ᠦᠬᠠᠶ ᠬᠤᠲᠠ᠎ᠶ᠋ᠢᠨ ᠡᠪᠦᠯ᠎ᠤᠨ ᠬᠠᠳᠠᠭᠠᠯᠠᠮᠵᠢ᠎ᠶ᠋ᠢᠨ ᠨᠣᠭᠤᠭ᠎ᠠ᠎ᠶ᠋ᠢᠨ ᠵᠠᠬ᠎ᠠ ᠳᠡᠯᠭᠡᠭᠦᠷ᠎ᠤᠨ ᠡᠯᠧᠺᠲᠷᠣᠨ ᠦᠨ᠎ᠡ ᠪᠣᠳᠣᠬᠣ ᠵᠢᠩᠯᠡᠭᠦᠷ᠎ᠢ ᠲᠤᠰᠭᠠᠶ ᠪᠠᠢᠴᠠᠭᠠᠨ ᠲᠣᠭ᠍ᠲᠠᠭᠠᠬᠤ ᠠᠵᠢᠯ ᠥᠷᠨᠢᠭᠦᠯᠪᠡ
2025-10-31

ᠣᠢᠷ᠎ᠠ᠎ᠳᠤ᠂ ᠦᠬᠠᠶ ᠬᠤᠲᠠ᠎ᠶ᠋ᠢᠨ ᠬᠠᠢᠨᠠᠨ ᠲᠣᠭᠤᠷᠢᠭ᠎ᠤᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ ᠦᠬᠠᠶ ᠬᠤᠲᠠ᠎ᠶ᠋ᠢᠨ ᠱᠢᠯᠭᠠᠨ ᠪᠠᠢᠴᠠᠭᠠᠵᠤ ᠪᠠᠢᠴᠠᠭᠠᠨ ᠬᠡᠮᠵᠢᠬᠦ᠌ ᠲᠥᠪ᠎ᠲᠠᠢ ᠬᠠᠮᠲᠤᠷᠠᠨ ᠡᠪᠦᠯ᠎ᠤᠨ ᠬᠠᠳᠠᠭᠠᠯᠠᠮᠵᠢ᠎ᠶ᠋ᠢᠨ ᠨᠣᠭᠣᠭ᠎ᠠ᠎ᠶ᠋ᠢᠨ ᠵᠠᠬ᠎ᠠ ᠳᠡᠯᠭᠡᠭᠦᠷ᠎ᠲᠤ ᠡᠯᠧᠺᠲᠷᠣᠨ ᠦᠨ᠎ᠡ ᠪᠤᠳᠤᠬᠤ ᠵᠢᠩᠯᠡᠭᠦᠷ᠎ᠤᠨ ᠲᠤᠰᠭᠠᠶ ᠱᠢᠯᠭᠠᠨ ᠲᠣᠭ᠍ᠲᠠᠭᠠᠬᠤ ᠦᠢᠯᠡᠴᠢᠯᠡᠭᠡ ᠥᠷᠨᠢᠭᠦᠯᠵᠦ᠍᠂ ᠨᠡᠢᠲᠡ 58 ᠬᠡᠷᠡᠭ᠌ᠯᠡᠵᠦ᠍ ᠪᠠᠢᠭ᠎ᠠ ᠡᠯᠧᠺᠲᠷᠣᠨ ᠦᠨ᠎ᠡ ᠪᠤᠳᠤᠬᠤ ᠵᠢᠩᠯᠡᠭᠦᠷ᠎ᠳᠤ ᠲᠤᠰᠭᠠᠶ ᠮᠡᠷᠭᠡᠵᠢᠯ᠎ᠤᠨ ᠬᠡᠮᠵᠢᠯᠲᠡ᠎ᠶ᠋ᠢᠨ  《ᠪᠡᠶ᠎ᠡ᠎ᠶ᠋ᠢᠨ ᠪᠠᠢᠴᠠᠭᠠᠯᠲᠠ》 ᠬᠢᠪᠠ᠃

ᠬᠡᠮᠵᠢᠯᠲᠡ᠎ᠶ᠋ᠢ ᠬᠢᠨᠠᠨ ᠲᠣᠭ᠍ᠲᠠᠭᠠᠬᠤ ᠠᠵᠢᠯᠲᠠᠨ ᠪᠠᠷᠢᠮᠵᠢᠶᠠᠲᠤ ᠲᠣᠣᠬᠠᠢ ᠵᠡᠷᠭᠡ ᠲᠤᠰᠭᠠᠶ ᠮᠡᠷᠭᠡᠵᠢᠯ᠎ᠤᠨ ᠬᠡᠮᠵᠢᠯᠲᠡ᠎ᠶ᠋ᠢᠨ ᠲᠥᠬᠦᠭᠡᠷᠦᠮᠵᠢ᠎ᠶ᠋ᠢ ᠠᠪᠴᠤ᠌ ᠶᠠᠪᠤᠵᠤ᠂ ᠡᠯᠧᠺᠲᠷᠣᠨ ᠦᠨ᠎ᠡ ᠪᠤᠳᠤᠬᠤ ᠵᠢᠩᠯᠡᠭᠦᠷ᠎ᠤᠨ ᠬᠡᠮᠵᠢᠭ᠌ᠳᠡᠯ᠎ᠤᠨ ᠣᠨᠣᠪᠴᠢᠲᠤ ᠴᠢᠨᠠᠷ᠂ ᠯᠣᠮᠪᠣ ᠪᠢᠲᠡᠭᠦᠮᠵᠢᠯᠡᠯᠲᠡ᠎ᠶ᠋ᠢᠨ ᠪᠦᠷᠢᠨ ᠪᠦᠲᠦᠨ ᠴᠢᠨᠠᠷ᠂ ᠪᠢᠴᠢᠭᠡᠰᠦᠲᠦ ᠫᠠᠢᠰᠠ᠎ᠶ᠋ᠢᠨ ᠲᠣᠳᠣᠷᠬᠠᠶ ᠬᠡᠮᠵᠢᠶ᠎ᠡ ᠵᠡᠷᠭᠡ ᠵᠠᠩᠭᠢᠯᠠᠭ᠎ᠠ᠎ᠶ᠋ᠢᠨ ᠬᠡᠮᠵᠢᠯᠲᠡ᠎ᠶ᠋ᠢᠨ ᠬᠦᠢᠴᠡᠳᠭᠡᠯ ᠲᠤᠭ᠎ᠠ᠎ᠶ᠋ᠢ ᠨᠢᠭᠡᠳ ᠨᠢᠭᠡ᠎ᠪᠠᠷ ᠪᠥᠬᠦ᠌ ᠲᠠᠯ᠎ᠠ᠎ᠪᠠᠷ ᠬᠠᠷᠭᠤᠭᠤᠯᠤᠨ ᠱᠢᠯᠭᠠᠵᠤ᠂ ᠡᠯᠧᠺᠲᠷᠣᠨ ᠦᠨ᠎ᠡ ᠪᠤᠳᠤᠬᠤ ᠵᠢᠩᠯᠡᠭᠦᠷ᠎ᠤᠨ ᠬᠢᠨᠠᠨ ᠲᠣᠭ᠍ᠲᠠᠭᠠᠬᠤ ᠲᠦᠷᠢᠮ᠎ᠢ ᠴᠢᠩᠭ᠎ᠠ ᠵᠢᠷᠤᠮᠯᠠᠨ ᠱᠢᠯᠭᠠᠨ ᠪᠠᠢᠴᠠᠭᠠᠬᠤ᠎ᠶ᠋ᠢᠨ ᠬᠠᠮᠲᠤ ᠬᠡᠮᠵᠢᠯᠲᠡ᠎ᠶ᠋ᠢᠨ ᠪᠠᠢᠴᠠᠭᠠᠨ ᠲᠣᠭ᠍ᠲᠠᠭᠠᠬᠤ ᠬᠢᠷᠢ ᠲᠡᠩᠴᠡᠭ᠌ᠰᠡᠨ ᠲᠡᠮᠳᠡᠭ᠎ᠢ ᠨᠢᠭᠡᠳ ᠨᠢᠭᠡ᠎ᠪᠠᠷ ᠨᠠᠭᠠᠵᠤ᠂ ᠬᠡᠷᠡᠭ᠌ᠯᠡᠭ᠌ᠴᠢᠳ᠎ᠤᠨ ᠬᠡᠮᠵᠢᠯᠲᠡ᠎ᠶ᠋ᠢᠨ ᠬᠢᠷᠢ ᠲᠡᠩᠴᠡᠭ᠌ᠰᠡᠨ ᠪᠠᠭᠠᠵᠢ ᠬᠡᠷᠡᠭ᠌ᠰᠡᠯ᠎ᠢ ᠱᠢᠭᠤᠳ ᠢᠯᠭᠠᠨ ᠲᠠᠨᠢᠬᠤ᠎ᠳᠤ ᠳᠥᠭᠥᠮ ᠦᠵᠡᠭᠦᠯᠵᠦ᠍᠂ ᠡᠪᠣᠯ᠎ᠤᠨ ᠬᠠᠳᠠᠭᠠᠯᠠᠮᠵᠢ᠎ᠶ᠋ᠢᠨ ᠨᠣᠭᠣᠭ᠎ᠠ᠎ᠶ᠋ᠢᠨ ᠠᠷᠠᠯᠵᠢᠶᠠᠨ᠎ᠤ ᠳᠣᠮᠳᠠᠬᠢ ᠬᠡᠮᠵᠢᠯᠲᠡ᠎ᠶ᠋ᠢᠨ ᠢᠯᠡ ᠲᠣᠳᠣ᠎ᠶ᠋ᠢᠨ ᠬᠡᠮᠵᠢᠶ᠎ᠡ᠎ᠶ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠵᠡᠶ᠃ ᠲᠣᠰ ᠤᠳᠠᠭᠠᠨ᠎ᠤ 《ᠬᠡᠷ᠎ᠲᠤ ᠨᠢ ᠪᠠᠢᠴᠠᠭᠠᠯᠲᠠ ᠬᠦᠷᠭᠡᠬᠦ᠌》 ᠦᠶ᠋ᠯᠡᠴᠢᠯᠡᠭᠡ᠂ ᠬᠤᠳᠠᠯᠳᠤᠭᠠᠨ᠎ᠤ ᠡᠷᠦᠬᠡ᠎ᠳᠤ ᠲᠥᠬᠦᠮ ᠦᠵᠡᠭᠦᠯᠵᠦ᠍᠂ ᠴᠠᠭ᠎ᠤᠨ ᠥᠪᠡᠷ᠎ᠤᠨ ᠥᠷᠲᠡᠭ᠎ᠢ ᠪᠠᠭᠠᠰᠭᠠᠨ᠂ ᠡᠪᠦᠯ᠎ᠤᠨ ᠬᠠᠳᠠᠭᠠᠯᠠᠮᠵᠢ᠎ᠶ᠋ᠢᠨ ᠨᠣᠭᠤᠭ᠎ᠠ᠎ᠶ᠋ᠢᠨ ᠵᠠᠬ᠎ᠠ ᠳᠡᠯᠭᠡᠭᠦᠷ᠎ᠤᠨ ᠬᠡᠮᠵᠢᠯᠲᠡ᠎ᠶ᠋ᠢᠨ ᠪᠠᠭᠠᠵᠢ ᠬᠡᠷᠡᠭ᠌ᠰᠡᠯ᠎ᠢ 《ᠪᠠᠢᠴᠠᠭᠠᠬᠤ ᠶᠣᠰᠣᠲᠠᠶ᠎ᠶ᠋ᠢ᠎ᠨᠢ ᠴᠥᠮ ᠪᠠᠢᠴᠠᠭᠠᠬᠤ》᠎ᠶ᠋ᠢ ᠪᠡᠶᠡᠯᠡᠭᠦᠯᠪᠡ᠃

ᠢᠷᠡᠯᠲᠡ᠄ ᠦᠬᠠᠶ ᠬᠤᠲᠠ᠎ᠶ᠋ᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ