ᠨᠢᠭᠡ᠂ ᠦᠨᠳᠦᠰᠦᠨ ᠪᠠᠶ᠋ᠢᠳᠠᠯ
2025 ᠣᠨ᠎ᠤ 1 — 4 ᠳ᠋ᠦ᠍ᠭᠡᠷ ᠰᠠᠷ᠎ᠠ ᠪᠣᠯᠲᠠᠯ᠎ᠠ᠂ ᠥᠪᠥᠷ ᠮᠣᠩᠭᠤᠯ᠎ᠤᠨ ᠪᠥᠬᠦ ᠤᠯᠤᠰ᠎ᠤᠨ 12315 ᠲᠠᠪᠴᠠᠩ᠎ᠨᠢ ᠬᠡᠷᠡᠭᠯᠡᠭᠴᠢᠳ᠎ᠤᠨ ᠵᠠᠭ᠋ᠠᠯᠳᠤᠯᠭ᠎ᠠ᠂ ᠢᠯᠡᠴᠢᠯᠡᠨ ᠮᠡᠳᠡᠭᠦᠯᠦᠯᠲᠡ᠂ ᠠᠰᠠᠭᠣᠨ ᠯᠠᠪᠯᠠᠯᠲᠠ ᠵᠢ ᠨᠡᠶ᠋ᠢᠲᠡ 120081 ᠬᠤᠪᠢ ᠭᠥᠯᠢᠶᠡᠨ ᠠᠪᠴᠤ᠂ ᠠᠳᠠᠯᠢ ᠬᠤᠭᠤᠴᠠᠭ᠋ᠠᠨ᠎ᠤ᠎ᠬᠢ᠎ᠠᠴᠠ 2.76%᠎ᠪᠠᠷ ᠨᠡᠮᠡᠭᠳᠡᠪᠡ᠃ ᠡᠭᠦᠨ᠎ᠳᠤ᠂ ᠵᠠᠭ᠋ᠠᠯᠳᠤᠯᠭ᠎ᠠ 48729 ᠬᠤᠪᠢ ᠪᠠᠶ᠋ᠢᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 3.22%᠎ᠪᠠᠷ ᠨᠡᠮᠡᠭᠳᠡᠪᠡ᠂ ᠢᠯᠡᠴᠢᠯᠡᠨ ᠮᠡᠳᠡᠭᠦᠯᠣᠯᠲᠡ 11482 ᠬᠤᠪᠢ ᠪᠠᠢ᠌ᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 10.00%᠎ᠪᠠᠷ ᠨᠡᠮᠡᠭᠳᠡᠪᠡ᠂ ᠠᠰᠠᠭᠣᠨ ᠯᠠᠪᠯᠠᠯᠲᠠ 59870 ᠬᠤᠪᠢ ᠪᠠᠢ᠌ᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 1.11%᠎ᠪᠠᠷ ᠨᠡᠮᠡᠭᠳᠡᠪᠡ᠃ ᠵᠠᠭ᠋ᠠᠯᠳᠣᠯᠭ᠎ᠠ ᠢᠯᠡᠴᠢᠯᠡᠨ ᠮᠡᠳᠡᠭᠦᠯᠦᠯᠲᠡ ᠨᠡᠢ᠌ᠲᠡ 53948 ᠬᠤᠪᠢ ᠵᠢ ᠰᠢᠢ᠍ᠳᠪᠦᠷᠢᠯᠡᠨ ᠳᠠᠭᠣᠰᠬᠠᠵᠦ᠂ ᠰᠢᠢ᠍ᠳᠪᠦᠷᠢᠯᠡᠨ ᠳᠠᠭᠣᠰᠬᠠᠭᠰᠠᠨ ᠨᠣᠷᠮ᠎ᠠ᠎ᠨᠢ 89.60%᠎ᠳᠤ ᠬᠦᠷᠪᠡ᠂ ᠮᠠᠷᠭᠣᠭ᠋ᠠᠨᠳᠤ ᠬᠣᠯᠪᠣᠭᠳᠠᠭᠰᠠᠨ ᠵᠣᠭᠣᠰᠣᠨ᠎ᠤ ᠲᠣᠭ᠎ᠠ᠎ᠨᠢ 5455 ᠲᠦᠮᠡᠨ ᠲᠦᠭᠦᠷᠢᠭ ᠪᠠᠢ᠌ᠵᠦ᠂ ᠬᠡᠷᠡᠭᠯᠡᠭᠴᠢᠳ᠎ᠲᠤ 1540.18 ᠲᠦᠮᠡᠨ ᠲᠦᠭᠦᠷᠢᠭ᠎ᠤᠨ ᠠᠵᠦ ᠠᠬᠣᠢ ᠵᠢᠨ ᠬᠤᠬᠢᠷᠠᠯ᠎ᠢ ᠪᠤᠴᠠᠭ᠋ᠠᠨ ᠦᠭᠴᠠᠢ᠃
2025 ᠣᠨ᠎ᠤ 4 ᠳ᠋ᠦ᠍ᠭᠡᠷ ᠰᠠᠷ᠎ᠠ᠎ᠳᠤ᠂ ᠥᠪᠥᠷ ᠮᠣᠩᠭᠤᠯ᠎ᠤᠨ ᠪᠥᠬᠦ ᠤᠯᠤᠰ᠎ᠤᠨ 12315 ᠲᠠᠪᠴᠠᠩ᠎ᠨᠢ ᠬᠡᠷᠡᠭᠯᠡᠭᠴᠢᠳ᠎ᠤᠨ ᠵᠠᠭ᠋ᠠᠯᠳᠤᠯᠭ᠎ᠠ᠂ ᠢᠯᠡᠴᠢᠯᠡᠨ ᠮᠡᠳᠡᠭᠦᠯᠦᠯᠲᠡ᠂ ᠠᠰᠠᠭᠣᠨ ᠯᠠᠪᠯᠠᠯᠲᠠ ᠵᠢ ᠨᠡᠶ᠋ᠢᠲᠡ 36235 ᠬᠤᠪᠢ ᠭᠥᠯᠢᠶᠡᠨ ᠠᠪᠴᠤ ᠂ ᠠᠳᠠᠯᠢ ᠬᠤᠭᠤᠴᠠᠭ᠋ᠠᠨ᠎ᠤ᠎ᠬᠢ᠎ᠠᠴᠠ 21.30%᠎ᠪᠠᠷ ᠨᠡᠮᠡᠭᠳᠡᠪᠡ᠂ ᠳᠡᠭᠡᠷ᠎ᠡ ᠰᠠᠷ᠎ᠠ ᠵᠢᠨ ᠠᠳᠠᠯᠢ ᠬᠣᠭᠣᠴᠠᠭ᠋ᠠᠨᠤᠬᠢᠠᠴᠠ 0.74%᠎ᠪᠠᠷ ᠨᠡᠮᠡᠭᠳᠡᠪᠡ᠃ ᠡᠭᠦᠨ᠎ᠳᠤ ᠵᠠᠭ᠋ᠠᠯᠳᠤᠯᠭ᠎ᠠ 14147 ᠬᠤᠪᠢ ᠪᠠᠶ᠋ᠢᠵᠤ᠂ ᠶᠡᠷᠦᠩᠬᠡᠶ ᠬᠡᠮᠵᠢᠶᠡᠨ᠎ᠤ 39.04% ᠵᠢ ᠡᠵᠡᠯᠡᠵᠦ ᠂ ᠢᠯᠡᠴᠢᠯᠡᠨ ᠮᠡᠳᠡᠭᠦᠯᠣᠯᠲᠡ 3553 ᠬᠤᠪᠢ ᠪᠠᠢ᠌ᠵᠦ᠂ ᠶᠡᠷᠦᠩᠬᠡᠶ ᠬᠡᠮᠵᠢᠶᠡᠨ᠎ᠤ 9.81% ᠵᠢ ᠡᠵᠡᠯᠡᠵᠦ ᠂ ᠠᠰᠠᠭᠣᠨ ᠯᠠᠪᠯᠠᠯᠲᠠ 18535 ᠬᠤᠪᠢ ᠪᠠᠢ᠌ᠵᠦ᠂ ᠶᠡᠷᠣᠩᠬᠡᠢ ᠬᠡᠮᠵᠢᠶᠡᠨ᠎ᠤ 51.15% ᠵᠢ ᠡᠵᠡᠯᠡᠪᠡ᠃
2025 ᠣᠨ᠎ᠤ 4 ᠳ᠋ᠦ᠍ᠭᠡᠷ ᠰᠠᠷ᠎ᠠ ᠵᠢᠨ ᠪᠥᠬᠦ ᠣᠷᠣᠨ᠎ᠤ 12315 ᠵᠠᠭ᠋ᠠᠯᠳᠤᠯᠭ᠎ᠠ ᠢᠯᠡᠴᠢᠯᠡᠨ ᠮᠡᠳᠡᠭᠦᠯᠣᠯᠲᠡ ᠪᠠ ᠠᠰᠠᠭᠤᠨ ᠯᠠᠪᠯᠠᠯᠲᠠ ᠵᠢᠨ ᠬᠡᠮᠵᠢᠶ᠎ᠡ ᠵᠢᠨ ᠠᠳᠠᠯᠢ ᠬᠤᠭᠤᠴᠠᠭ᠋ᠠᠨ᠎ᠤ ᠬᠠᠷᠢᠴᠠᠭᠤᠯᠤᠯ᠎ᠤᠨ ᠵᠢᠷᠤᠭ᠄

ᠡᠯ᠎ᠡ ᠠᠶ᠋ᠢᠮᠠᠭ ᠬᠤᠲᠠ ᠵᠢᠨ ᠵᠠᠭ᠋ᠠᠯᠳᠣᠯᠭ᠎ᠠ ᠢᠯᠡᠴᠢᠯᠡᠨ ᠮᠡᠳᠡᠭᠦᠯᠣᠯᠲᠡ ᠠᠰᠠᠭᠣᠨ ᠯᠠᠪᠯᠠᠯᠲᠠ ᠵᠢᠨ ᠬᠡᠮᠵᠢᠶᠡᠨ᠎ᠤ ᠪᠦᠷᠢᠳᠬᠡᠯ᠎ᠤᠨ ᠬᠦᠰᠦᠨᠦᠭᠲᠦ ( ᠨᠢᠭᠡᠴᠢ ᠄ ᠬᠤᠪᠢ)

ᠵᠠᠭ᠋ᠠᠯᠳᠤᠯᠭ᠎ᠠ ᠢᠯᠡᠴᠢᠯᠡᠨ ᠮᠡᠳᠡᠭᠦᠯᠣᠯᠲᠡ ᠪᠠ ᠠᠰᠠᠭᠤᠨ ᠯᠠᠪᠯᠠᠯᠲᠠ ᠵᠢᠨ ᠬᠡᠮᠵᠢᠶ᠎ᠡ ᠡᠮᠤᠨ᠎ᠡ ᠭᠣᠷᠪᠠ᠎ᠳᠤ ᠵᠢᠭᠰᠠᠭ᠋ᠠᠭᠳᠠᠵᠤ ᠪᠠᠢ᠌ᠭ᠎ᠠ᠎ᠨᠢ ᠬᠥᠬᠡᠬᠤᠲᠠ ᠂ ᠪᠤᠭᠤᠲᠤ ᠬᠤᠳᠠ ᠂ ᠤᠯᠠᠭ᠋ᠠᠨᠬᠠᠳᠠ ᠬᠤᠳᠠ ᠪᠣᠯᠣᠨ᠎ᠠ᠃ ᠡᠯ᠎ᠡ ᠵᠦᠢ᠍ᠯ᠎ᠤᠨ ᠲᠤᠭ᠎ᠠ ᠪᠠᠷᠢᠮᠲᠠ᠎ᠳᠤ ᠂ ᠵᠠᠭ᠋ᠠᠯᠳᠣᠯᠭ᠎ᠠ ᠵᠢ ᠰᠢᠢ᠍ᠳᠪᠦᠷᠢᠯᠡᠵᠦ ᠳᠠᠭᠣᠰᠬᠠᠭᠰᠠᠨ ᠬᠡᠮᠵᠢᠶ᠎ᠡ᠂ ᠢᠯᠡᠴᠢᠯᠡᠨ ᠮᠡᠳᠡᠭᠦᠯᠦᠯᠲᠡ ᠵᠢ ᠰᠢᠢ᠍ᠳᠪᠦᠷᠢᠯᠡᠵᠦ ᠳᠠᠭᠣᠰᠬᠠᠭᠰᠠᠨ ᠬᠡᠮᠵᠢᠶ᠎ᠡ ᠡᠮᠤᠨ᠎ᠡ ᠭᠣᠷᠪᠠ᠎ᠳᠤ ᠵᠢᠭᠰᠠᠭ᠋ᠠᠭᠳᠠᠵᠤ ᠪᠠᠢ᠌ᠭ᠎ᠠ᠎ᠨᠢ ᠪᠦᠷ ᠬᠥᠬᠡᠬᠤᠲᠠ ᠂ ᠪᠤᠭᠤᠲᠤ ᠬᠤᠳᠠ ᠂ ᠤᠯᠠᠭ᠋ᠠᠨᠬᠠᠳᠠ ᠬᠤᠳᠠ ᠪᠣᠯᠣᠨ᠎ᠠ᠃
ᠬᠤᠶᠠᠷ᠂ ᠵᠠᠭ᠋ᠠᠯᠳᠣᠯᠭ᠎ᠠ ᠵᠢᠨ ᠪᠠᠶ᠋ᠢᠳᠠᠯ᠎ᠤᠨ ᠲᠤᠭ᠎ᠠ ᠪᠠᠷᠢᠮᠲᠠ ᠵᠢᠨ ᠪᠦᠷᠢᠳᠭᠡᠯ
4 ᠳ᠋ᠦ᠍ᠭᠡᠷ ᠰᠠᠷ᠎ᠠ᠎ᠳᠤ ᠬᠡᠷᠡᠭᠯᠡᠭᠴᠢᠳ᠎ᠤᠨ ᠵᠠᠭ᠋ᠠᠯᠳᠣᠯᠭ᠎ᠠ ᠵᠢ ᠬᠡᠷᠡᠭᠯᠡᠭᠴᠢᠳ᠎ᠤᠨ ᠵᠠᠭ᠋ᠠᠯᠳᠣᠯᠭ᠎ᠠ ᠵᠢ ᠨᠡᠢ᠌ᠲᠡ14147 ᠬᠦᠯᠢᠶᠡᠨ ᠠᠪᠴᠤ᠂ ᠠᠳᠠᠯᠢ ᠬᠤᠭᠤᠴᠠᠭ᠋ᠠᠨ᠎ᠤ᠎ᠬᠢ᠎ᠠᠴᠠ 23.12%᠎ᠪᠠᠷ ᠨᠡᠮᠡᠭᠳᠡᠪᠡ᠃ ᠡᠭᠦᠨ᠎ᠳᠤ᠂ ᠲᠠᠸᠠᠷ᠎ᠤᠨ ᠲᠥᠷᠥᠯ᠎ᠳᠤ ᠬᠤᠯᠪᠤᠭᠳᠠᠬᠤ᠎ᠨᠢ 8014 ᠬᠤᠪᠢ ᠪᠠᠢ᠌ᠵᠦ᠂ ᠦᠢ᠍ᠯᠡᠴᠢᠯᠡᠭᠡᠨ᠎ᠤ ᠲᠥᠷᠥᠯ᠎ᠳᠤ ᠬᠣᠯᠪᠣᠭᠳᠠᠬᠤ᠎ᠨᠢ 6133 ᠬᠤᠪᠢ ᠪᠠᠶ᠋ᠢᠪᠠ᠃ ᠮᠠᠷᠭᠣᠯᠳᠣᠭ᠋ᠠᠨᠳᠤ ᠬᠤᠯᠪᠣᠭᠳᠠᠭᠰᠠᠨ ᠵᠣᠭᠤᠰ᠎ᠤᠨ ᠲᠤᠭ᠎ᠠ᠎ᠨᠢ 1093.42 ᠲᠦᠮᠡᠨ ᠲᠥᠭᠦᠷᠢᠭ ᠪᠠᠶ᠋ᠢᠵᠤ᠂ ᠬᠡᠷᠡᠭᠯᠡᠭᠴᠢᠳ᠎ᠲᠤ 400.38 ᠲᠦᠮᠡᠨ ᠲᠥᠭᠦᠷᠢᠭ᠎ᠤᠨ ᠠᠵᠤ ᠠᠬᠤᠶ ᠵᠢᠨ ᠬᠤᠬᠢᠷᠠᠯ᠎ᠢ ᠡᠭᠡᠭᠦᠯᠦᠨ ᠠᠪᠴᠢᠷᠠᠵᠤ ᠥᠭᠴᠡᠶ᠃ 5 ᠳ᠋ᠤᠭ᠋ᠠᠷ ᠰᠠᠷ᠎ᠠ ᠵᠢᠨ 8᠎ᠤ ᠡᠳᠦᠷ ᠪᠣᠯᠲᠠᠯ᠎ᠠ 10685 ᠬᠤᠪᠢ ᠵᠢ ᠨᠢᠭᠡᠨᠲᠡ ᠰᠢᠢ᠍ᠳᠪᠦᠷᠢᠯᠡᠨ ᠳᠠᠭᠤᠰᠬᠠᠵᠤ᠂ ᠰᠢᠢ᠍ᠳᠪᠦᠷᠢᠯᠡᠵᠦ ᠳᠠᠭᠤᠰᠬᠠᠭᠰᠠᠨ ᠨᠣᠷᠮ᠎ᠠ᠎ᠨᠢ 75.53%᠎ᠳᠤ ᠬᠦᠷᠪᠡ᠃
ᠪᠣᠰᠣᠳᠴᠢ ᠴᠣᠭᠴᠠ ᠵᠢᠨ ᠲᠥᠷᠥᠯ ᠢᠯᠭ᠋ᠠᠯ ᠵᠶ᠋ᠠᠷ ᠬᠤᠪᠢᠶᠠᠷᠢᠯᠠᠪᠠᠯ ᠬᠦᠰᠦᠨᠦᠭᠲᠦ (ᠨᠢᠭᠡ) (ᠬᠣᠶᠠᠷ)᠎ᠠᠴᠠ ᠦᠵᠡ
(ᠨᠢᠭᠡ) ᠲᠠᠸᠠᠷ᠎ᠤᠨ ᠲᠥᠷᠥᠯ᠎ᠳᠤ ᠬᠤᠯᠪᠤᠭᠳᠠᠭᠰᠠᠨ


ᠲᠠᠸᠠᠷ᠎ᠤᠨ ᠲᠥᠷᠥᠯ᠎ᠤᠨ ᠵᠠᠭ᠋ᠠᠯᠳᠤᠯᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ 18.39%᠎ᠪᠠᠷ ᠨᠡᠮᠡᠭᠳᠡᠪᠡ ᠃ ᠵᠠᠭ᠋ᠠᠯᠳᠣᠯᠭ᠎ᠠ ᠵᠢᠨ ᠬᠡᠮᠵᠢᠶ᠎ᠡ ᠵᠢᠨ ᠡᠮᠦᠨ᠎ᠡ ᠲᠠᠪᠤᠨ ᠨᠡᠷᠡᠰ᠎ᠲᠤ ᠵᠢᠭᠰᠠᠭ᠋ᠠᠭᠳᠠᠭᠰᠠᠨ ᠲᠠᠸᠠᠷ᠎ᠤᠨ ᠶᠡᠭᠡ ᠲᠥᠷᠥᠯ᠎ᠳᠤ ᠳᠡᠰ ᠳᠠᠷᠠᠭ᠋ᠠᠯᠠᠨ ᠢᠳᠡᠭᠡᠨ᠂ ᠵᠠᠮ ᠬᠠᠷᠢᠯᠴᠠᠭ᠋ᠠᠨ᠎ᠤ ᠪᠠᠭ᠋ᠠᠵᠢ ᠂ ᠬᠤᠪᠴᠠᠰᠤ ᠬᠤᠨᠠᠷ ᠱᠠᠬᠠᠶ ᠮᠠᠯᠠᠭ᠋ᠠᠢ ᠂ ᠭᠡᠷ᠎ᠤᠨ ᠡᠳ᠋ᠯᠡᠯ ᠬᠡᠷᠡᠭᠰᠡᠯ᠂ ᠴᠢᠮᠡᠭᠡ ᠬᠤᠯᠪᠣᠭ᠋ᠠᠨ᠎ᠤ ᠦᠢ᠍ᠯᠡᠳᠬᠦᠨ ᠪᠤᠯᠤᠨ᠎ᠠ ᠃
ᠡᠮᠦᠨ᠎ᠡ ᠲᠠᠪᠣ᠎ᠳᠤ ᠵᠢᠭᠰᠠᠭ᠋ᠠᠭᠳᠠᠭᠰᠠᠨ ᠲᠠᠸᠠᠷ᠎ᠤᠨ ᠶᠡᠬᠡ ᠲᠦᠷᠦᠯ᠎ᠤᠨ ᠲᠠᠸᠠᠷ᠎ᠤᠨ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠳᠤ ᠡᠵᠡᠯᠡᠬᠦ ᠬᠠᠷᠢᠴᠠᠯ᠎ᠤᠨ ᠲᠣᠭᠣᠢ ᠬᠡᠯᠪᠡᠷᠢᠲᠣ ᠵᠢᠷᠣᠭ᠄

ᠵᠠᠭ᠋ᠠᠯᠳᠣᠯᠭ᠎ᠠ ᠵᠢᠨ ᠬᠡᠮᠵᠢᠶ᠎ᠡ ᠨᠢᠭᠡᠳᠦᠭᠡᠷ᠎ᠲᠤ ᠵᠢᠭᠰᠠᠭ᠋ᠠᠭᠳᠠᠵᠤ ᠪᠠᠢ᠌ᠭ᠎ᠠ ᠢᠳᠡᠭᠡᠨ 3971 ᠬᠤᠪᠢ ᠪᠠᠢ᠌ᠵᠦ᠂ ᠲᠠᠸᠠᠷ᠎ᠤᠨ ᠲᠦᠷᠦᠯ᠎ᠤᠨ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠤ 49.55% ᠵᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ᠂ ᠵᠠᠭ᠋ᠠᠯᠳᠣᠯᠭ᠎ᠠ ᠬᠠᠷᠢᠴᠠᠩᠭᠤᠢ ᠠᠷᠪᠢᠨ ᠲᠠᠸᠠᠷ ᠪᠤᠯ ᠡᠩ᠎ᠤᠨ ᠢᠳᠡᠭᠡᠨ 3024 ᠬᠤᠪᠢ ᠪᠠᠢ᠌ᠵᠦ᠂ ᠢᠳᠡᠭᠡᠨ᠎ᠤ ᠲᠠᠷᠢᠶᠠᠯᠠᠩ᠎ᠤᠨ ᠪᠦᠲᠦᠭᠡᠭᠳᠡᠭᠦᠨ 431 ᠬᠤᠪᠢ ᠪᠠᠢ᠌ᠵᠦ᠂ ᠠᠷᠢᠬᠢ ᠪᠠ ᠣᠮᠳᠠᠭ᠋ᠠᠨ 376 ᠬᠤᠪᠢ᠂ ᠨᠢᠯᠬ᠎ᠠ ᠬᠡᠦᠬᠡᠳ᠎ᠤᠨ ᠨᠠᠢ᠌ᠷᠠᠯᠭ᠎ᠠ᠎ᠲᠠᠢ ᠰᠦᠨ ᠲᠠᠯᠬ᠎ᠠ 81 ᠬᠤᠪᠢ᠂ ᠢᠳᠡᠭᠡᠨ᠎ᠤ ᠬᠣᠯᠪᠣᠭᠳᠠᠯ ᠪᠦᠬᠦᠢ ᠪᠦᠲᠦᠭᠡᠭᠳᠡᠬᠦᠨ 32 ᠬᠤᠪᠢ᠂ ᠡᠷᠡᠭᠦᠯᠵᠢᠯ᠎ᠤᠨ ᠢᠳᠡᠭᠡᠨ 26 ᠬᠤᠪᠢ᠂ ᠠᠨᠠᠭ᠋ᠠᠬᠤ ᠣᠬᠠᠭ᠋ᠠᠨ᠎ᠤ ᠲᠣᠰᠬᠠᠢ ᠬᠡᠷᠡᠭᠴᠡᠭᠡᠨ᠎ᠤ ᠨᠠᠢ᠌ᠷᠠᠯᠭ᠎ᠠ᠎ᠲᠠᠢ ᠢᠳᠡᠭᠡᠨ 1 ᠬᠤᠪᠢ ᠪᠤᠯᠤᠨ᠎ᠠ᠃
ᠵᠠᠭ᠋ᠠᠯᠳᠣᠯᠭ᠎ᠠ ᠵᠢᠨ ᠬᠡᠮᠵᠢᠶ᠎ᠡ ᠬᠤᠶᠠᠳᠤᠭ᠋ᠠᠷ ᠲᠤ ᠵᠢᠭᠰᠠᠭ᠋ᠠᠭᠳᠠᠵᠤ ᠪᠠᠢ᠌ᠭ᠎ᠠ ᠵᠠᠮ ᠬᠠᠷᠢᠯᠴᠠᠭ᠋ᠠᠨ᠎ᠤ ᠪᠠᠭ᠋ᠠᠵᠢ ᠬᠡᠷᠡᠭᠰᠡᠯ᠎ᠤᠨ ᠲᠥᠷᠥᠯ 663 ᠬᠤᠪᠢ ᠪᠠᠢ᠌ᠵᠦ ᠂ ᠲᠠᠸᠠᠷ᠎ᠤᠨ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠤ 8.27% ᠵᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ᠂ ᠮᠠᠰᠢᠨ ᠲᠡᠷᠭᠡ ᠪᠠ ᠮᠠᠰᠢᠨ ᠲᠡᠷᠭᠡᠨ᠎ᠤ ᠰᠡᠯᠪᠢᠭ ᠲᠣᠨᠤᠭ 532 ᠬᠤᠪᠢ᠂ ᠳᠤᠭᠤᠢ ᠲᠡᠷᠭᠡ ᠪᠠ ᠰᠡᠯᠪᠢᠭ ᠲᠣᠨᠤᠭ 69 ᠬᠤᠪᠢ᠂ ᠮᠣᠲ᠋ᠣᠷ ᠲᠡᠷᠭᠡ ᠪᠠ ᠲᠤᠰᠠᠯᠠᠬᠤ ᠬᠦᠴᠦᠨ᠎ᠤ ᠲᠡᠷᠭᠡ 62 ᠬᠤᠪᠢ ᠪᠠᠶ᠋ᠢᠪᠠ᠃
ᠵᠠᠭ᠋ᠠᠯᠳᠣᠯᠭ᠎ᠠ ᠵᠢᠨ ᠬᠡᠮᠵᠢᠶ᠎ᠡ ᠭᠤᠷᠪᠠᠳᠤᠭ᠋ᠠᠷ᠎ᠲᠤ ᠵᠢᠭᠰᠠᠭ᠋ᠠᠭᠳᠠᠵᠤ ᠪᠠᠢ᠌ᠭ᠎ᠠ᠎ᠨᠢ ᠬᠤᠪᠴᠠᠰᠤ ᠬᠤᠨᠠᠷ ᠱᠠᠬᠠᠶ ᠮᠠᠯᠠᠭ᠋ᠠᠢ ᠵᠢᠨ ᠲᠥᠷᠥᠯ 649 ᠪᠠᠶ᠋ᠢᠵᠤ᠂ ᠲᠠᠸᠠᠷ᠎ᠤᠨ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 8.10% ᠵᠢ ᠡᠵᠡᠯᠡᠪᠡ᠃ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ᠂ ᠵᠠᠭ᠋ᠠᠯᠲᠤᠯᠭᠠ ᠨᠡᠯᠢᠶᠡᠳ ᠠᠷᠪᠢᠨ ᠲᠠᠸᠠᠷ ᠭᠡᠪᠡᠯ ᠱᠠᠬᠠᠢ 266 ᠵᠠᠬ᠎ᠠ᠂ ᠭᠠᠳᠠᠷ ᠬᠤᠪᠴᠠᠰᠤ 135 ᠵᠠᠬ᠎ᠠ᠂ ᠥᠮᠥᠳᠥ 66 ᠵᠠᠬ᠎ᠠ ᠂ T ᠬᠡᠯᠪᠡᠷᠢ ᠵᠢᠨ ᠬᠠᠨᠲᠠᠭ᠋ᠠᠰᠣ 43 ᠵᠠᠬ᠎ᠠ ᠂ ᠦᠨᠳᠦᠰᠦᠲᠡᠨ᠎ᠤ ᠬᠤᠪᠴᠠᠰᠤ ᠵᠠᠰᠠᠯ 27 ᠵᠠᠬ᠎ᠠ᠂ ᠳᠣᠲᠣᠷ ᠬᠤᠪᠴᠠᠰᠤ 22 ᠵᠠᠬ᠎ᠠ᠂ ᠪᠠᠩᠵᠠᠯ 21 ᠵᠠᠬ᠎ᠠ᠂ ᠨᠣᠣᠰᠣᠨ ᠴᠠᠮᠴᠠ 18 ᠵᠠᠬ᠎ᠠ᠂ ᠳᠣᠲᠣᠷ ᠬᠠᠨᠳᠠᠭ᠋ᠠᠰᠤ 15 ᠵᠠᠬ᠎ᠠ᠂ ᠲᠠᠮᠢᠷ᠎ᠤᠨ ᠬᠤᠪᠴᠠᠰᠤ 11 ᠬᠤᠪᠢ᠂ ᠪᠤᠰᠤᠳ ᠵᠦᠢ᠍ᠯ᠎ᠤᠨ ᠵᠠᠭ᠋ᠠᠯᠳᠤᠯᠭ᠎ᠠ 25 ᠬᠤᠪᠢ ᠪᠠᠶ᠋ᠢᠪᠠ᠃
ᠵᠠᠭ᠋ᠠᠯᠳᠣᠯᠭ᠎ᠠ ᠵᠢᠨ ᠬᠡᠮᠵᠢᠶ᠎ᠡ ᠳᠦᠷᠪᠡᠳᠦᠭᠡᠷ᠎ᠲᠤ ᠵᠢᠭᠰᠠᠭ᠋ᠠᠭᠳᠠᠵᠤ ᠪᠠᠢ᠌ᠭ᠎ᠠ᠎ᠨᠢ ᠭᠡᠷ᠎ᠤᠨ ᠬᠡᠷᠡᠭᠰᠡᠯ᠎ᠤᠨ ᠲᠥᠷᠥᠯ ᠵᠦᠢ᠍ᠯ 415 ᠪᠠᠶ᠋ᠢᠵᠤ᠂ ᠲᠠᠸᠠᠷ᠎ᠤᠨ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 5.18% ᠵᠢ ᠡᠵᠡᠯᠡᠪᠡ ᠃ ᠲᠤᠰ ᠲᠥᠷᠥᠯ᠎ᠤᠨ ᠵᠠᠭ᠋ᠠᠯᠳᠤᠯᠭ᠎ᠠ ᠳᠤᠮᠳᠠ᠂ ᠭᠡᠷ᠎ᠤᠨ ᠬᠡᠷᠡᠭᠰᠡᠯ 184 ᠬᠤᠪᠢ᠂ ᠡᠳᠦᠷ ᠲᠤᠲᠤᠮ᠎ᠤᠨ ᠬᠡᠷᠡᠭᠯᠡᠭᠡᠨ᠎ᠤ ᠵᠦᠢ᠍ᠯ 57 ᠬᠤᠪᠢ᠂ ᠨᠢᠳᠦᠨ ᠰᠢᠯ 50 ᠬᠤᠪᠢ᠂ ᠲᠣᠭᠤᠭ᠋ᠠᠨ ᠭᠡᠷ᠎ᠤᠨ ᠬᠡᠷᠡᠭᠯᠡᠭᠡᠨ᠎ᠤ ᠵᠦᠢ᠍ᠯ 45 ᠬᠤᠪᠢ᠂ ᠣᠷᠣ ᠵᠢᠨ ᠬᠡᠷᠡᠭᠰᠡᠯ 23 ᠬᠤᠪᠢ᠂ ᠬᠠᠶ᠋ᠢᠷᠴᠠᠭ ᠪᠣᠭᠴᠣ 23 ᠬᠤᠪᠢ᠂ ᠴᠠᠭ 18 ᠬᠤᠪᠢ᠂ ᠠᠷᠢᠭᠤᠨ ᠴᠡᠪᠡᠷ᠎ᠤᠨ ᠬᠡᠷᠡᠭᠰᠡᠯ 14 ᠬᠤᠪᠢ᠂ ᠨᠡᠬᠡᠮᠡᠯ ᠡᠳ᠋ 1 ᠬᠤᠪᠢ ᠪᠠᠶ᠋ᠢᠪᠠ᠃
ᠵᠠᠭ᠋ᠠᠯᠳᠣᠯᠭ᠎ᠠ ᠵᠢᠨ ᠬᠡᠮᠵᠢᠶ᠎ᠡ ᠲᠠᠪᠣᠳᠣᠭ᠋ᠠᠷ᠎ᠲᠤ ᠵᠢᠭᠰᠠᠭ᠋ᠠᠭᠳᠠᠵᠤ ᠪᠠᠢ᠌ᠭ᠎ᠠ᠎ᠨᠢ ᠴᠢᠮᠡᠭᠡ ᠬᠤᠯᠪᠣᠭ᠋ᠠᠨ᠎ᠤ ᠦᠢ᠍ᠯᠡᠳᠬᠦᠨ᠎ᠤ ᠲᠥᠷᠥᠯ ᠵᠦᠢ᠍ᠯ 274 ᠪᠠᠶ᠋ᠢᠵᠤ᠂ ᠲᠠᠸᠠᠷ᠎ᠤᠨ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠤ 3.42%᠎ᠢ ᠡᠵᠡᠯᠡᠪᠡ᠃ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ᠂ ᠰᠢᠯᠵᠢᠮᠡᠯ ᠤᠲᠠᠰᠤ ᠪᠠ ᠰᠡᠯᠪᠢᠭ ᠲᠣᠨᠤᠭ 249 ᠬᠤᠪᠢ᠂ ᠶᠠᠷᠢᠯᠴᠠᠭᠤᠷ ᠮᠠᠰᠢᠨ 2 ᠬᠤᠪᠢ᠂ ᠪᠤᠰᠤᠳ ᠴᠢᠮᠡᠭᠡ ᠬᠤᠯᠪᠣᠭ᠋ᠠᠨ᠎ᠤ ᠦᠢ᠍ᠯᠡᠳᠬᠦᠨ 23 ᠬᠤᠪᠢ ᠪᠠᠶ᠋ᠢᠪᠠ᠃
ᠲᠠᠸᠠᠷ᠎ᠤᠨ ᠵᠠᠭ᠋ᠠᠯᠳᠤᠯᠭ᠎ᠠ ᠵᠢᠨ ᠬᠠᠯᠠᠮᠰᠢᠯ ᠴᠡᠭ᠎ᠤᠨ ᠡᠮᠤᠨ᠎ᠡ ᠠᠷᠪᠠᠨ ᠨᠡᠷᠡᠰ ᠨᠢ ᠡᠩ᠎ᠤᠨ ᠰᠠᠭᠣᠳᠠᠯ᠎ᠤᠨ ᠲᠡᠷᠭᠡ 399 ᠬᠤᠪᠢ᠂ ᠭᠠᠷ ᠤᠲᠠᠰᠤ 209 ᠬᠤᠪᠢ᠂ ᠠᠮᠤ ᠭᠤᠯᠢᠷ ᠵᠢᠴᠢ ᠲᠡᠭᠦᠨ᠎ᠤ ᠪᠦᠲᠦᠭᠡᠭᠳᠡᠬᠦᠨ (ᠥᠪᠡᠷᠲᠡᠭᠡᠨ ᠦᠢ᠍ᠯᠡᠳᠦᠭᠰᠡᠨ ) 189 ᠬᠤᠪᠢ᠂ ᠮᠢᠬᠠᠨ᠎ᠤ ᠪᠦᠲᠦᠭᠡᠭᠳᠡᠬᠦᠨ (ᠥᠪᠡᠷᠲᠡᠭᠡᠨ ᠦᠢ᠍ᠯᠡᠳᠦᠭᠰᠡᠨ ) 168 ᠬᠤᠪᠢ᠂ ᠲᠠᠮᠢᠷ᠎ᠤᠨ ᠱᠠᠬᠠᠢ 145 ᠬᠤᠪᠢ ᠂ ᠪᠣᠣᠪᠣ ᠪᠣᠭᠣᠷᠰᠣᠭ 129 ᠬᠤᠪᠢ᠂ ᠪᠣᠷᠴᠠ ᠵᠢᠨ ᠲᠦᠷᠦᠯ 114 ᠬᠤᠪᠢ ᠂ ᠣᠨᠴᠠᠭ᠋ᠠᠢ ᠬᠡᠷᠡᠭᠴᠡᠭᠡᠨ᠎ᠤ ᠪᠤᠰᠤ ᠭᠤᠶᠤᠯᠠᠯ᠎ᠤᠨ ᠡᠳ᠋ 111 ᠬᠤᠪᠢ᠂ ᠢᠰᠭᠡᠭᠰᠡᠨ ᠰᠦ 89 ᠬᠤᠪᠢ᠂ ᠪᠠᠺᠲ᠋ᠧᠷᠢ ᠤᠰᠠᠳᠬᠠᠭᠰᠠᠨ ᠰᠦ 84 ᠬᠤᠪᠢ (ᠬᠦᠯᠢᠶᠡᠨ ᠠᠪᠤᠭᠰᠠᠨ ᠬᠡᠮᠵᠢᠶ᠎ᠡ᠎ᠳᠠᠬᠢ ᠪᠤᠢ ᠪᠦᠬᠦᠢ 《ᠪᠤᠰᠤᠳ》᠎ᠨᠢ ᠨᠡᠷᠡᠰ᠎ᠤᠨ ᠵᠢᠭᠰᠠᠭ᠋ᠠᠯᠲᠠ᠎ᠳᠤ ᠪᠣᠳᠣᠵᠤ ᠣᠷᠣᠭᠤᠯᠤᠭᠰᠠᠨ ᠦᠭᠡᠢ) ᠪᠠᠶ᠋ᠢᠵᠤ᠂ ᠬᠤᠳᠠᠯᠳᠤᠭ᠋ᠠᠨ᠎ᠤ ᠲᠦᠷᠦᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 20.43% ᠵᠢ ᠡᠵᠡᠯᠡᠪᠡ᠃
(ᠬᠤᠶᠠᠷ) ᠦᠢ᠍ᠯᠡᠴᠢᠯᠡᠭᠡᠨ᠎ᠤ ᠲᠥᠷᠥᠯ᠎ᠳᠤ ᠬᠣᠯᠪᠣᠭᠳᠠᠭᠰᠠᠨ


ᠦᠢ᠍ᠯᠡᠴᠢᠯᠡᠭᠡᠨ᠎ᠤ ᠲᠥᠷᠥᠯ᠎ᠤᠨ ᠵᠠᠭ᠋ᠠᠯᠳᠤᠯᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ 29.91%᠎ᠪᠠᠷ ᠨᠡᠮᠡᠭᠳᠡᠵᠦ᠂ ᠵᠠᠭ᠋ᠠᠯᠳᠤᠯᠭ᠎ᠠ ᠵᠢᠨ ᠬᠡᠮᠵᠢᠶᠡᠨ᠎ᠤ ᠡᠮᠦᠨ᠎ᠡ ᠲᠠᠪᠣ᠎ᠳᠤ ᠵᠢᠭᠰᠠᠭ᠋ᠠᠭᠳᠠᠭᠰᠠᠨ ᠳᠠᠷᠠᠭ᠋ᠠᠯᠠᠯ᠎ᠨᠢ ᠭᠡᠪᠡᠯ ᠪᠣᠷᠣᠯᠠᠭᠣᠯᠭ᠎ᠠ ᠵᠢᠨ ᠦᠢ᠍ᠯᠡᠴᠢᠯᠡᠭᠡ᠂ ᠢᠳᠡᠭᠡᠨ ᠤᠮᠳᠠᠭ᠋ᠠᠨ ᠪᠠ ᠬᠤᠨᠤᠭ ᠪᠠᠭᠣᠳᠠᠯ᠎ᠤᠨ ᠦᠢ᠍ᠯᠡᠴᠢᠯᠡᠭᠡ᠂ ᠵᠢᠰᠦ ᠭᠤᠶᠣᠯᠠᠵᠤ ᠦᠰᠦ ᠵᠠᠰᠠᠬᠤ ᠪᠡᠶ᠎ᠡ ᠣᠬᠢᠶᠠᠬᠤ ᠦᠢ᠍ᠯᠡᠴᠢᠯᠡᠭᠡ᠂ ᠬᠥᠮᠦᠵᠢᠯ ᠪᠣᠯᠪᠠᠰᠣᠷᠠᠯ᠎ᠤᠨ ᠦᠢ᠍ᠯᠡᠴᠢᠯᠡᠭᠡ᠂ ᠰᠣᠶᠣᠯ ᠵᠤᠭ᠎ᠠ ᠴᠡᠩᠭᠡᠯ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠪᠣᠯᠣᠨ᠎ᠠ᠃
ᠡᠮᠦᠨ᠎ᠡ ᠲᠠᠪᠣ᠎ᠳᠤ ᠵᠢᠭᠰᠠᠭ᠋ᠠᠭᠳᠠᠭᠰᠠᠨ ᠦᠢ᠍ᠯᠡᠴᠢᠯᠡᠭᠡᠨ᠎ᠤ ᠶᠡᠭᠡ ᠲᠥᠷᠥᠯ᠎ᠤᠨ ᠦᠢ᠍ᠯᠡᠴᠢᠯᠡᠭᠡᠨ᠎ᠤ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠳᠤ ᠡᠵᠡᠯᠡᠬᠦ ᠬᠠᠷᠢᠴᠠᠯ᠎ᠤᠨ ᠲᠤᠭᠤᠢ ᠬᠡᠯᠪᠡᠷᠢᠲᠤ ᠵᠢᠷᠤᠭ᠄

ᠵᠠᠭ᠋ᠠᠯᠳᠤᠯᠭ᠎ᠠ ᠵᠢᠨ ᠬᠡᠮᠵᠢᠶ᠎ᠡ ᠨᠢᠭᠡᠳᠦᠭᠡᠷ᠎ᠲᠤ ᠵᠢᠭᠰᠠᠭ᠋ᠠᠭᠳᠠᠵᠤ ᠪᠠᠶ᠋ᠢᠭ᠎ᠠ ᠪᠣᠷᠤᠯᠠᠭᠤᠯᠭ᠎ᠠ ᠵᠢᠨ ᠦᠢ᠍ᠯᠡᠴᠢᠯᠡᠭᠡ 1520 ᠬᠤᠪᠢ ᠪᠠᠶ᠋ᠢᠵᠤ᠂ ᠦᠢ᠍ᠯᠡᠴᠢᠯᠡᠭᠡᠨ᠎ᠤ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 24.78% ᠵᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ ᠂ ᠤᠷᠢᠳᠴᠢᠯᠠᠨ ᠥᠭᠬᠦ ᠺᠠᠷᠲ᠎ᠤᠨ ᠦᠢ᠍ᠯᠡᠴᠢᠯᠡᠭᠡ 820 ᠬᠤᠪᠢ᠂ ᠵᠢᠵᠢᠭᠯᠡᠨ ᠬᠤᠳᠠᠯᠳᠤᠬᠤ ᠦᠢ᠍ᠯᠡᠴᠢᠯᠡᠭᠡ 276 ᠬᠤᠪᠢ᠂ ᠢᠨᠲ᠋ᠧᠷ ᠰᠦᠯᠵᠢᠶᠡᠨ᠎ᠤ ᠰᠢᠭᠤᠳ ᠪᠣᠷᠣᠯᠠᠭᠤᠯᠬᠤ ᠦᠢ᠍ᠯᠡᠴᠢᠯᠡᠭᠡ 154 ᠬᠤᠪᠢ᠂ ᠵᠠᠬᠢᠶᠠᠯᠠᠨ ᠬᠤᠳᠠᠯᠳᠤᠨ ᠠᠪᠬᠤ ᠦᠢ᠍ᠯᠡᠴᠢᠯᠡᠭᠡ 41 ᠬᠤᠪᠢ᠂ ᠤᠷᠢᠳᠴᠢᠯᠠᠨ ᠬᠤᠳᠠᠯᠳᠤᠬᠤ ᠦᠢ᠍ᠯᠡᠴᠢᠯᠡᠭᠡ 30 ᠬᠤᠪᠢ ᠂ ᠱᠠᠩᠨᠠᠯ᠎ᠲᠠᠢ ᠡᠵᠡᠩᠨᠡᠨ ᠪᠣᠷᠣᠯᠠᠭᠤᠯᠬᠤ ᠦᠢ᠍ᠯᠡᠴᠢᠯᠡᠭᠡ 18 ᠬᠤᠪᠢ᠂ ᠬᠠᠷᠠᠭ᠋ᠠᠯᠵᠠᠯ᠎ᠲᠠᠢ ᠺᠠᠷᠲ ᠪᠣᠷᠣᠯᠠᠭᠤᠯᠬᠤ ᠦᠢ᠍ᠯᠡᠴᠢᠯᠡᠭᠡ 17 ᠬᠤᠪᠢ᠂ ᠪᠠᠷᠠᠭ᠎ᠠ ᠰᠣᠯᠢᠯᠴᠠᠬᠤ ᠠᠷᠠᠯᠵᠢᠶᠠᠨ᠎ᠤ ᠦᠢ᠍ᠯᠡᠴᠢᠯᠡᠭᠡ 10 ᠬᠤᠪᠢ᠂ ᠪᠤᠰᠤᠳ ᠪᠣᠷᠣᠯᠠᠭᠤᠯᠭ᠎ᠠ ᠵᠢᠨ ᠦᠢ᠍ᠯᠡᠴᠢᠯᠡᠭᠡ 154 ᠬᠤᠪᠢ ᠪᠤᠢ᠃
ᠵᠠᠭ᠋ᠠᠯᠳᠤᠯᠭ᠎ᠠ ᠵᠢᠨ ᠬᠡᠮᠵᠢᠶ᠎ᠡ ᠬᠣᠶᠠᠳᠣᠭ᠋ᠠᠷ᠎ᠲᠤ ᠵᠢᠭᠰᠠᠭ᠋ᠠᠭᠳᠠᠵᠤ ᠪᠠᠶ᠋ᠢᠭ᠎ᠠ ᠢᠳᠡᠭᠡᠨ ᠤᠮᠳᠠᠭ᠋ᠠᠨ ᠪᠠ ᠬᠤᠨᠤᠭ ᠪᠠᠭᠣᠳᠠᠯ᠎ᠤᠨ ᠦᠢ᠍ᠯᠡᠴᠢᠯᠡᠭᠡ 1258 ᠬᠤᠪᠢ ᠪᠠᠶ᠋ᠢᠵᠤ᠂ ᠦᠢ᠍ᠯᠡᠴᠢᠯᠡᠭᠡᠨ᠎ᠤ ᠲᠦᠷᠦᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 20.51% ᠵᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ ᠂ ᠢᠳᠡᠭᠡᠨ ᠤᠮᠳᠠᠭ᠋ᠠᠨ᠎ᠤ ᠦᠢ᠍ᠯᠡᠴᠢᠯᠡᠭᠡ 946 ᠬᠤᠪᠢ᠂ ᠬᠤᠨᠤᠭ ᠪᠠᠭᠣᠳᠠᠯ᠎ᠤᠨ ᠦᠢ᠍ᠯᠡᠴᠢᠯᠡᠭᠡ 312 ᠬᠤᠪᠢ ᠪᠤᠢ᠃
ᠵᠠᠭ᠋ᠠᠯᠳᠤᠯᠭ᠎ᠠ ᠵᠢᠨ ᠬᠡᠮᠵᠢᠶ᠎ᠡ ᠭᠣᠷᠪᠠᠳᠣᠭ᠋ᠠᠷ᠎ᠲᠤ ᠵᠢᠭᠰᠠᠭ᠋ᠠᠭᠳᠠᠵᠤ ᠪᠠᠶ᠋ᠢᠭ᠎ᠠ ᠵᠢᠰᠦ ᠭᠤᠶᠣᠯᠠᠵᠤ ᠦᠰᠦ ᠵᠠᠰᠠᠬᠤ ᠪᠡᠶ᠎ᠡ ᠣᠬᠢᠶᠠᠬᠤ ᠦᠢ᠍ᠯᠡᠴᠢᠯᠡᠭᠡ 535 ᠬᠤᠪᠢ ᠪᠠᠶ᠋ᠢᠵᠤ᠂ ᠦᠢ᠍ᠯᠡᠴᠢᠯᠡᠭᠡᠨ᠎ᠤ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 8.72%᠎ᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ᠂ ᠵᠢᠰᠦ ᠭᠤᠶᠣᠯᠠᠵᠤ ᠦᠰᠦ ᠵᠠᠰᠠᠬᠤ ᠦᠢ᠍ᠯᠡᠴᠢᠯᠡᠭᠡ 353 ᠬᠤᠪᠢ᠂ ᠪᠡᠶ᠎ᠡ ᠣᠬᠢᠶᠠᠵᠦ ᠢᠯᠢᠬᠦ ᠨᠤᠬᠤᠯᠠᠬᠤ ᠦᠢ᠍ᠯᠡᠴᠢᠯᠡᠭᠡ 182 ᠬᠤᠪᠢ ᠪᠠᠶ᠋ᠢᠪᠠ᠃
ᠵᠠᠭ᠋ᠠᠯᠳᠤᠯᠭ᠎ᠠ ᠵᠢᠨ ᠬᠡᠮᠵᠢᠶ᠎ᠡ ᠳᠦᠷᠪᠡᠳᠦᠭᠡᠷ᠎ᠲᠤ ᠵᠢᠭᠰᠠᠭ᠋ᠠᠭᠳᠠᠵᠤ ᠪᠠᠶ᠋ᠢᠭ᠎ᠠ ᠬᠥᠮᠦᠵᠢᠯ ᠪᠣᠯᠪᠠᠰᠣᠷᠠᠯ᠎ᠤᠨ ᠦᠢ᠍ᠯᠡᠴᠢᠯᠡᠭᠡ 383 ᠬᠤᠪᠢ ᠪᠠᠶ᠋ᠢᠵᠤ᠂ ᠦᠢ᠍ᠯᠡᠴᠢᠯᠡᠭᠡᠨ᠎ᠤ ᠲᠦᠷᠦᠯ᠎ᠤᠨ ᠵᠠᠭ᠋ᠠᠯᠳᠤᠯᠭ᠎ᠠ ᠵᠢᠨ ᠶᠡᠷᠦᠩᠬᠡᠢ ᠬᠡᠮᠵᠢᠶᠡᠨ᠎ᠤ 6.24% ᠵᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ ᠂ ᠤᠷ᠎ᠠ ᠴᠢᠳᠠᠪᠤᠷᠢ ᠵᠢᠨ ᠪᠣᠯᠪᠠᠰᠣᠷᠠᠯ᠎ᠤᠨ ᠦᠢ᠍ᠯᠡᠴᠢᠯᠡᠭᠡ 282 ᠬᠤᠪᠢ᠂ ᠳᠡᠭᠡᠳᠦ ᠵᠡᠷᠭᠡ ᠵᠢᠨ ᠰᠤᠷᠭ᠋ᠠᠨ ᠬᠥᠮᠥᠵᠢᠯ᠎ᠤᠨ ᠦᠢ᠍ᠯᠡᠴᠢᠯᠡᠭᠡ 60 ᠬᠤᠪᠢ᠂ ᠠᠩᠬ᠎ᠠ ᠵᠡᠷᠭᠡ ᠵᠢᠨ ᠰᠤᠷᠭ᠋ᠠᠨ ᠬᠥᠮᠥᠵᠢᠯ᠎ᠤᠨ ᠦᠢ᠍ᠯᠡᠴᠢᠯᠡᠭᠡ 31 ᠬᠤᠪᠢ᠂ ᠳᠤᠮᠳᠠ ᠵᠡᠷᠭᠡ ᠵᠢᠨ ᠰᠤᠷᠭ᠋ᠠᠨ ᠬᠥᠮᠥᠵᠢᠯ᠎ᠤᠨ ᠦᠢ᠍ᠯᠡᠴᠢᠯᠡᠭᠡ 10 ᠬᠤᠪᠢ ᠪᠠᠶ᠋ᠢᠪᠠ᠃
ᠵᠠᠭ᠋ᠠᠯᠳᠤᠯᠭ᠎ᠠ ᠵᠢᠨ ᠬᠡᠮᠵᠢᠶ᠎ᠡ ᠲᠠᠪᠣᠳᠣᠭ᠋ᠠᠷ᠎ᠲᠤ ᠵᠢᠭᠰᠠᠭ᠋ᠠᠭᠳᠠᠵᠤ ᠪᠠᠶ᠋ᠢᠭ᠎ᠠ ᠰᠣᠶᠣᠯ ᠵᠤᠭ᠎ᠠ ᠴᠡᠩᠭᠡᠯ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ 354 ᠬᠤᠪᠢ ᠪᠠᠶ᠋ᠢᠵᠤ᠂ ᠦᠢ᠍ᠯᠡᠴᠢᠯᠡᠭᠡᠨ᠎ᠤ ᠲᠥᠷᠥᠯ᠎ᠤᠨ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠤ 5.77% ᠵᠢ ᠡᠵᠡᠯᠡᠪᠡ᠃ ᠲᠤᠰ ᠲᠦᠷᠦᠯ᠎ᠤᠨ ᠵᠠᠭ᠋ᠠᠯᠳᠣᠯᠭ᠎ᠠ ᠳᠣᠮᠳᠠ ᠂ ᠪᠡᠶ᠎ᠡ ᠴᠢᠭᠢᠷᠠᠭᠵᠢᠭᠤᠯᠬᠤ ᠦᠢ᠍ᠯᠡᠴᠢᠯᠡᠭᠡ 135 ᠬᠤᠪᠢ᠂ ᠲᠣᠭᠤᠷᠢᠨ ᠦᠵᠡᠬᠦ ᠵᠤᠭ᠎ᠠ ᠴᠡᠩᠭᠡᠯ᠎ᠤᠨ ᠦᠢ᠍ᠯᠡᠴᠢᠯᠡᠭᠡ 123 ᠬᠤᠪᠢ᠂ ᠲᠣᠭᠯᠠᠯᠲᠠ ᠤᠷᠠᠯᠢᠭ᠎ᠤᠨ ᠦᠢ᠍ᠯᠡᠴᠢᠯᠡᠭᠡ 58 ᠬᠤᠪᠢ᠂ ᠺᠢᠨᠣ᠋ ᠭᠠᠷᠭ᠋ᠠᠬᠤ ᠦᠢ᠍ᠯᠡᠴᠢᠯᠡᠭᠡ 26 ᠬᠤᠪᠢ᠂ ᠮᠦᠷᠦᠢ᠎ᠲᠠᠢ ᠲᠣᠭᠯᠠᠭ᠋ᠠᠮ ᠱᠠᠩᠨᠠᠯᠲᠤ ᠲᠡᠮᠳᠡᠭ᠎ᠤᠨ ᠦᠢ᠍ᠯᠡᠴᠢᠯᠡᠭᠡ 7 ᠬᠤᠪᠢ᠂ ᠨᠣᠮ᠎ᠤᠨ ᠰᠠᠩ᠎ᠤᠨ ᠳᠠᠩᠰᠠ ᠡᠪᠬᠡᠮᠡᠯ᠎ᠤᠨ ᠣᠷᠳᠣᠨ᠎ᠤ ᠦᠢ᠍ᠯᠡᠴᠢᠯᠡᠭᠡ 5 ᠬᠤᠪᠢ ᠪᠠᠢ᠌ᠪᠠ ᠃
ᠦᠢ᠍ᠯᠡᠴᠢᠯᠡᠭᠡᠨ᠎ᠤ ᠵᠠᠭ᠋ᠠᠯᠳᠤᠯᠭ᠎ᠠ ᠵᠢᠨ ᠬᠠᠯᠠᠮᠰᠢᠯ ᠴᠡᠭ᠎ᠤᠨ ᠡᠮᠦᠨ᠎ᠡ ᠠᠷᠪᠠᠨ ᠨᠡᠷᠡᠰ ᠨᠢ ᠤᠷᠢᠳᠴᠢᠯᠠᠨ ᠥᠭᠬᠦ ᠺᠠᠷᠲ᠎ᠤᠨ ᠦᠢ᠍ᠯᠡᠴᠢᠯᠡᠭᠡ 820 ᠬᠤᠪᠢ ᠂ ᠬᠤᠭᠤᠯᠠᠨ ᠭᠡᠷ᠎ᠤᠨ ᠦᠢ᠍ᠯᠡᠴᠢᠯᠡᠭᠡ 542 ᠬᠤᠪᠢ᠂ ᠬᠤᠨᠤᠭ ᠪᠠᠭᠤᠳᠠᠯ᠎ᠤᠨ ᠦᠢ᠍ᠯᠡᠴᠢᠯᠡᠭᠡ 291 ᠬᠤᠪᠢ᠂ ᠵᠢᠵᠢᠭᠯᠡᠨ ᠬᠤᠳᠠᠯᠳᠤᠬᠤ ᠦᠢ᠍ᠯᠡᠴᠢᠯᠡᠭᠡ 276 ᠬᠤᠪᠢ᠂ ᠢᠨᠲ᠋ᠧᠷ ᠰᠦᠯᠵᠢᠶᠡᠨ᠎ᠤ ᠰᠢᠭᠤᠳ ᠪᠣᠷᠣᠯᠠᠭᠤᠯᠬᠤ ᠦᠢ᠍ᠯᠡᠴᠢᠯᠡᠭᠡ 154 ᠬᠤᠪᠢ᠂ ᠨᠢᠭᠤᠷ ᠭᠤᠸᠠᠵᠢᠭᠣᠯᠣᠯᠲᠠ 114 ᠬᠤᠪᠢ ᠂ ᠮᠠᠰᠢᠨ ᠲᠡᠷᠭᠡ ᠰᠡᠯᠪᠢᠨ ᠵᠠᠰᠠᠬᠤ ᠦᠢ᠍ᠯᠡᠴᠢᠯᠡᠭᠡ 110 ᠬᠤᠪᠢ ᠂ ᠵᠢᠵᠢᠭ ᠢᠳᠡᠭᠡᠨ᠎ᠤ ᠳᠡᠯᠭᠡᠭᠦᠷ᠎ᠤᠨ ᠦᠢ᠍ᠯᠡᠴᠢᠯᠡᠭᠡ 81 ᠬᠤᠪᠢ᠂ ᠢᠯᠢᠵᠦ ᠨᠣᠬᠣᠯᠠᠬᠤ ᠦᠢ᠍ᠯᠡᠴᠢᠯᠡᠭᠡ 74 ᠬᠤᠪᠢ᠂ ᠭᠠᠷ ᠣᠲᠠᠰᠣ ᠰᠡᠯᠪᠢᠨ ᠵᠠᠰᠠᠬᠤ ᠦᠢ᠍ᠯᠡᠴᠢᠯᠡᠭᠡ 73 ᠬᠤᠪᠢ᠂ (ᠭᠥᠯᠢᠶᠡᠨ ᠠᠪᠤᠭᠰᠠᠨ ᠬᠡᠮᠵᠢᠶ᠎ᠡ᠎ᠳᠠᠬᠢ ᠠᠯᠢᠪᠠ ᠪᠤᠢ ᠪᠦᠬᠦᠢ 《ᠪᠤᠰᠤᠳ》᠎ᠢ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠬᠤ ᠦᠭᠡᠶ)᠂ ᠨᠡᠢ᠌ᠲᠡ ᠦᠢ᠍ᠯᠡᠴᠢᠯᠡᠭᠡ᠂ ᠲᠦᠷᠦᠯ᠎ᠤᠨ ᠵᠠᠭ᠋ᠠᠯᠳᠤᠯᠭ᠎ᠠ ᠵᠢᠨ ᠶᠡᠷᠦᠩᠬᠡᠶ ᠬᠡᠮᠵᠢᠶᠡᠨ᠎ᠤ 41.33% ᠵᠢ ᠡᠵᠡᠯᠡᠪᠡ᠃
ᠭᠤᠷᠪᠠ᠂ ᠢᠯᠡᠴᠢᠯᠡᠨ ᠮᠡᠳᠡᠭᠦᠯᠣᠯᠲᠡ ᠵᠢᠨ ᠪᠠᠶ᠋ᠢᠳᠠᠯ᠎ᠤᠨ ᠲᠤᠭ᠎ᠠ ᠪᠠᠷᠢᠮᠲᠠ ᠵᠢᠨ ᠪᠦᠷᠢᠳᠬᠡᠯ
4 ᠳ᠋ᠦ᠍ᠭᠡᠷ ᠰᠠᠷ᠎ᠠ᠎ᠳᠤ ᠢᠯᠡᠴᠢᠯᠡᠨ ᠮᠡᠳᠡᠭᠦᠯᠦᠯᠲᠡ ᠵᠢ 3553 ᠬᠤᠪᠢ ᠭᠥᠯᠢᠶᠡᠨ ᠠᠪᠴᠤ᠂ ᠠᠳᠠᠯᠢ ᠬᠤᠭᠤᠴᠠᠭ᠋ᠠᠨ᠎ᠤ᠎ᠬᠢ᠎ᠠᠴᠠ 29.29%᠎ᠪᠠᠷ ᠨᠡᠮᠡᠭᠳᠡᠪᠡ᠃ ᠡᠭᠦᠨ᠎ᠳᠤ᠂ ᠲᠠᠸᠠᠷ᠎ᠤᠨ ᠲᠥᠷᠥᠯ᠎ᠳᠤ ᠬᠤᠯᠪᠤᠭᠳᠠᠬᠤ 2192 ᠬᠤᠪᠢ᠂ ᠦᠢ᠍ᠯᠡᠴᠢᠯᠡᠭᠡᠨ᠎ᠤ ᠲᠥᠷᠥᠯ᠎ᠳᠤ ᠬᠤᠯᠪᠤᠭᠳᠠᠬᠤ 1361 ᠬᠤᠪᠢ ᠪᠣᠯᠣᠨ᠎ᠠ ᠃ 5 ᠳ᠋ᠤᠭ᠋ᠠᠷ ᠰᠠᠷ᠎ᠠ ᠵᠢᠨ 8᠎ᠤ ᠡᠳᠦᠷ ᠪᠣᠯᠲᠠᠯ᠎ᠠ ᠨᠡᠶ᠋ᠢᠲᠡ 2570 ᠬᠤᠪᠢ ᠵᠢ᠎ᠨᠢ ᠰᠢᠢ᠍ᠳᠪᠦᠷᠢᠯᠡᠨ ᠳᠠᠭᠣᠰᠬᠠᠪᠠ᠃
ᠢᠯᠡᠴᠢᠯᠡᠨ ᠮᠡᠳᠡᠭᠦᠯᠣᠯᠲᠡ ᠵᠢ ᠬᠦᠯᠢᠶᠡᠨ ᠠᠪᠤᠭᠰᠠᠨ ᠬᠡᠮᠵᠢᠶ᠎ᠡ᠎ᠨᠢ ᠡᠮᠦᠨ᠎ᠡ ᠲᠠᠪᠣ᠎ᠳᠤ ᠵᠢᠭᠰᠠᠭ᠋ᠠᠭᠳᠠᠵᠤ ᠪᠠᠢ᠌ᠭ᠎ᠠ ᠲᠠᠸᠠᠷ᠂ ᠦᠢ᠍ᠯᠡᠴᠢᠯᠡᠭᠡᠨ᠎ᠤ ᠲᠥᠷᠥᠯ ᠬᠤᠪᠢᠶᠠᠭᠰᠠᠨ ᠬᠦᠰᠦᠨᠦᠭᠲᠦ᠄

ᠲᠠᠸᠠᠷ᠎ᠤᠨ ᠲᠥᠷᠥᠯ᠎ᠤᠨ ᠢᠯᠡᠴᠢᠯᠡᠨ ᠮᠡᠳᠡᠭᠦᠯᠦᠯᠲᠡ ᠵᠢᠨ ᠬᠠᠮᠤᠭ ᠠᠷᠪᠢᠨ ᠨᠢ ᠢᠳᠡᠭᠡᠨ᠎ᠤ ᠲᠥᠷᠥᠯ 1367 ᠪᠠᠶ᠋ᠢᠵᠤ᠂ ᠲᠠᠸᠠᠷ᠎ᠤᠨ ᠲᠥᠷᠥᠯ᠎ᠤᠨ ᠢᠯᠡᠴᠢᠯᠡᠨ ᠮᠡᠳᠡᠭᠦᠯᠦᠯᠲᠡ ᠵᠢᠨ ᠶᠡᠷᠦᠩᠬᠡᠶ ᠬᠡᠮᠵᠢᠶᠡᠨ᠎ᠤ 62.36% ᠵᠢ ᠡᠵᠡᠯᠡᠪᠡ᠃ ᠢᠯᠡᠴᠢᠯᠡᠨ ᠮᠡᠳᠡᠭᠦᠯᠦᠯᠲᠡ᠎ᠨᠢ ᠭᠤᠤᠯᠳᠠᠭᠤ ᠡᠩ᠎ᠤᠨ ᠢᠳᠡᠭᠡᠨ᠂ ᠠᠷᠢᠬᠢ ᠪᠣᠯᠤᠨ ᠤᠮᠳᠠᠭ᠋ᠠᠨ᠂ ᠢᠳᠡᠭᠡᠨ᠎ᠤ ᠲᠠᠷᠢᠶᠠᠯᠠᠩ᠎ᠤᠨ ᠪᠦᠲᠦᠭᠡᠭᠳᠡᠬᠦᠨ ᠵᠡᠷᠭᠡ᠎ᠳᠤ ᠬᠤᠯᠪᠣᠭᠳᠠᠵᠤ᠂ ᠢᠯᠵᠠᠷᠠᠵᠦ ᠴᠢᠨᠠᠷ ᠬᠤᠪᠢᠷᠠᠭᠰᠠᠨ ᠂ ᠸᠠᠯᠠᠵᠦ ᠬᠣᠷᠣᠬᠠᠢ᠌ᠲᠠᠭᠰᠠᠨ᠂ ᠪᠤᠵᠠᠷ ᠪᠤᠷᠲᠠᠭ ᠴᠡᠪᠡᠷ ᠪᠤᠰᠤ᠂ ᠡᠯᠳᠡᠪ ᠵᠦᠢ᠍ᠯ᠎ᠤᠨ ᠪᠣᠳᠠᠰ᠎ᠢ ᠬᠤᠯᠢᠭᠰᠠᠨ ᠂ ᠣᠨᠳᠣᠣ ᠶᠠᠭᠣᠮ᠎ᠠ ᠬᠣᠯᠢᠬᠤ ᠬᠠᠭᠤᠷᠮᠠᠭ ᠡᠳ᠋ ᠬᠣᠯᠢᠭᠰᠠᠨ ᠪᠤᠶᠤ ᠰᠡᠷᠡᠯ᠎ᠤᠨ ᠡᠷᠬᠡᠲᠡᠨ᠎ᠤ ᠰᠢᠨᠵᠢ ᠪᠠᠢ᠌ᠳᠠᠯ᠎ᠨᠢ ᠬᠡᠪ᠎ᠤᠨ ᠪᠤᠰᠤ ᠪᠣᠯᠣᠭᠰᠠᠨ ᠢᠳᠡᠭᠡᠨ᠎ᠤ ᠵᠦᠢ᠍ᠯ᠂ ᠦᠨ᠎ᠡ ᠬᠠᠩᠰᠢ᠂ ᠲᠠᠸᠠᠷ᠎ᠤᠨ ᠲᠡᠮᠳᠡᠭ᠂ ᠵᠠᠷ ᠮᠡᠳᠡᠭᠡ ᠂ ᠵᠢᠩ ᠯᠠᠩ ᠳᠤᠲᠠᠭᠳᠠᠬᠤ ᠵᠡᠷᠭᠡ ᠠᠰᠠᠭᠤᠳᠠᠯ ᠵᠶ᠋ᠠᠷ ᠭᠤᠤᠯ ᠪᠣᠯᠭ᠋ᠠᠨ᠎ᠠ᠃ ᠪᠤᠰᠤᠳ ᠢᠯᠡᠴᠢᠯᠡᠨ ᠮᠡᠳᠡᠭᠦᠯᠦᠯᠲᠡ ᠨᠡᠯᠢᠶᠡᠳ ᠠᠷᠪᠢᠨ ᠪᠠᠢ᠌ᠭ᠎ᠠ ᠲᠠᠸᠠᠷ᠎ᠲᠤ ᠡᠳᠦᠷ ᠲᠤᠳᠤᠮ᠎ᠤᠨ ᠬᠡᠷᠡᠭᠯᠡᠭᠡᠨ᠎ᠤ ᠵᠦᠢ᠍ᠯ ᠂ ᠤᠨᠴᠠᠭ᠋ᠠᠢ ᠪᠤᠰᠤ ᠬᠡᠷᠡᠭᠯᠡᠭᠡᠨ᠎ᠤ ᠵᠠᠰᠠᠯ ᠴᠢᠮᠡᠭ᠎ᠤᠨ ᠡᠳ᠋᠂ ᠲᠠᠸᠠᠷ᠎ᠤᠨ ᠭᠡᠷ ᠪᠠᠶ᠋ᠢᠰᠢᠩ᠂ ᠬᠢᠲᠠᠳ ᠨᠠᠢ᠌ᠷᠠᠯᠭ᠎ᠠ ᠵᠢᠨ ᠡᠮ᠂ ᠮᠠᠰᠢᠨ ᠲᠡᠷᠭᠡ ᠵᠢᠴᠢ ᠮᠠᠰᠢᠨ ᠲᠡᠷᠭᠡᠨ᠎ᠤ ᠰᠡᠯᠪᠢᠭ ᠲᠣᠨᠤᠭ ᠵᠡᠷᠭᠡ ᠵᠢ ᠪᠠᠭᠲᠠᠭ᠋ᠠᠵᠤ᠂ ᠭᠤᠣᠯᠳᠠᠭᠤ ᠶᠠᠰᠤ ᠴᠢᠨᠠᠷ᠂ ᠦᠨ᠎ᠡ ᠬᠠᠩᠰᠢ ᠂ ᠦᠨᠡᠮᠯᠡᠯ ᠦᠭᠡᠢ᠎ᠪᠠᠷ ᠡᠵᠡᠩᠨᠡᠬᠦ᠂ 《ᠭᠤᠷᠪᠠ ᠦᠭᠡᠢ》᠂ ᠬᠤᠳᠠᠯ ᠬᠠᠭᠤᠷᠮᠠᠭ ᠳᠠᠩᠰᠠᠯᠠᠭᠤᠯᠤᠭᠰᠠᠨ ᠲᠠᠸᠠᠷ᠎ᠤᠨ ᠲᠡᠮᠳᠡᠭ᠂ ᠬᠠᠤᠯᠢ᠎ᠠᠴᠠ ᠵᠥᠷᠢᠴᠡᠭᠰᠡᠨ ᠵᠠᠷ ᠮᠡᠳᠡᠭᠡ ᠵᠡᠷᠭᠡ ᠠᠰᠠᠭᠤᠳᠠᠯ᠎ᠳᠤ ᠬᠤᠯᠪᠣᠭᠳᠠᠵᠠᠶ᠃
ᠦᠢ᠍ᠯᠡᠴᠢᠯᠡᠭᠡᠨ᠎ᠤ ᠲᠥᠷᠥᠯ᠎ᠤᠨ ᠢᠯᠡᠴᠢᠯᠡᠨ ᠮᠡᠳᠡᠭᠦᠯᠤᠯᠲᠡ ᠵᠢᠨ ᠬᠠᠮᠤᠭ ᠠᠷᠪᠢᠨ᠎ᠨᠢ ᠵᠢᠰᠦ ᠭᠣᠶᠣᠯᠠᠵᠦ ᠦᠰᠦ ᠵᠠᠰᠠᠵᠦ ᠪᠡᠶ᠎ᠡ ᠣᠬᠢᠶᠠᠬᠤ ᠦᠢ᠍ᠯᠡᠴᠢᠯᠡᠭᠡ 350 ᠬᠤᠪᠢ ᠪᠠᠢ᠌ᠵᠦ᠂ ᠦᠢ᠍ᠯᠡᠴᠢᠯᠡᠭᠡᠨ᠎ᠤ ᠲᠦᠷᠦᠯ᠎ᠤᠨ ᠢᠯᠡᠴᠢᠯᠡᠨ ᠮᠡᠳᠡᠭᠦᠯᠦᠯᠲᠡ ᠵᠢᠨ ᠶᠡᠷᠣᠩᠬᠡᠢ ᠬᠡᠮᠵᠢᠶᠡᠨ᠎ᠤ 25.72%᠎ᠢ ᠡᠵᠡᠯᠡᠪᠡ᠃ ᠢᠯᠡᠴᠢᠯᠡᠨ ᠮᠡᠳᠡᠭᠦᠯᠦᠭᠰᠡᠨ ᠭᠤᠤᠯ ᠠᠰᠠᠭᠤᠳᠠᠯ᠎ᠨᠢ ᠵᠠᠷ ᠮᠡᠳᠡᠭᠡ ᠂ ᠦᠨ᠎ᠡ ᠬᠠᠩᠰᠢ᠂ ᠦᠨᠡᠮᠯᠡᠯ ᠦᠭᠡᠢ᠎ᠪᠠᠷ ᠡᠵᠡᠩᠨᠡᠬᠦ ᠵᠡᠷᠭᠡ ᠪᠣᠯᠣᠨ᠎ᠠ᠃ ᠪᠤᠰᠤᠳ ᠢᠯᠡᠴᠢᠯᠡᠨ ᠮᠡᠳᠡᠭᠦᠯᠤᠯᠲᠡ ᠬᠠᠷᠢᠴᠠᠩᠭᠤᠢ ᠠᠷᠪᠢᠨ ᠦᠢ᠍ᠯᠡᠴᠢᠯᠡᠭᠡᠨ᠎ᠢ ᠭᠤᠤᠯᠳᠠᠭᠤ ᠢᠳᠡᠭᠡᠨ ᠣᠮᠳᠠᠭ᠋ᠠᠨᠤ ᠦᠢ᠍ᠯᠡᠴᠢᠯᠡᠭᠡ᠂ ᠵᠢᠵᠢᠭᠯᠡᠨ ᠪᠣᠷᠣᠯᠠᠭᠣᠯᠬᠣ ᠦᠢ᠍ᠯᠡᠴᠢᠯᠡᠭᠡ᠂ ᠡᠮᠨᠡᠯᠭᠡ ᠵᠢᠨ ᠬᠤᠷᠢᠶᠠᠨ᠎ᠤ ᠦᠢ᠍ᠯᠡᠴᠢᠯᠡᠭᠡ᠂ ᠬᠤᠨᠣᠭᠯᠠᠬᠤ ᠦᠢ᠍ᠯᠡᠴᠢᠯᠡᠭᠡ᠂ ᠤᠷ᠎ᠠ ᠴᠢᠳᠠᠪᠤᠷᠢ ᠵᠢᠨ ᠪᠣᠯᠪᠠᠰᠤᠷᠠᠯ᠎ᠤᠨ ᠦᠢ᠍ᠯᠡᠴᠢᠯᠡᠭᠡ᠂ ᠢᠨᠲᠸᠷ ᠰᠦᠯᠵᠢᠶᠡᠨ᠎ᠤ ᠰᠢᠭᠣᠳ ᠪᠣᠷᠣᠯᠠᠭᠣᠯᠭ᠎ᠠ ᠵᠢᠨ ᠦᠢ᠍ᠯᠡᠴᠢᠯᠡᠭᠡ ᠵᠡᠷᠭᠡ᠎ᠳᠤ ᠬᠣᠯᠪᠣᠭᠳᠠᠵᠤ᠂ ᠭᠣᠣᠯ ᠠᠰᠠᠭᠣᠳᠠᠯ᠎ᠨᠢ ᠭᠤᠤᠯ ᠠᠰᠠᠭᠤᠳᠠᠯ᠎ᠨᠢ ᠦᠨᠡᠮᠯᠡᠯ ᠥᠬᠡᠶ᠎ᠪᠠᠷ ᠡᠵᠡᠩᠨᠡᠬᠦ᠂ ᠬᠤᠳᠠᠯ ᠬᠠᠭᠤᠷᠮᠠᠭ ᠵᠠᠷ ᠮᠡᠳᠡᠭᠡᠨ᠎ᠤ ᠤᠬᠠᠭᠤᠯᠭ᠎ᠠ᠂ ᠦᠢ᠍ᠯᠡᠴᠢᠯᠡᠭᠡᠨ᠎ᠤ ᠶᠠᠰᠤ ᠴᠢᠨᠠᠷ ᠪᠠᠷᠤᠭᠲᠠᠢ ᠪᠠ ᠬᠡᠷᠡᠭᠯᠡᠭᠴᠢᠳ᠎ᠢ ᠮᠡᠬᠡᠯᠡᠬᠦ ᠠᠵᠢᠯᠯᠠᠭ᠎ᠠ ᠪᠣᠯᠤᠨ᠎ᠠ᠃
ᠳᠥᠷᠪᠡ ᠂ ᠠᠰᠠᠭᠣᠨ ᠯᠠᠪᠯᠠᠯᠲᠠ ᠵᠢᠨ ᠪᠠᠶ᠋ᠢᠳᠠᠯ᠎ᠤᠨ ᠲᠤᠭ᠎ᠠ ᠪᠠᠷᠢᠮᠲᠠ ᠵᠢᠨ ᠪᠦᠷᠢᠳᠬᠡᠯ
4 ᠳ᠋ᠤᠭ᠋ᠠᠷ ᠰᠠᠷ᠎ᠠ᠎ᠳᠤ 18535 ᠬᠤᠪᠢ ᠠᠰᠠᠭᠤᠨ ᠯᠠᠪᠯᠠᠯᠲᠠ ᠵᠢ ᠭᠥᠯᠢᠶᠡᠨ ᠠᠪᠴᠤ᠂ ᠠᠳᠠᠯᠢ ᠬᠤᠭᠤᠴᠠᠭ᠋ᠠᠨ᠎ᠤ᠎ᠬᠢ᠎ᠠᠴᠠ 18.55%᠎ᠪᠠᠷ ᠪᠠᠭ᠋ᠠᠰᠴᠠᠶ᠂ ᠡᠭᠦᠨ᠎ᠳᠤ ᠬᠡᠷᠡᠭᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠮᠡᠳᠡᠯᠭᠡ᠎ᠲᠠᠢ ᠬᠤᠯᠪᠣᠭᠳᠠᠭᠰᠠᠨ 5841 ᠬᠤᠪᠢ ᠪᠠᠢ᠌ᠵᠦ ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠰᠢᠰᠲ᠋ᠧᠮ᠎ᠳᠤ ᠬᠤᠯᠪᠣᠭᠳᠠᠭᠰᠠᠨ 1073 ᠬᠤᠪᠢ᠂ ᠠᠰᠠᠭᠤᠨ ᠯᠠᠪᠯᠠᠯᠲᠠ ᠵᠢᠨ ᠬᠡᠮᠵᠢᠶ᠎ᠡ᠎ᠪᠠᠷ ᠨᠡᠯᠢᠶᠡᠳ ᠶᠡᠭᠡ ᠠᠰᠠᠭᠤᠳᠠᠯ᠎ᠨᠢ ᠲᠣᠰ ᠲᠣᠰ᠄ ᠢᠯᠡᠴᠢᠯᠡᠨ ᠮᠡᠳᠡᠭᠦᠯᠦᠯᠲᠡ ᠵᠠᠭ᠋ᠠᠯᠳᠣᠯᠭ᠎ᠠ 803 ᠬᠤᠪᠢ ᠵᠢ ᠰᠢᠢ᠍ᠳᠪᠦᠷᠢᠯᠡᠨ ᠳᠠᠭᠣᠰᠬᠠᠵᠦ ᠂ ᠰᠦᠯᠵᠢᠶᠡᠨ᠎ᠤ ᠠᠷᠠᠯᠵᠢᠶᠠᠨ᠎ᠤ ᠬᠢᠨᠠᠯᠲᠠ ᠬᠠᠮᠢᠶᠠᠷᠤᠯᠲᠠ 165 ᠬᠤᠪᠢ᠂ ᠵᠠᠬ᠎ᠠ ᠳᠡᠯᠭᠡᠭᠦᠷ᠎ᠤᠨ ᠭᠤᠤᠯ ᠴᠣᠭᠴᠠ ᠵᠢᠨ ᠳᠡᠩᠰᠡᠯᠡᠨ ᠲᠡᠮᠳᠡᠭᠯᠡᠭᠰᠡᠨ᠎ᠨᠢ 42 ᠬᠤᠪᠢ᠂ ᠦᠢ᠍ᠯᠡᠴᠢᠯᠡᠭᠡᠨ᠎ᠤ ᠬᠡᠷᠡᠭᠯᠡᠭᠡᠨ᠎ᠤ ᠬᠢᠨᠠᠯᠲᠠ ᠬᠠᠮᠢᠶᠠᠷᠤᠯᠲᠠ 16 ᠬᠤᠪᠢ᠂ ᠦᠢ᠍ᠯᠡᠳᠬᠦᠨ (ᠲᠠᠸᠠᠷ)᠎ᠤᠨ ᠶᠠᠰᠤ ᠴᠢᠨᠠᠷ 11 ᠬᠤᠪᠢ ᠂ ᠣᠨᠴᠠ ᠲᠦᠷᠦᠯ᠎ᠤᠨ ᠲᠦᠬᠦᠭᠡᠷᠦᠮᠵᠢ 8 ᠬᠤᠪᠢ ᠵᠡᠷᠭᠡ ᠪᠣᠯᠤᠨ᠎ᠠ᠂ ᠪᠤᠰᠤᠳ ᠰᠠᠯᠠᠭ᠎ᠠ ᠮᠥᠴᠢᠷ᠎ᠤᠨ ᠠᠰᠠᠭᠤᠨ ᠯᠠᠪᠯᠠᠯᠲᠠ᠎ᠳᠤ ᠬᠤᠯᠪᠣᠭᠳᠠᠭᠰᠠᠨ᠎ᠨᠢ ᠭᠤᠤᠯᠳᠠᠭᠤ ᠡᠷᠡᠭᠦᠯ ᠬᠠᠮᠠᠭ᠋ᠠᠯᠠᠯ᠂ ᠵᠢᠭᠤᠯᠴᠢᠯᠠᠯ᠂ ᠵᠠᠮ ᠬᠠᠷᠢᠯᠴᠠᠭ᠎ᠠ ᠲᠡᠭᠡᠭᠡᠪᠦᠷᠢ ᠵᠢᠨ ᠬᠠᠮᠢᠶᠠᠷᠤᠯᠲᠠ᠂ ᠰᠢᠤᠳᠠᠨ᠂ ᠳᠤᠯᠠᠭ᠋ᠠᠯᠠᠭ᠎ᠠ ᠬᠠᠩᠭ᠋ᠠᠬᠤ᠂ ᠤᠰᠤ ᠬᠠᠩᠭ᠋ᠠᠬᠤ᠂ ᠴᠠᠬᠢᠯᠭ᠋ᠠᠨ ᠬᠠᠩᠭ᠋ᠠᠬᠤ᠂ ᠠᠳᠠᠯ ᠠᠬᠤᠶ᠂ ᠬᠡᠷ ᠪᠠᠶ᠋ᠢᠰᠢᠩ ᠭᠠᠵᠠᠷ ᠬᠥᠷᠥᠩᠭᠡ ᠵᠡᠷᠭᠡ᠎ᠳᠤ ᠬᠤᠯᠪᠣᠭᠳᠠᠵᠠᠶ᠃
ᠲᠠᠶ᠋ᠢᠯᠪᠤᠷᠢ᠄ ᠳᠣᠰ ᠮᠠᠲᠠᠭᠦᠯᠣᠯᠲᠠ ᠵᠢᠨ ᠳᠣᠭ᠎ᠠ ᠪᠠᠷᠢᠮᠲᠠ ᠪᠤᠢ᠍ᠭᠦ ᠤᠯᠤᠰ᠎ᠤᠨ 12315 ᠲᠠᠪᠴᠠᠩ᠎ᠠᠴᠠ ᠡᠢ᠍ᠷᠠᠯᠲᠠ᠎ᠲᠠᠢ