ᠥᠲᠥᠨ ᠬᠤᠪᠴᠠᠰᠤ᠎ᠢ ᠬᠤᠪᠴᠠᠰᠤ ᠤᠬᠢᠶᠠᠬᠤ ᠮᠠᠰᠢᠨ ᠵᠶ᠋ᠠᠷ ᠤᠬᠢᠶᠠᠵᠤ ᠪᠣᠯᠣᠨ᠎ᠠ ᠤᠤ? ᠡᠨᠡ ᠬᠣᠶᠠᠷ ᠶᠠᠪᠤᠳᠠᠯ ᠲᠣᠩ ᠴᠢᠬᠤᠯᠠ! ᠤᠭᠢᠶᠠᠬᠤ᠎ᠠᠴᠠ ᠡᠮᠦᠨ᠎ᠡ ᠵᠠᠪᠠᠯ ᠠᠩᠬᠠᠷᠬᠤ ᠬᠡᠷᠡᠭᠲᠡᠢ᠃
2024-03-11

ᠬᠠᠪᠤᠷ᠎ᠤᠨ ᠠᠯᠬᠤᠭ᠎ᠠ ᠤᠯᠠᠮ᠎ᠠᠴᠠ ᠤᠯᠠᠮ ᠣᠶ᠋ᠢᠷᠠᠲᠤᠵᠤ᠂ ᠬᠥᠮᠥᠰ ᠵᠤᠵᠠᠭ᠋ᠠᠨ ᠥᠳᠥᠨ ᠬᠤᠪᠴᠠᠰᠤ᠎ᠪᠠᠨ ᠲᠠᠶ᠋ᠢᠯᠵᠤ ᠴᠡᠪᠡᠷᠯᠡᠨ ᠤᠬᠢᠶᠠᠭᠰᠠᠨ᠎ᠤ ᠳᠠᠷᠠᠭ᠎ᠠ ᠬᠤᠷᠢᠶᠠᠵᠤ ᠲᠠᠯᠪᠢᠬᠤ ᠪᠣᠯᠣᠭᠰᠠᠨ᠃ ᠥᠲᠥᠨ ᠬᠤᠪᠴᠠᠰᠤ ᠵᠢ ᠰᠢᠭᠤᠳ ᠬᠤᠪᠴᠠᠰᠤ ᠤᠬᠢᠶᠠᠨ ᠮᠠᠰᠢᠨ ᠵᠶ᠋ᠠᠷ ᠤᠬᠢᠶᠠᠵᠤ ᠪᠣᠯᠣᠨ᠎ᠠ ᠤᠤ? ᠥᠲᠥᠨ ᠬᠤᠪᠴᠠᠰᠤ ᠵᠢ ᠤᠬᠢᠶᠠᠬᠤ᠎ᠳᠤ ᠶᠠᠮᠠᠷ ᠠᠩᠬᠠᠷᠬᠤ ᠵᠦᠢ᠍ᠯ ᠪᠠᠶ᠋ᠢᠬᠤ ᠪᠤᠢ?

ᠳᠣᠣᠷ᠎ᠠ ᠪᠢᠳᠡ ᠬᠠᠮᠲᠤ ᠣᠢ᠌ᠯᠠᠭ᠋ᠠᠶ᠎ᠠ

ᠤᠬᠢᠶᠠᠬᠤ ᠮᠠᠰᠢᠨ ᠵᠶ᠋ᠠᠷ ᠥᠲᠥᠨ ᠬᠤᠪᠴᠠᠰᠤ ᠵᠢ ᠤᠬᠢᠶᠠᠪᠠᠯ ᠲᠡᠯᠪᠡᠷᠡᠵᠦ ᠮᠡᠳᠡᠨ᠎ᠡ

ᠡᠩ᠎ᠤᠨ ᠪᠠᠢ᠌ᠳᠠᠯ ᠳᠣᠣᠷ᠎ᠠ᠂ ᠥᠲᠥᠨ ᠬᠤᠪᠴᠠᠰᠤᠨ᠎ᠤ ᠳᠤᠯᠠᠭ᠋ᠠᠯᠠᠬᠤ ᠦᠷ᠎ᠡ ᠪᠦᠲᠦᠮᠵᠢ ᠵᠢ ᠨᠡᠮᠡᠭᠳᠡᠭᠦᠯᠬᠦ ᠵᠢᠨ ᠲᠥᠯᠥᠭᠡ᠂ ᠦᠷᠭᠦᠯᠵᠢ ᠳᠣᠲᠣᠷ ᠳᠠᠪᠬᠤᠷᠭ᠎ᠠ᠎ᠳᠤ᠎ᠨᠢ ᠤᠰᠤ ᠰᠡᠷᠭᠡᠢ᠌ᠯᠡᠬᠦ ᠲᠦᠷᠬᠢᠴᠡ᠎ᠲᠠᠢ ᠪᠠᠢ᠌ᠳᠠᠭ᠂ ᠢᠩᠭᠢᠪᠡᠯ ᠬᠤᠪᠴᠠᠰᠤᠨ᠎ᠤ ᠠᠭ᠋ᠠᠷ ᠨᠡᠪᠲᠡᠷᠡᠬᠦ ᠴᠢᠳᠠᠮᠵᠢ ᠵᠢ ᠪᠠᠭᠤᠷᠠᠭᠤᠯᠵᠤ᠂ ᠤᠰᠤᠨ᠎ᠳᠤ ᠳᠡᠪᠲᠦᠭᠡᠭᠳᠡᠭᠰᠡᠨ᠎ᠤ ᠳᠠᠷᠠᠭ᠎ᠠ ᠳᠣᠲᠣᠷᠠᠬᠢ ᠥᠳᠥ᠎ᠨᠢ ᠪᠥᠭᠡᠮᠨᠡᠷᠡᠵᠦ ᠶᠡᠬᠡ ᠬᠡᠪᠴᠢᠶᠡᠨ᠎ᠤ ᠵᠠᠢ ᠭᠠᠷᠴᠤ᠂ ᠥᠨᠳᠥᠷ ᠬᠤᠷᠳᠤᠴᠠ᠎ᠪᠠᠷ ᠰᠢᠪᠬᠠᠨ ᠬᠠᠲᠠᠭ᠋ᠠᠬᠤ ᠦᠶ᠎ᠡ᠎ᠳᠤ ᠤᠰᠤ ᠰᠣᠷᠣᠵᠤ ᠭᠦᠢ᠍ᠴᠡᠭᠰᠡᠨ ᠥᠳᠥ ᠲᠠᠰᠤᠷᠠᠯᠲᠠ ᠦᠭᠡᠢ ᠲᠡᠯᠡᠵᠦ᠂ ᠥᠲᠥᠨ ᠬᠤᠪᠴᠠᠰᠤ ᠳᠣᠲᠣᠷᠠᠬᠢ ᠠᠭ᠋ᠠᠷ᠎ᠨᠢ ᠰᠢᠬᠠᠭᠳᠠᠵᠤ᠂ ᠤᠰᠤ ᠰᠡᠷᠭᠡᠢ᠌ᠯᠡᠬᠦ ᠳᠠᠪᠬᠤᠷᠭ᠎ᠠ᠎ᠨᠢ ᠠᠭ᠋ᠠᠷ᠎ᠤᠨ ᠭᠠᠳᠠᠭᠰᠢᠯᠠᠬᠤ ᠵᠢ ᠬᠠᠷᠰᠢᠯᠠᠭᠰᠠᠨ᠎ᠠᠴᠠ ᠪᠣᠯᠵᠤ᠂ ᠥᠲᠥᠨ ᠬᠤᠪᠴᠠᠰᠤ᠎ᠨᠢ ᠲᠠᠰᠤᠷᠠᠯᠲᠠ ᠦᠭᠡᠢ ᠲᠡᠯᠡᠨ ᠶᠡᠬᠡᠰᠬᠡᠵᠦ᠂ ᠬᠤᠪᠴᠠᠰᠤ ᠤᠬᠢᠶᠠᠬᠤ ᠮᠠᠰᠢᠨ᠎ᠤ ᠳᠣᠲᠣᠷ ᠲᠦᠩᠰᠡ ᠵᠢ ᠳᠦᠭᠦᠷᠭᠡᠵᠦ ᠳᠡᠯᠪᠡᠷᠡᠵᠦ ᠮᠡᠳᠡᠨ᠎ᠡ᠃ ᠨᠢᠯᠦᠨ ᠪᠦᠰ ᠪᠣᠯᠤᠨ ᠥᠳᠥ᠎ᠨᠢ ᠲᠠᠰᠤᠷᠠᠯᠲᠠ ᠦᠭᠡᠢ ᠦᠷᠦᠯᠲᠡ ᠡᠭᠦᠰᠴᠦ ᠲᠠᠢ᠌ᠪᠤᠩ ᠴᠠᠬᠢᠯᠭ᠋ᠠᠨ ᠡᠭᠦᠰᠭᠡᠳᠡᠭ ᠪᠥᠭᠡᠳ ᠬᠤᠪᠴᠠᠰᠤ ᠤᠬᠢᠶᠠᠬᠤ ᠮᠠᠰᠢᠨ᠎ᠤ ᠳᠣᠲᠣᠭ᠋ᠠᠳᠤ ᠲᠦᠩᠰᠡᠨ᠎ᠤ ᠶᠡᠬᠡ ᠪᠠᠭ᠎ᠠ᠎ᠨᠢ ᠬᠢᠵᠠᠭ᠋ᠠᠷ᠎ᠲᠠᠢ᠎ᠠᠴᠠ ᠪᠣᠯᠵᠤ᠂ ᠠᠭ᠋ᠠᠷ᠎ᠤᠨ ᠳᠠᠷᠤᠯᠲᠠ᠎ᠨᠢ ᠵᠣᠬᠢᠬᠤ ᠬᠡᠮᠵᠢᠶᠡᠨ᠎ᠳᠤ ᠬᠦᠷᠦᠭᠰᠡᠨ᠎ᠤ ᠳᠠᠷᠠᠭ᠎ᠠ ᠳᠡᠯᠪᠡᠷᠡᠵᠦ ᠮᠡᠳᠡᠨ᠎ᠡ᠃ ᠡᠩ᠎ᠤᠨ ᠪᠠᠶ᠋ᠢᠲᠠᠯ᠎ᠳᠤ ᠡᠲᠠᠭᠡᠷ ᠨᠣᠢ᠍ᠭᠦᠴᠠᠯ ᠳᠣᠩ ᠠᠮᠠᠷᠬᠠᠨ ᠪᠦᠷᠢᠯᠳᠦᠵᠦ ᠴᠢᠲᠠᠬᠤ ᠣᠢ᠍ᠭᠡᠢ᠂ ᠡᠢ᠍ᠢ᠍ᠮᠤ᠎ᠠᠴᠠ ᠬᠡᠲᠦ ᠠᠶᠤᠭᠰᠠᠨ᠎ᠤ ᠴᠢᠬᠣᠯᠠ ᠣᠢ᠍ᠭᠡᠢ᠂ ᠬᠡᠲᠠᠯ᠎ᠠ ᠬᠡᠷᠰᠡᠦᠯᠡᠬᠦ ᠣᠢ᠍ᠭᠡᠢ ᠪᠤᠯ ᠠᠶᠣᠯ ᠲᠦᠭᠰᠢᠭᠦᠷᠢ ᠪᠠᠰᠠ ᠣᠷᠣᠰᠢᠵᠤ ᠪᠠᠢ᠍ᠢ᠍ᠲᠠᠭ᠃

ᠥᠳᠥᠨ ᠬᠤᠪᠴᠠᠰᠤ ᠵᠢ ᠳᠣᠣᠷᠠᠬᠢ ᠠᠷᠭ᠎ᠠ᠎ᠪᠠᠷ ᠤᠬᠢᠶᠠᠵᠤ ᠪᠣᠯᠣᠨ᠎ᠠ

ᠥᠳᠥᠨ ᠬᠤᠪᠴᠠᠰᠤ ᠵᠢ ᠠᠶᠤᠯ ᠦᠭᠡᠢ᠎ᠪᠠᠷ ᠤᠬᠢᠶᠠᠶ᠎ᠠ ᠭᠡᠪᠡᠯ ᠡᠷᠬᠡᠪᠰᠢ ᠦᠢ᠍ᠯᠡᠳᠬᠦᠨ᠎ᠤ ᠲᠣᠳᠣᠷᠬᠠᠢ᠍ᠯᠠᠯᠲᠠ ᠪᠠ ᠬᠤᠪᠴᠠᠰᠤᠨ᠎ᠤ ᠱᠣᠰᠢᠭ᠎ᠠ ᠲᠡᠮᠳᠡᠭ᠎ᠢ ᠨᠠᠷᠢᠨ ᠨᠢᠮᠪᠠᠢ ᠦᠵᠡᠬᠦ ᠬᠡᠷᠡᠭᠲᠡᠢ᠃

① ᠦᠢ᠍ᠯᠡᠳᠬᠦᠨ᠎ᠤ ᠲᠣᠳᠣᠷᠬᠠᠶ᠋ᠢᠯᠠᠯᠲᠠ ᠵᠢᠨ ᠪᠢᠴᠢᠭ᠎ᠢ ᠦᠵᠡᠬᠦ ᠬᠡᠷᠡᠭᠲᠡᠢ᠃ ᠣᠳᠣᠬᠠᠨ᠎ᠳᠤ᠂ ᠵᠠᠬ᠎ᠠ ᠳᠡᠯᠭᠡᠭᠦᠷ ᠳᠡᠭᠡᠷ᠎ᠡ ᠴᠥᠭᠡᠨ ᠪᠤᠰᠤ ᠥᠳᠥᠨ ᠬᠤᠪᠴᠠᠰᠤ ᠵᠢ ᠤᠬᠢᠶᠠᠬᠤ ᠴᠢᠳᠠᠮᠵᠢ ᠪᠥᠬᠥᠢ ᠬᠤᠪᠴᠠᠰᠤ ᠤᠬᠢᠶᠠᠬᠤ ᠮᠠᠰᠢᠨ ᠭᠠᠷᠴᠤ ᠢᠷᠡᠭᠰᠡᠨ ᠪᠠᠢ᠌ᠨ᠎ᠠ᠃ ᠡᠨᠡ ᠲᠥᠷᠥᠯ᠎ᠤᠨ ᠬᠤᠪᠴᠠᠰᠤ ᠤᠬᠢᠶᠠᠬᠤ ᠮᠠᠰᠢᠨ᠎ᠨᠢ ᠮᠢᠨᠦ᠋ᠲ ᠪᠦᠷᠢ 600 ᠪᠤᠶᠤ 800 ᠡᠷᠭᠢᠯᠲᠡ᠎ᠲᠠᠢ ᠳᠣᠣᠷ᠎ᠠ ᠡᠷᠭᠢᠯᠲᠡ ᠵᠢᠨ ᠬᠤᠷᠳᠤᠴᠠ ᠲᠣᠬᠢᠷᠠᠭᠤᠯᠵᠠᠢ᠂ ᠤᠬᠢᠶᠠᠬᠤ ᠫᠷᠣᠭ᠌ᠭ᠌ᠷᠠᠮ᠎ᠤᠨ ᠰᠣᠩᠭᠣᠯᠲᠠ᠎ᠠᠴᠠ ᠣᠯᠵᠤ ᠦᠵᠡᠵᠦ ᠪᠣᠯᠣᠨ᠎ᠠ᠃ ᠠᠩᠬᠠᠷᠬᠤ ᠴᠢᠬᠤᠯᠠ᠎ᠲᠠᠢ ᠵᠦᠢ᠍ᠯ ᠭᠡᠪᠡᠯ᠂ ᠠᠯᠢᠪᠠ ᠬᠤᠪᠴᠠᠰᠤ ᠤᠬᠢᠶᠠᠬᠤ ᠮᠠᠰᠢᠨ᠎ᠨᠢ ᠪᠦᠷ ᠳᠡᠯᠪᠡᠷᠡᠬᠦ ᠦᠵᠡᠭᠳᠡᠯ ᠭᠠᠷᠬᠤ ᠪᠢᠰᠢ᠂ ᠳᠡᠯᠪᠡᠷᠡᠯᠲᠡ ᠭᠠᠷᠤᠭᠰᠠᠨ᠎ᠨᠢ ᠣᠯᠠᠩᠬᠢ᠎ᠨᠢ ᠬᠠᠭᠤᠴᠢᠨ ᠮᠠᠶᠢᠭ᠎ᠤᠨ ᠬᠣᠣᠰ ᠭᠠᠩᠲᠤ ᠳᠣᠯᠭᠢᠶᠠᠨ ᠬᠦᠷᠳᠦᠲᠦ ᠬᠤᠪᠴᠠᠰᠤ ᠤᠬᠢᠶᠠᠬᠤ ᠮᠠᠰᠢᠨ ᠪᠣᠯᠤᠨ᠎ᠠ᠂ ᠬᠡᠷᠪᠡ ᠬᠤᠪᠴᠠᠰᠤ ᠤᠬᠢᠶᠠᠬᠤ ᠮᠠᠰᠢᠨ᠎ᠤ ᠲᠣᠳᠣᠷᠬᠠᠢ᠍ᠯᠠᠯᠲᠠ ᠵᠢᠨ ᠪᠢᠴᠢᠭ ᠳᠡᠭᠡᠷ᠎ᠡ 《ᠤᠰᠤ ᠰᠡᠷᠭᠡᠢ᠌ᠯᠡᠬᠦ ᠴᠢᠨᠠᠷᠲᠠᠢ ᠬᠤᠪᠴᠠᠰᠤ ᠤᠬᠢᠶᠠᠵᠤ ᠪᠣᠯᠬᠤ ᠦᠭᠡᠢ》 ᠭᠡᠵᠦ ᠲᠣᠳᠣᠷᠬᠠᠢ ᠰᠠᠨᠠᠭᠤᠯᠵᠤ ᠪᠠᠢ᠌ᠪᠠᠯ ᠲᠣᠰ ᠮᠠᠰᠢᠨ ᠵᠶ᠋ᠠᠷ ᠥᠳᠥᠨ ᠬᠤᠪᠴᠠᠰᠤ ᠵᠢ ᠤᠬᠢᠶᠠᠵᠤ ᠪᠣᠯᠬᠤ ᠦᠭᠡᠢ᠃

② ᠬᠤᠪᠴᠠᠰᠤ ᠬᠤᠨᠠᠷ᠎ᠤᠨ ᠱᠣᠰᠢᠭ᠎ᠠ ᠲᠡᠮᠳᠡᠭ ᠵᠢ ᠦᠵᠡᠬᠦ ᠬᠡᠷᠡᠭᠲᠡᠢ᠃ ᠵᠠᠷᠢᠮ ᠬᠤᠪᠴᠠᠰᠤ ᠬᠤᠨᠠᠷ᠎ᠤᠨ ᠱᠣᠰᠢᠭ᠎ᠠ ᠳᠡᠭᠡᠷ᠎ᠡ 《ᠡᠷᠭᠢᠯᠳᠦᠭᠦᠯᠦᠨ ᠰᠢᠪᠬᠠᠵᠤ ᠬᠠᠲᠠᠭ᠋ᠠᠵᠤ ᠪᠣᠯᠬᠤ ᠦᠭᠡᠢ》 ᠭᠡᠵᠦ ᠲᠣᠳᠣᠷᠬᠠᠢ ᠪᠢᠴᠢᠭᠰᠡᠨ ᠪᠠᠶ᠋ᠢᠳᠠᠭ᠂    ᠵᠠᠷᠢᠮ᠎ᠨᠢ 《ᠮᠠᠰᠢᠨ ᠵᠶ᠋ᠠᠷ ᠤᠬᠢᠶᠠᠵᠤ ᠪᠣᠯᠣᠨ᠎ᠠ》᠂ 《ᠳᠣᠣᠷ᠎ᠠ ᠬᠤᠷᠳᠤᠴᠠᠲᠤ ᠤᠰᠤ ᠬᠡᠷᠡᠭᠯᠡᠬᠦ ᠴᠢᠬᠤᠯᠠᠲᠠᠢ》 ᠭᠡᠵᠦ ᠲᠣᠳᠣᠷᠬᠠᠢ᠌ᠯᠠᠭᠰᠠᠨ ᠪᠠᠢ᠌ᠳᠠᠭ᠃ ᠡᠭᠦᠨ᠎ᠠᠴᠠ ᠭᠠᠳᠠᠨ᠎ᠠ᠂ ᠡᠷᠭᠢᠯᠳᠦᠭᠦᠯᠦᠨ ᠰᠢᠪᠬᠠᠨ ᠬᠠᠲᠠᠭ᠋ᠠᠬᠤ ᠦᠶ᠎ᠡ᠎ᠳᠤ ᠲᠣᠣᠷ ᠤᠭᠤᠲᠠᠨ᠎ᠳᠤ ᠥᠳᠥᠨ ᠬᠤᠪᠴᠠᠰᠤ᠎ᠪᠠᠨ ᠬᠢᠪᠡᠯ᠂ ᠲᠦᠷᠭᠡᠨ ᠬᠤᠷᠳᠤᠴᠠ᠎ᠪᠠᠷ ᠡᠷᠭᠢᠯᠳᠦᠬᠦ ᠦᠶ᠎ᠡ᠎ᠳᠤ ᠬᠣᠷᠣᠮᠬᠠᠨ ᠵᠠᠭᠤᠷ᠎ᠠ ᠵᠢᠨ ᠲᠡᠯᠡᠯᠲᠡ ᠡᠭᠦᠰᠬᠦ ᠵᠢ ᠰᠡᠷᠭᠡᠶ᠋ᠢᠯᠡᠵᠦ ᠴᠢᠳᠠᠳᠠᠭ᠃ ᠡᠭᠦᠨ᠎ᠠᠴᠠ ᠭᠠᠳᠠᠨ᠎ᠠ᠂ ᠬᠡᠳᠦᠨ ᠲᠣᠣᠷ ᠪᠥᠮᠪᠥᠭᠡ ᠪᠤᠶᠤ ᠪᠤᠰᠤᠳ ᠬᠠᠲᠠᠭᠤ ᠪᠥᠬᠡ ᠪᠥᠮᠪᠥᠭᠡ ᠵᠢ ᠥᠲᠥᠨ ᠬᠤᠪᠴᠠᠰᠤ᠎ᠳᠤ ᠬᠢᠵᠦ᠂ ᠮᠠᠰᠢᠨ ᠵᠶ᠋ᠠᠷ ᠤᠬᠢᠶᠠᠬᠤ ᠦᠶ᠎ᠡ᠎ᠳᠤ ᠪᠥᠮᠪᠥᠭᠡᠯᠢᠭ᠎ᠨᠢ ᠲᠠᠰᠤᠷᠠᠯᠲᠠ ᠦᠭᠡᠢ ᠪᠥᠮᠪᠥᠷᠢᠨ ᠥᠷᠥᠯᠲᠡ ᠡᠭᠦᠰᠴᠦ᠂ ᠥᠲᠥᠨ ᠬᠤᠪᠴᠠᠰᠤ ᠳᠣᠲᠣᠷᠠᠬᠢ ᠥᠳᠥ᠎ᠨᠢ ᠰᠢᠬᠠᠭᠳᠠᠵᠤ ᠪᠥᠭᠡᠮᠨᠡᠷᠡᠯ ᠭᠠᠷᠬᠤ ᠵᠢ ᠰᠡᠷᠭᠡᠢ᠌ᠯᠡᠵᠦ᠂ ᠡᠭᠦᠨ᠎ᠤ ᠤᠯᠠᠮ᠎ᠠᠴᠠ ᠳᠡᠯᠪᠡᠷᠡᠯᠲᠡ ᠡᠭᠦᠰᠬᠦ ᠲᠦᠭᠰᠢᠭᠦᠷᠢ ᠵᠢ ᠪᠠᠭ᠋ᠠᠰᠬᠠᠳᠠᠭ᠃

ᠥᠲᠥᠨ ᠬᠤᠪᠴᠠᠰᠤ ᠵᠢ ᠢᠩᠭᠢᠵᠦ ᠬᠠᠳᠠᠭ᠋ᠠᠯᠠᠬᠤ᠎ᠨᠢ ᠳᠤᠯᠠᠭ᠋ᠠᠯᠠᠬᠤ ᠴᠢᠨᠠᠷ᠎ᠢ᠎ᠨᠢ ᠪᠠᠭᠤᠷᠠᠭᠤᠯᠤᠨ᠎ᠠ!

ᠬᠠᠭᠤᠷᠠᠢ᠎ᠪᠠᠷ ᠤᠬᠢᠶᠠᠬᠤ ᠦᠶ᠎ᠡ᠎ᠳᠤ ᠬᠡᠷᠡᠭᠯᠡᠳᠡᠭ ᠣᠷᠭ᠋ᠠᠨᠢᠭ ᠠᠭᠤᠰᠤᠮᠠᠯ᠎ᠨᠢ ᠥᠳᠥᠨ ᠬᠤᠪᠴᠠᠰᠤ ᠵᠢᠨ ᠲᠦᠷᠬᠢᠴᠡ ᠳᠠᠪᠬᠤᠷᠭ᠎ᠠ ᠵᠢᠴᠢ ᠥᠳᠥ ᠨᠣᠣᠯᠣᠭᠤᠷ᠎ᠢ ᠠᠮᠠᠷᠬᠠᠨ ᠡᠪᠳᠡᠳᠡᠭ᠂ ᠭᠠᠷ ᠵᠶ᠋ᠠᠷ ᠵᠶ᠋ᠠᠨ ᠬᠥᠩᠭᠡᠨ ᠤᠬᠢᠶᠠᠬᠤ ᠵᠢ ᠰᠠᠨᠠᠭᠤᠯᠤᠨ᠎ᠠ᠂ ᠥᠲᠥᠨ ᠨᠣᠣᠯᠣᠭᠤᠷ᠎ᠨᠢ ᠪᠠᠢ᠌ᠭ᠋ᠠᠯᠢ ᠵᠢᠨ ᠠᠮᠢᠲᠠᠨ᠎ᠤ ᠰᠢᠷᠬᠡᠭ᠎ᠲᠤ ᠬᠠᠷᠢᠶᠠᠯᠠᠭᠳᠠᠬᠤ ᠲᠤᠯᠠ᠂ ᠤᠬᠢᠶᠠᠭᠰᠠᠨ᠎ᠤ ᠳᠠᠷᠠᠭ᠎ᠠ ᠬᠡᠲᠦ ᠰᠢᠷᠠᠵᠤ ᠪᠣᠯᠬᠤ ᠦᠭᠡᠢ᠂ ᠠᠶᠠᠨᠳᠠᠭ᠋ᠠᠨ ᠬᠠᠲᠠᠭ᠋ᠠᠪᠠᠯ ᠪᠣᠯᠴᠢᠬᠠᠨ᠎ᠠ᠃ ᠣᠯᠠᠨ᠎ᠳᠤ ᠰᠠᠨᠠᠭᠤᠯᠬᠤ᠎ᠨᠢ᠂ ᠡᠪᠦᠯ᠎ᠤᠨ ᠰᠡᠭᠦᠯᠴᠢ ᠬᠠᠪᠤᠷ᠎ᠤᠨ ᠡᠬᠢ᠎ᠪᠠᠷ ᠤᠯᠠᠷᠢᠯ ᠰᠣᠯᠢᠭᠳᠠᠬᠤ ᠦᠶ᠎ᠡ᠎ᠳᠤ᠂ ᠥᠲᠥᠨ ᠬᠤᠪᠴᠠᠰᠤ᠎ᠪᠠᠨ ᠪᠢᠲᠡᠭᠡᠢ ᠬᠣᠭᠤᠰᠤᠮ ᠤᠭᠤᠲᠠᠨ᠎ᠳᠤ ᠬᠢᠵᠦ ᠬᠠᠳᠠᠭ᠋ᠠᠯᠠᠭ᠋ᠠᠷᠠᠢ᠂ ᠬᠣᠭᠤᠰᠤᠮ ᠤᠭᠤᠲᠠ᠎ᠨᠢ ᠥᠳᠥᠨ᠎ᠤ ᠬᠥᠪᠰᠥᠭᠡᠷ ᠴᠢᠨᠠᠷ᠎ᠢ ᠪᠠᠭᠤᠷᠠᠭᠤᠯᠵᠤ᠂ ᠳᠤᠯᠠᠭ᠋ᠠᠯᠠᠬᠤ ᠴᠢᠨᠠᠷ᠎ᠢ ᠨᠥᠯᠥᠭᠡᠯᠡᠳᠡᠭ᠃

ᠢᠷᠡᠯᠲᠡ᠄ ᠲᠥᠪ ᠲᠧᠯᠸᠢᠰ᠎ᠤᠨ ᠨᠢᠭᠡᠳᠦᠭᠡᠷ ᠰᠤᠪᠠᠭ