠰᠤᠷᠤᠯᠴᠠᠬᠤ ᠬᠦᠰᠡᠯ ᠵᠡᠭᠦᠳᠦ᠎ᠪᠠᠨ ᠪᠡᠶᠡᠯᠡᠭᠦᠯᠬᠦ ᠠᠵᠢᠯᠯᠠᠭ᠎ᠠ ᠵᠢ ᠥᠷᠭᠡᠨ ᠵᠶ᠋ᠡᠷ ᠬᠡᠷᠡᠭᠵᠢᠭᠦᠯᠦᠨ᠎ᠡ᠃ ᠬᠥᠯᠥᠰᠦᠨ ᠲᠠᠷᠢᠶᠠᠴᠢᠨ᠎ᠤ ᠬᠣᠲᠠ᠎ᠳᠤ ᠠᠭᠤᠰᠤᠨ ᠣᠷᠣᠬᠤ ᠵᠢ ᠠᠬᠢᠭᠤᠯᠵᠤ᠂ ᠬᠣᠲᠠ᠎ᠳᠤ ᠡᠷᠦᠭᠡ ᠠᠮᠠ ᠵᠢᠨ ᠲᠠᠩᠰᠠ ᠣᠷᠣᠬᠤ ᠲᠥᠷᠥ ᠵᠢᠨ ᠪᠣᠳᠣᠯᠭ᠎ᠠ ᠵᠢ ᠤᠯᠠᠮ ᠨᠢᠭᠡ ᠠᠯᠬᠤᠮ ᠠᠭᠤᠵᠢᠭᠤ ᠲᠠᠯᠪᠢᠵᠤ᠂ ᠬᠣᠲᠠ ᠣᠷᠣᠭᠰᠠᠨ ᠬᠥᠯᠥᠰᠦᠨ ᠲᠠᠷᠢᠶᠠᠴᠢᠨ᠎ᠤ ᠬᠣᠲᠠ ᠪᠠᠯᠭ᠋ᠠᠰᠤᠨ᠎ᠤ ᠣᠯᠠᠨ ᠨᠡᠢ᠌ᠲᠡ ᠵᠢᠨ ᠦᠨᠳᠦᠰᠦᠨ ᠦᠢ᠍ᠯᠡᠴᠢᠯᠡᠭᠡ ᠵᠢ ᠡᠷᠬᠡ ᠲᠡᠭᠰᠢ᠎ᠪᠠᠷ ᠡᠳ᠋ᠯᠡᠬᠦ ᠵᠢ ᠠᠬᠢᠭᠤᠯᠤᠨ᠎ᠠ᠃ ᠨᠡᠢ᠌ᠲᠡ ᠵᠢᠨ ᠠᠰᠠᠷᠠᠮᠵᠢ ᠵᠢᠨ ᠬᠠᠤᠯᠢ ᠴᠠᠭ᠋ᠠᠵᠠ ᠵᠢᠨ ᠦᠢ᠍ᠯᠡᠴᠢᠯᠡᠭᠡ ᠵᠢᠨ ᠬᠥᠯᠥᠰᠦᠨ ᠲᠠᠷᠢᠶᠠᠴᠢᠨ᠎ᠳᠤ ᠠᠰᠢᠭ ᠬᠦᠷᠲᠡᠭᠡᠬᠦ ᠡᠷᠴᠢᠮ᠎ᠢ ᠴᠢᠩᠭ᠋ᠠᠷᠠᠭᠤᠯᠵᠤ᠂ ᠬᠠᠤᠯᠢ ᠶᠣᠰᠣᠨ᠎ᠤ ᠡᠷᠬᠡ ᠠᠰᠢᠭ᠎ᠢ ᠪᠠᠲᠤᠯᠠᠨ᠂ ᠲᠣᠭᠲᠠᠪᠤᠷᠢᠲᠠᠢ ᠠᠵᠢᠯ ᠣᠯᠬᠤ ᠵᠢ ᠠᠬᠢᠭᠤᠯᠤᠨ᠎ᠠ᠃

ᠶᠢᠰᠦ᠂ ᠵᠣᠬᠢᠶᠠᠨ ᠪᠠᠢ᠌ᠭᠤᠯᠤᠯᠲᠠ ᠵᠢᠨ ᠤᠳᠤᠷᠢᠳᠤᠯᠭ᠎ᠠ ᠵᠢ ᠴᠢᠩᠭ᠋ᠠᠳᠬᠠᠵᠤ᠂ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠬᠦᠴᠦ᠎ᠪᠠᠨ ᠬᠠᠮᠲᠤᠳᠬᠠᠨ ᠠᠬᠢᠭᠤᠯᠤᠨ᠎ᠠ

      (ᠬᠣᠷᠢᠨ ᠲᠠᠪᠤ) ᠵᠣᠬᠢᠶᠠᠨ ᠪᠠᠢ᠌ᠭᠤᠯᠤᠯᠲᠠ ᠵᠢᠨ ᠪᠠᠲᠤᠯᠠᠭ᠎ᠠ ᠵᠢ ᠴᠢᠩᠭ᠋ᠠᠳᠬᠠᠨ᠎ᠠ᠃ ᠡᠯ᠎ᠡ ᠱᠠᠲᠤᠨ᠎ᠤ ᠨᠠᠮ᠎ᠤᠨ ᠬᠣᠷᠢᠶ᠎ᠠ ᠪᠠ ᠵᠠᠰᠠᠭ᠎ᠤᠨ ᠣᠷᠳᠣᠨ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠵᠣᠬᠢᠶᠠᠨ ᠪᠠᠢ᠌ᠭᠤᠯᠵᠤ ᠤᠳᠤᠷᠢᠳᠬᠤ᠎ᠪᠠᠨ ᠴᠢᠩᠭ᠋ᠠᠳᠬᠠᠵᠤ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ᠎ᠪᠠᠨ ᠴᠢᠩᠭ᠋ᠠᠳᠬᠠᠵᠤ᠂ ᠪᠣᠳᠠᠲᠤ ᠪᠠᠢ᠌ᠳᠠᠯ᠎ᠲᠠᠢ᠎ᠪᠠᠨ ᠤᠶᠠᠯᠳᠤᠭᠤᠯᠤᠨ ᠲᠤᠰ ᠰᠠᠨᠠᠯ᠎ᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢ ᠰᠠᠢ᠌ᠲᠤᠷ ᠠᠳᠬᠤᠨ᠎ᠠ᠃ ᠡᠯ᠎ᠡ ᠱᠠᠲᠤᠨ᠎ᠤ ᠠᠵᠢᠯᠴᠢᠨ᠎ᠤ ᠡᠪᠯᠡᠯ ᠲᠦᠷᠦᠭᠦᠯᠡᠨ ᠶᠡᠷᠦᠩᠬᠡᠢ᠌ᠯᠡᠨ ᠠᠳᠬᠤᠵᠤ᠂ ᠡᠯ᠎ᠡ ᠱᠠᠲᠤᠨ᠎ᠤ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠵᠣᠬᠢᠶᠠᠨ ᠪᠠᠢ᠌ᠭᠤᠯᠤᠨ ᠠᠬᠢᠭᠤᠯᠬᠤ ᠪᠠᠢ᠌ᠭᠤᠯᠤᠮᠵᠢ᠎ᠠᠴᠠ ᠲᠥᠷᠥᠯ ᠬᠤᠪᠢᠶᠠᠨ ᠵᠢᠯᠤᠭᠣᠳᠬᠤ ᠵᠢ ᠴᠢᠩᠭ᠋ᠠᠳᠬᠠᠵᠤ᠂ ᠠᠵᠢᠯ᠎ᠤᠨ ᠬᠠᠮᠲᠤᠷᠠᠯ ᠬᠦᠴᠦᠨ᠎ᠢ ᠪᠦᠷᠢᠯᠳᠦᠭᠦᠯᠬᠦ ᠵᠢ ᠠᠬᠢᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢ ᠠᠬᠢᠭᠤᠯᠬᠤ ᠲᠠᠯ᠎ᠠ᠎ᠪᠠᠷ᠎ᠬᠢ ᠬᠠᠤᠯᠢ ᠲᠣᠭᠲᠠᠭ᠋ᠠᠬᠤ ᠵᠢ ᠠᠬᠢᠭᠤᠯᠤᠨ᠎ᠠ᠃

       (ᠬᠣᠷᠢᠨ ᠵᠢᠷᠭᠤᠭ᠎ᠠ) ᠠᠵᠤ ᠠᠬᠤᠢ᠌ᠯᠠᠯ᠎ᠤᠨ ᠦᠢ᠍ᠯᠡᠳᠦᠯ᠎ᠢ ᠪᠠᠳᠠᠷᠠᠭᠤᠯᠤᠨ᠎ᠠ᠃ ᠤᠯᠤᠰ᠎ᠤᠨ ᠥᠮᠴᠢᠯᠡᠯ᠎ᠤᠨ ᠠᠵᠤ ᠠᠬᠤᠢ᠌ᠯᠠᠯ᠎ᠤᠨ ᠤᠯᠤᠰ ᠲᠦᠷᠦ ᠵᠢᠨ ᠬᠠᠷᠢᠭᠤᠴᠠᠯᠭ᠎ᠠ ᠵᠢ ᠴᠢᠩᠭ᠋ᠠᠳᠬᠠᠵᠤ᠂ ᠲᠥᠪ᠎ᠤᠨ ᠠᠵᠤ ᠠᠬᠤᠢ᠌ᠯᠠᠯ ᠪᠠ ᠣᠷᠣᠨ ᠨᠤᠲᠤᠭ᠎ᠤᠨ ᠲᠣᠮᠣ ᠭᠡᠯᠪᠡᠷᠢ ᠵᠢᠨ ᠤᠯᠤᠰ᠎ᠤᠨ ᠥᠮᠴᠢᠯᠡᠯ᠎ᠤᠨ ᠠᠵᠤ ᠠᠬᠤᠢ᠌ᠯᠠᠯ᠎ᠤᠨ ᠳᠠᠢ᠌ᠴᠢᠯᠠᠬᠤ ᠦᠢ᠍ᠯᠡᠳᠦᠯ᠎ᠢ ᠭᠦᠢ᠍ᠴᠡᠳ ᠪᠠᠳᠠᠷᠠᠭᠤᠯᠤᠨ᠎ᠠ᠃ ᠠᠷᠠᠳ᠎ᠤᠨ ᠡᠵᠡᠩᠨᠡᠯᠲᠡ ᠵᠢᠨ ᠠᠵᠤ ᠠᠬᠤᠢ᠌ᠯᠠᠯ᠎ᠤᠨ ᠨᠡᠢ᠌ᠭᠡᠮ᠎ᠤᠨ ᠬᠠᠷᠢᠭᠤᠴᠠᠯᠭ᠎ᠠ᠎ᠪᠠᠨ ᠨᠡᠩ ᠰᠠᠢ᠌ᠲᠤᠷ ᠭᠦᠢ᠍ᠴᠡᠳᠬᠡᠬᠦ ᠵᠢ ᠲᠡᠮᠵᠢᠨ᠎ᠠ᠃ ᠠᠵᠤ ᠠᠬᠤᠢ᠌ᠯᠠᠯ᠎ᠤᠨ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢᠨ ᠪᠠᠢ᠌ᠳᠠᠯ ᠵᠶ᠋ᠠᠨ ᠠᠵᠤ ᠠᠬᠤᠢ᠌ᠯᠠᠯ᠎ᠤᠨ ᠨᠡᠢ᠌ᠭᠡᠮ᠎ᠤᠨ ᠬᠠᠷᠢᠭᠤᠴᠠᠯᠭ᠎ᠠ ᠵᠢᠨ ᠮᠡᠳᠡᠭᠦᠯᠦᠯᠲᠡ᠂ ᠦᠷᠭᠦᠯᠵᠢᠯᠡᠬᠦ ᠬᠥᠭᠵᠢᠯᠲᠡ ᠵᠢᠨ ᠮᠡᠳᠡᠭᠦᠯᠦᠯᠲᠡ᠎ᠳᠡᠭᠡᠨ ᠣᠷᠣᠭᠤᠯᠬᠤ ᠵᠢ ᠵᠣᠷᠢᠭᠵᠢᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠠᠬᠢᠭᠤᠯᠬᠤ ᠬᠥᠬᠡ ᠭᠠᠳᠠᠷᠲᠤ ᠪᠢᠴᠢᠭ᠎ᠢ ᠨᠡᠢ᠌ᠲᠡᠯᠡᠨ᠎ᠡ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢ ᠠᠬᠢᠭᠤᠯᠤᠭ᠋ᠠᠳ ᠢᠯᠡᠳᠲᠡ ᠦᠷ᠎ᠡ ᠪᠦᠲᠦᠮᠵᠢ ᠣᠯᠣᠭᠰᠠᠨ ᠠᠵᠤ ᠠᠬᠤᠢ᠌ᠯᠠᠯ᠎ᠢ ᠡᠯ᠎ᠡ ᠱᠠᠲᠤᠨ᠎ᠤ ᠨᠠᠮ᠎ᠤᠨ ᠬᠣᠷᠢᠶ᠎ᠠ ᠪᠣᠯᠣᠨ ᠵᠠᠰᠠᠭ᠎ᠤᠨ ᠣᠷᠳᠣᠨ ᠵᠢᠴᠢ ᠠᠵᠢᠯᠴᠢᠨ᠎ᠤ ᠡᠪᠯᠡᠯ ᠵᠡᠷᠭᠡ᠎ᠠᠴᠠ ᠲᠣᠭᠲᠠᠭ᠋ᠠᠯ ᠶᠣᠰᠣᠭ᠋ᠠᠷ ᠬᠥᠬᠢᠭᠦᠯᠦᠨ ᠰᠠᠢ᠌ᠰᠢᠶᠠᠬᠤ ᠪᠠ ᠬᠠᠷᠠᠭ᠋ᠠᠯᠵᠠᠭᠰᠠᠨ ᠲᠥᠷᠥ ᠵᠢᠨ ᠪᠣᠳᠣᠯᠭ᠎ᠠ ᠵᠢᠨ ᠳᠡᠮᠵᠢᠯᠭᠡ ᠦᠵᠡᠭᠦᠯᠦᠨ᠎ᠡ᠃

       (ᠬᠣᠷᠢᠨ ᠳᠣᠯᠣᠭ᠎ᠠ) ᠨᠡᠢ᠌ᠭᠡᠮ᠎ᠤᠨ ᠳᠡᠮᠵᠢᠯᠭᠡ ᠵᠢᠨ ᠰᠢᠰᠲ᠋ᠧᠮ᠎ᠢ ᠪᠦᠷᠢᠨᠰᠢᠭᠦᠯᠦᠨ᠎ᠡ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢᠨ ᠤᠬᠠᠭᠤᠯᠭ᠎ᠠ ᠵᠢᠨ ᠡᠷᠴᠢᠮ ᠵᠶ᠋ᠡᠨ ᠴᠢᠩᠭ᠋ᠠᠷᠠᠭᠤᠯᠵᠤ᠂ ᠭᠦᠨ ᠵᠤᠵᠠᠭ᠋ᠠᠨ ᠨᠡᠢ᠌ᠭᠡᠮ᠎ᠤᠨ ᠠᠭᠤᠷ ᠠᠮᠢᠰᠬᠤᠯ᠎ᠢ ᠪᠤᠶ ᠪᠣᠯᠭ᠋ᠠᠨ᠎ᠠ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠲᠣᠭ᠎ᠠ ᠪᠠᠷᠢᠮᠲᠠ ᠵᠢ ᠪᠦᠷᠢᠳᠬᠡᠬᠦ᠂ ᠪᠠᠢ᠌ᠴᠠᠭ᠋ᠠᠬᠤ᠂ ᠬᠢᠨᠠᠨ ᠬᠡᠮᠵᠢᠬᠦ ᠰᠢᠰᠲ᠋ᠧᠮ᠎ᠢ ᠪᠠᠢ᠌ᠭᠤᠯᠤᠨ᠎ᠠ᠃ ᠠᠵᠤ ᠦᠢ᠍ᠯᠡᠰ᠎ᠤᠨ ᠠᠵᠢᠯᠴᠢᠨ᠎ᠤ ᠡᠩᠨᠡᠭᠡ ᠵᠢᠨ ᠪᠠᠢ᠌ᠭᠤᠯᠤᠯᠲᠠ ᠵᠢᠨ ᠥᠭᠡᠷᠡᠴᠢᠯᠡᠯᠲᠡ ᠵᠢᠨ ᠰᠡᠳᠦᠪ᠎ᠤᠨ ᠰᠤᠳᠤᠯᠭ᠋ᠠᠨ᠎ᠢ ᠴᠢᠩᠭ᠋ᠠᠳᠬᠠᠨ᠎ᠠ᠃

ᠢᠷᠡᠯᠲᠡ᠄ ᠥᠪᠥᠷ ᠮᠣᠩᠭᠣᠯ᠎ᠤᠨ ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠣᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            