《ᠡᠨᠡ ᠬᠦ᠌ ᠬᠡᠮᠡᠷᠯᠢᠭ ᠲᠤᠭ᠎ᠨᠢ ᠪᠢᠳᠡᠨ᠎ᠢ ᠢᠲᠡᠭᠡᠵᠦ ᠪᠠᠶ᠋ᠢᠬᠤ᠎ᠪᠠᠷ ᠪᠠᠷᠠᠬᠤ ᠦᠭᠡᠢ᠂ ᠨᠡᠩ ᠴᠤ᠌ ᠬᠦᠨᠳᠦ ᠬᠠᠷᠢᠭᠤᠴᠠᠯᠭ᠎ᠠ ᠮᠥᠨ ᠃》 ᠣᠶ᠋ᠢᠷ᠎ᠠ᠎ᠳᠤ᠂ ᠵᠢᠦᠶᠤᠸᠠᠨ ᠲᠣᠭᠤᠷᠢᠭ᠎ᠤᠨ ᠮᠠ ᡂᠢ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠭᠠᠵᠠᠷ ᠬᠠᠷᠢᠶ᠎ᠠ ᠣᠷᠣᠨ᠎ᠤ ᠬᠤᠳᠠᠯᠳᠤᠭ᠋ᠠᠨ᠎ᠤ ᠡᠷᠦᠬᠡ ᠵᠢᠨ ᠬᠦᠷᠭᠡᠭᠰᠡᠨ ᠬᠡᠮᠡᠷᠯᠢᠭ ᠲᠤᠭ᠎ᠢ ᠭᠥᠯᠢᠶᠡᠨ ᠠᠪᠴᠤ᠂ ᠠᠯᠲᠠᠨ ᠰᠢᠷᠭ᠋ᠠᠯ ᠥᠩᠭᠡᠲᠡᠢ 《ᠰᠠᠢ᠌ᠨ ᠰᠡᠳᠬᠢᠯᠭᠡᠠᠴᠠᠪᠠᠨ ᠠᠵᠤ ᠠᠬᠤᠶ᠋ᠢᠯᠠᠯ᠎ᠳᠤ ᠭᠡᠷᠡᠭ ᠰᠢᠢ᠍ᠳᠪᠦᠷᠢᠯᠡᠵᠦ ᠂ ᠥᠨᠳᠥᠷ ᠪᠦᠲᠦᠮᠵᠢᠲᠡᠶ᠎ᠪᠠᠷ ᠠᠷᠠᠳ ᠲᠦᠮᠡᠨ᠎ᠳᠤ ᠦᠢ᠍ᠯᠡᠴᠢᠯᠡᠬᠦ》 ᠪᠢᠴᠢᠭᠡᠰᠦ᠎ᠨᠢ ᠨᠢᠭᠡ ᠤᠳᠠᠭ᠋ᠠᠨ᠎ᠤ 《ᠠᠰᠠᠭᠤᠳᠠᠯ᠎ᠤᠨ ᠨᠠᠷᠢᠨ ᠲᠠᠩᠰᠠ》᠎ᠠᠴᠠ 《ᠪᠦᠷᠢᠨ ᠬᠤᠪᠢ ᠵᠢᠨ ᠦᠢ᠍ᠯᠡᠴᠢᠯᠡᠭᠡ》 ᠬᠦᠷᠲᠡᠯᠡᠬᠢ ᠳᠤᠯᠠᠭ᠋ᠠᠨ ᠰᠡᠳᠬᠢᠯᠲᠦ ᠪᠠᠶ᠋ᠢᠴᠠᠭ᠋ᠠᠯᠲᠠ ᠵᠢ ᠭᠡᠷᠡᠴᠢᠯᠡᠪᠡ᠃
ᠲᠤᠬᠠᠶ ᠵᠢᠨ ᠲᠠᠯᠠᠪᠤᠷ᠎ᠤᠨ ᠪᠠᠶ᠋ᠢᠴᠠᠭ᠋ᠠᠯᠲᠠ᠄ ᠨᠠᠷᠢᠨ ᠳᠠᠩᠰᠠ ᠵᠢ ᠵᠢᠭᠰᠠᠭ᠋ᠠᠬᠤ᠎ᠳᠤ ᠨᠠᠩ ᠴᠤ᠌ 《ᠡᠮ᠎ᠤᠨ ᠵᠣᠷ》 ᠭᠠᠷᠭ᠋ᠠᠬᠤ ᠬᠡᠷᠡᠭᠲᠡᠶ
ᠣᠶ᠋ᠢᠷ᠎ᠠ᠎ᠳᠤ᠂ ᠵᠢᠦᠶᠤᠸᠠᠨ ᠲᠣᠭᠤᠷᠢᠭ᠎ᠤᠨ ᠮᠠ ᡂᠢ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠭᠠᠵᠠᠷ᠎ᠤᠨ ᠳᠠᠷᠤᠭ᠎ᠠ ᠴᠢᠨ ᠯᠢᠩ ᠯᠢ ᠪᠦᠯᠬᠦᠮ ᠳᠠᠭ᠋ᠠᠭᠤᠯᠤᠨ ᠬᠠᠷᠢᠶ᠎ᠠ ᠣᠷᠣᠨ᠎ᠳᠤ᠎ᠬᠢ ᠢᠳᠡᠭᠡᠨ᠎ᠤ ᠵᠦᠢ᠍ᠯ᠎ᠤᠨ ᠲᠥᠬᠦᠮ ᠳᠡᠯᠭᠡᠭᠦᠷ᠎ᠲᠤ ᠡᠳᠦᠷ ᠲᠤᠲᠤᠮ᠎ᠤᠨ ᠬᠢᠨᠠᠯᠲᠠ ᠪᠠᠶ᠋ᠢᠴᠠᠭ᠋ᠠᠯᠲᠠ ᠬᠢᠬᠦ᠎ᠳᠤ᠎ᠪᠠᠨ᠂ ᠵᠠᠷᠢᠮ ᠲᠥᠬᠦᠮ ᠳᠡᠯᠭᠡᠭᠦᠷ᠎ᠲᠤ 《ᠲᠠᠪᠤᠨ ᠬᠦᠨᠳᠦ ᠳᠠᠯᠳᠠ ᠬᠡᠮ》 ᠪᠣᠯᠬᠤ ᠢᠳᠡᠭᠡᠨ᠎ᠤ ᠵᠦᠢ᠍ᠯ᠎ᠢ ᠬᠠᠳᠠᠭ᠋ᠠᠯᠠᠬᠤ᠎ᠨᠢ ᠬᠡᠷᠡᠮ᠎ᠠᠴᠠ ᠰᠠᠯᠤᠭᠰᠠᠨ ᠥᠬᠡᠶ ᠭᠠᠵᠠᠷ᠎ᠠᠴᠠ ᠰᠠᠯᠣᠭᠰᠠᠨ ᠦᠭᠡᠢ᠂ ᠬᠡᠰᠡᠭ ᠲᠠᠸᠠᠷ᠎ᠤᠨ ᠦᠨ᠎ᠡ ᠵᠢ ᠢᠯᠡ ᠲᠡᠮᠳᠡᠭᠯᠡᠭᠰᠡᠨ ᠥᠬᠡᠶ᠂ ᠬᠥᠯᠳᠡᠭᠡᠵᠦ ᠬᠠᠳᠠᠭ᠋ᠠᠯᠠᠬᠤ ᠲᠥᠬᠦᠭᠡᠷᠦᠮᠵᠢ᠎ᠨᠢ ᠳᠤᠯᠠᠭ᠋ᠠᠨ᠎ᠤ ᠬᠡᠮᠵᠢᠭᠦᠷ᠎ᠤᠨ ᠬᠢᠨᠠᠨ ᠬᠡᠮᠵᠢᠯᠲᠡ ᠥᠬᠡᠶ᠂ ᠲᠦᠷ ᠴᠠᠭ᠎ᠤᠨ ᠢᠳᠡᠭᠡᠨ᠎ᠤ ᠵᠦᠢ᠍ᠯ᠎ᠢ ᠲᠤᠰᠬᠠᠶ ᠲᠣᠭᠤᠷᠢᠭ ᠦᠭᠡᠢ᠎ᠪᠠᠷ ᠬᠠᠮᠢᠶᠠᠷᠴᠤ᠂ ᠪᠠᠷᠠᠭ᠎ᠠ ᠣᠷᠣᠭᠤᠯᠬᠤ ᠫᠢᠶᠣᠣ ᠪᠠᠷᠢᠮᠲᠠ ᠵᠢ ᠲᠠᠩᠰᠠ ᠡᠪᠬᠡᠮᠡᠯ᠎ᠳᠤ ᠣᠷᠣᠭᠣᠯᠬᠣ᠎ᠨᠢ ᠡᠮᠬᠢ ᠵᠠᠮᠪᠠᠷᠠᠭ᠎ᠠ ᠦᠭᠡᠢ ᠪᠠᠶ᠋ᠢᠬᠤ ᠪᠠᠢ᠌ᠳᠠᠯ᠎ᠢ ᠢᠯᠡᠷᠡᠭᠦᠯᠪᠡ ᠃ 《ᠡᠳᠡᠭᠡᠷ ᠠᠰᠠᠭᠤᠳᠠᠯ᠎ᠢ ᠦᠵᠡᠬᠦ᠎ᠳᠤ ᠢᠬᠢᠷ ᠰᠢᠬᠢᠷ ᠪᠣᠯᠪᠠᠴᠤ᠂ ᠬᠠᠷᠢᠨ ᠢᠳᠡᠭᠡᠨ᠎ᠤ ᠠᠮᠤᠷ ᠲᠦᠪᠰᠢᠨ᠎ᠤ ᠬᠤᠷᠢᠭ᠎ᠠ ᠱᠤᠭᠤᠮ᠎ᠳᠤ ᠪᠦᠬᠦᠨ ᠵᠶ᠋ᠡᠷ ᠵᠶ᠋ᠡᠨ ᠬᠤᠯᠪᠣᠭᠳᠠᠨ᠎ᠠ》 ᠭᠡᠵᠦ ᠴᠢᠨ ᠭᠠᠵᠠᠷ᠎ᠤᠨ ᠳᠠᠷᠤᠭ᠎ᠠ ᠲᠤᠬᠠᠶ ᠵᠢᠨ ᠲᠠᠯᠠᠪᠠᠶ᠎ᠳᠤ 《 ᠵᠢᠯᠣᠭᠤᠳᠬᠤ ᠬᠡᠯᠪᠡᠷᠢ ᠵᠢᠨ ᠪᠠᠶ᠋ᠢᠴᠠᠭ᠋ᠠᠯᠲᠠ》 ᠵᠢ ᠡᠬᠢᠯᠡᠭᠦᠯᠵᠦ᠂ ᠳᠠᠯᠳᠠ ᠬᠡᠮ᠎ᠢ ᠵᠢᠭ᠋ᠠᠨ ᠭᠠᠷᠭ᠋ᠠᠬᠤ ᠵᠢᠨ ᠳᠠᠭ᠋ᠠᠤ ᠪᠣᠳᠠᠲᠠᠶ ᠱᠠᠭ᠋ᠠᠷᠳᠠᠯᠭ᠎ᠠ ᠵᠢ ᠲᠠᠶ᠋ᠢᠯᠪᠤᠷᠢᠯᠠᠵᠤ᠂ ᠡᠵᠡᠩᠨᠡᠭᠴᠢᠳ᠎ᠲᠤ ᠪᠤᠷᠤᠭᠤ ᠵᠢ᠎ᠨᠢ ᠮᠡᠳᠡᠭᠦᠯᠣᠭ᠌ᠰᠡᠨ ᠵᠶ᠋ᠠᠷ ᠪᠠᠷᠠᠬᠤ ᠥᠬᠡᠶ ᠨᠠᠩ ᠴᠤ᠌ ᠬᠠᠷᠢᠭᠤᠴᠠᠯᠭ᠎ᠠ ᠵᠢ᠎ᠨᠢ ᠮᠡᠳᠡᠭᠦᠯᠪᠡ᠃
ᠴᠡᠭᠴᠡᠯᠡᠨ ᠰᠠᠶ᠋ᠢᠵᠢᠷᠠᠭᠤᠯᠬᠤ ᠵᠢᠯᠣᠭᠤᠳᠤᠯᠭ᠎ᠠ᠄ ᠦᠢ᠍ᠯᠡᠴᠢᠯᠡᠭᠡ ᠬᠦᠷᠭᠡᠬᠦ᠎ᠳᠤ ᠨᠡᠩ ᠴᠤ᠌ ᠠᠷᠭ᠎ᠠ ᠵᠢ ᠬᠦᠷᠭᠡᠬᠦ ᠬᠡᠷᠡᠭᠲᠡᠢ
ᠳᠥᠭᠦᠮ ᠳᠡᠯᠭᠡᠭᠦᠷ᠎ᠲᠤ ᠣᠷᠣᠰᠢᠵᠤ ᠪᠠᠶ᠋ᠢᠭ᠎ᠠ ᠠᠰᠠᠭᠤᠳᠠᠯ᠎ᠳᠤ ᠴᠢᠭᠯᠡᠭᠦᠯᠦᠨ᠂ ᠬᠠᠤᠯᠢ ᠬᠡᠷᠡᠭᠵᠢᠭᠦᠯᠬᠦ ᠠᠵᠢᠯᠲᠠᠨ 《ᠨᠢᠭᠡ ᠯᠠ ᠳᠡᠭᠡᠷ᠎ᠡ ᠲᠣᠷᠭ᠋ᠠᠵᠤ 》 ᠳᠠᠭᠤᠰᠬᠠᠭᠰᠠᠨ ᠥᠬᠡᠶ᠂ ᠬᠠᠷᠢᠨ 《ᠳᠡᠯᠭᠡᠭᠦᠷ᠎ᠤᠨ ᠦᠢ᠍ᠯᠡᠴᠢᠯᠡᠭᠴᠢ》 ᠪᠣᠯᠵᠤ ᠨᠢᠭᠡ ᠨᠢᠭᠡ᠎ᠪᠠᠷ ᠬᠠᠪᠰᠤᠷᠤᠨ ᠲᠡᠳᠬᠦᠵᠦ ᠴᠡᠭᠴᠡᠯᠡᠨ ᠰᠠᠶ᠋ᠢᠵᠢᠷᠠᠭᠤᠯᠪᠠ᠄ 《ᠲᠦᠷ ᠴᠠᠭ᠎ᠤᠨ ᠢᠳᠡᠭᠡᠨ᠎ᠤ ᠵᠦᠢ᠍ᠯ᠎ᠤᠨ ᠲᠤᠰᠬᠠᠢ ᠲᠣᠭᠤᠷᠢᠭ》᠎ᠤᠨ ᠲᠡᠮᠳᠡᠭ ᠫᠠᠶ᠋ᠢᠰᠠ ᠪᠠ ᠳᠤᠯᠠᠭ᠋ᠠᠨ᠎ᠤ ᠬᠡᠮᠵᠢᠭᠦᠷ ᠦᠭᠬᠦ᠂ ᠲᠦᠷᠢᠮᠵᠢᠭᠦᠯᠣᠭ᠌ᠰᠡᠨ ᠪᠠᠷᠠᠭ᠎ᠠ ᠣᠷᠣᠭᠤᠯᠬᠤ ᠡᠬᠡ ᠲᠠᠩᠰᠠ ᠵᠢᠨ ᠲᠡᠮᠳᠡᠭᠯᠡᠯ᠎ᠤᠨ ᠳᠡᠪᠲᠡᠷ᠎ᠢ ᠲᠠᠷᠬᠠᠭ᠋ᠠᠬᠤ ᠵᠢᠨ ᠬᠠᠮᠲᠤ ᠪᠡᠶ᠎ᠡ᠎ᠪᠠᠷ ᠵᠶ᠋ᠠᠨ ᠵᠢᠯᠤᠭᠤᠳᠤᠨ ᠲᠠᠭᠯᠠᠵᠤ᠂ ᠳᠡᠯᠭᠡᠭᠦᠷ᠎ᠤᠨ ᠪᠣᠳᠠᠲᠤ ᠦᠵᠡᠮᠵᠢ ᠵᠢᠨ ᠵᠢᠷᠤᠭ᠎ᠢ ᠳᠡᠯᠭᠡᠨ ᠦᠵᠡᠭᠦᠯᠵᠦ ᠪᠠᠷᠢᠮᠵᠢᠶ᠎ᠠ᠎ᠳᠤ ᠵᠣᠬᠢᠴᠠᠭᠤᠯᠤᠨ ᠰᠤᠷᠤᠯᠴᠠᠬᠤ᠎ᠳᠤ ᠵᠢᠱ᠌ᠢᠶ᠎ᠡ ᠦᠵᠡᠭᠦᠯᠪᠡ ᠃ ᠬᠠᠤᠯᠢ ᠬᠡᠷᠡᠭᠵᠢᠭᠦᠯᠬᠦ ᠠᠵᠢᠯᠲᠠᠨ᠎ᠤ ᠵᠢᠯᠣᠭᠤᠳᠣᠯᠭ᠎ᠠ ᠳᠣᠤᠷ᠎ᠠ᠂ ᠬᠤᠳᠠᠯᠳᠤᠭ᠋ᠠᠴᠢᠨ ᠡᠷᠦᠬᠡ ᠴᠡᠭᠴᠡᠯᠡᠨ ᠰᠠᠶ᠋ᠢᠵᠢᠷᠠᠭᠤᠯᠬᠤ ᠵᠢ ᠢᠳᠡᠪᠬᠢᠲᠡᠶ ᠪᠡᠶᠡᠯᠡᠭᠦᠯᠵᠦ᠂ ᠢᠳᠡᠭᠡᠨ᠎ᠤ ᠠᠮᠤᠷ ᠲᠦᠪᠰᠢᠨ᠎ᠤ ᠦᠢ᠍ᠯᠡᠴᠢᠯᠡᠭᠡᠨ᠎ᠤ ᠶᠠᠰᠤ ᠴᠢᠨᠠᠷ᠎ᠢ ᠤᠯᠠᠮ ᠨᠢᠭᠡ ᠠᠯᠬᠤᠮ ᠳᠡᠭᠡᠭᠰᠢᠯᠡᠭᠦᠯᠪᠡ ᠂ 《ᠣᠲᠣ ᠭᠠᠷᠠᠭ ᠪᠦᠷᠢ ᠴᠥᠮ ᠲᠦᠷ ᠴᠠᠭ᠎ᠤᠨ ᠢᠳᠡᠭᠡᠨ᠎ᠤ ᠵᠦᠢ᠍ᠯ᠎ᠳᠤ ᠥᠪᠡᠷ᠎ᠤᠨ ᠪᠠᠶ᠋ᠢᠴᠠᠭ᠋ᠠᠯᠲᠠ ᠬᠢᠵᠦ᠂ ᠬᠤᠭᠤᠴᠠᠭ᠎ᠠ ᠬᠡᠲᠦᠷᠡᠭᠰᠡᠨ ᠪᠠᠶ᠋ᠢᠳᠠᠯ ᠭᠠᠷᠬᠤ᠎ᠠᠴᠠ ᠵᠠᠢ᠌ᠯᠠᠰᠬᠢᠵᠤ ᠪᠣᠢ 》 ᠭᠡᠵᠦ ᠬᠤᠳᠠᠯᠳᠣᠭ᠋ᠠᠴᠢᠨ ᠡᠷᠦᠬᠡ ᠵᠢᠨ ᠬᠠᠷᠢᠭᠤᠴᠠᠯᠭ᠋ᠠᠲᠠᠨ᠎ᠠᠴᠠ ᠰᠢᠭᠣᠳ ᠬᠡᠯᠡᠵᠦ ᠪᠠᠢ᠌ᠪᠠ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠨ ᠵᠢᠯᠤᠭᠤᠳᠤᠯᠭ᠎ᠠ᠎ᠨᠢ ᠥᠪᠡᠷ᠎ᠢ᠎ᠪᠠᠨ 《ᠰᠠᠨᠠᠭ᠋ᠠᠴᠢᠯᠠᠭ᠋ᠠᠲᠤ ᠪᠤᠰᠤ᠎ᠪᠠᠷ ᠠᠷᠭ᠋ᠠᠴᠠᠭ᠋ᠠᠬᠤ》᠎ᠠᠴᠠ 《ᠰᠠᠨᠠᠭ᠋ᠠᠴᠢᠯᠠᠭ᠎ᠠ᠎ᠠᠴᠠ᠎ᠪᠠᠨ ᠬᠠᠮᠢᠶᠠᠷᠬᠤ》 ᠪᠣᠯᠭ᠋ᠠᠪᠠ᠃
《ᠬᠠᠤᠯᠢ ᠬᠡᠷᠡᠭᠵᠢᠭᠦᠯᠦᠯᠲᠡ᠎ᠨᠢ ᠬᠦᠢ᠍ᠲᠡᠮᠰᠦᠭ ᠲᠣᠷᠭ᠋ᠠᠭᠣᠯᠢ ᠵᠢᠨ ᠳᠠᠩᠰᠠ ᠪᠢᠰᠢ᠂ ᠦᠢ᠍ᠯᠡᠴᠢᠯᠡᠭᠡ ᠵᠢ ᠬᠠᠯᠠᠭᠣᠨ ᠳᠤᠯᠠᠭ᠋ᠠᠨ ᠵᠶ᠋ᠠᠷ ᠨᠠᠶ᠋ᠢᠳᠠᠪᠤᠷᠢᠵᠢᠭᠤᠯᠬᠤ ᠬᠡᠷᠡᠭᠲᠡᠢ》᠂ ᠵᠢᠦᠶᠤᠸᠠᠨ ᠲᠣᠭᠤᠷᠢᠭ᠎ᠤᠨ ᠮᠠ ᡂᠢ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠭᠠᠵᠠᠷ᠎ᠨᠢ ᠣᠣᠯᠠᠴᠠᠪᠠᠨ ᠦᠢ᠍ᠯᠡᠴᠢᠯᠡᠭᠡ ᠪᠠ ᠬᠢᠨᠠᠯᠲᠠ ᠬᠠᠮᠢᠶᠠᠷᠤᠯᠲᠠ ᠵᠢ ᠵᠡᠷᠭᠡ᠎ᠪᠠᠷ ᠴᠢᠬᠤᠯᠠᠴᠢᠯᠠᠬᠤ ᠵᠢ ᠪᠠᠷᠢᠮᠲᠠᠯᠠᠵᠤ᠂ ᠡᠳᠦᠷ ᠲᠤᠳᠤᠮ᠎ᠤᠨ ᠲᠣᠭᠤᠷᠢᠨ ᠪᠠᠢ᠌ᠴᠠᠭ᠋ᠠᠯᠲᠠ ᠪᠠ ᠲᠦᠷᠦ ᠵᠢᠨ ᠪᠤᠳᠤᠯᠭ᠎ᠠ ᠵᠢᠨ ᠤᠬᠠᠭᠤᠯᠭ᠎ᠠ ᠵᠢ ᠵᠡᠷᠭᠡ᠎ᠪᠠᠷ ᠬᠢᠬᠦ᠂ ᠬᠠᠤᠯᠢ ᠬᠡᠷᠡᠭᠵᠢᠭᠦᠯᠵᠦ ᠬᠡᠷᠡᠭ ᠰᠢᠢ᠍ᠳᠪᠦᠷᠢᠯᠡᠬᠦ ᠪᠠ ᠲᠤᠬᠠᠶ᠋ᠢᠯᠠᠭᠰᠠᠨ ᠠᠵᠢᠯ᠎ᠤᠨ ᠵᠢᠯᠤᠭᠤᠳᠤᠯᠭ᠎ᠠ ᠵᠢ ᠵᠡᠷᠭᠡ᠎ᠪᠠᠷ ᠶᠠᠪᠤᠭᠳᠠᠭᠤᠯᠬᠤ᠂ ᠬᠠᠤᠯᠢ᠎ᠠᠴᠠ ᠵᠥᠷᠢᠴᠡᠭᠰᠡᠨ᠎ᠳᠤ ᠴᠣᠬᠢᠯᠲᠠ ᠥᠭᠬᠦ ᠪᠠ ᠵᠢᠷᠤᠮᠵᠢᠭᠰᠠᠨ ᠡᠵᠡᠩᠨᠡᠯᠲᠡ ᠵᠢ ᠵᠡᠷᠭᠡ᠎ᠪᠠᠷ ᠠᠬᠢᠭᠤᠯᠬᠤ 《ᠭᠤᠷᠪᠠ ᠵᠢ ᠵᠡᠷᠭᠡ᠎ᠪᠠᠷ ᠶᠠᠪᠤᠭᠳᠠᠭᠤᠯᠬᠤ 》 ᠠᠵᠢᠯ᠎ᠤᠨ ᠠᠷᠭ᠎ᠠ ᠵᠢ ᠬᠡᠷᠡᠭᠵᠢᠭᠦᠯᠵᠦ᠂ ᠨᠡᠩ ᠤᠯᠠᠨ ᠬᠤᠳᠠᠯᠳᠤᠭ᠋ᠠᠴᠢᠨ ᠡᠷᠦᠬᠡ ᠵᠢᠨ ᠬᠤᠳᠠᠯᠳᠤᠭ᠎ᠠ ᠡᠵᠡᠩᠨᠡᠬᠦ ᠰᠠᠶ᠋ᠢᠨ ᠰᠠᠶ᠋ᠢᠬᠠᠨ ᠣᠷᠴᠢᠨ ᠨᠥᠬᠦᠴᠡᠯ᠎ᠤᠨ ᠳᠤᠮᠳᠠ ᠲᠣᠭᠲᠠᠭᠤᠨ ᠵᠶ᠋ᠠᠷ ᠤᠷᠤᠭᠰᠢᠯᠠᠬᠤ᠎ᠳᠤ ᠬᠦᠴᠦᠨ ᠨᠡᠮᠡᠷᠢᠯᠡᠵᠦ ᠪᠠᠶ᠋ᠢᠨ᠎ᠠ᠃