ᠡᠯᠧᠺᠲᠷᠣᠨ ᠵᠢᠩᠯᠡᠭᠦᠷ ᠪᠣᠯ ᠣᠯᠠᠨ᠎ᠤ ᠡᠳᠦᠷ ᠳᠣᠳᠣᠮ᠎ᠤᠨ ᠠᠮᠢᠳᠤᠷᠠᠯ᠎ᠳᠤ ᠦᠷᠭᠦᠯᠵᠢ ᠬᠠᠷᠠᠭᠳᠠᠳᠠᠭ 《ᠪᠢᠴᠢᠬᠠᠨ ᠬᠠᠪᠰᠤᠷᠤᠭᠴᠢ》 ᠪᠣᠯᠤᠨ᠎ᠠ᠂ ᠨᠣᠭᠣᠭ᠋ᠠᠨ᠎ᠤ ᠵᠠᠬ᠎ᠠ ᠳᠡᠯᠭᠡᠭᠦᠷ᠎ᠲᠤ ᠣᠴᠢᠵᠤ ᠨᠣᠭᠣᠭ᠎ᠠ ᠬᠤᠳᠠᠯᠳᠤᠨ ᠠᠪᠬᠤ᠂ ᠬᠡᠳᠦ ᠳᠡᠯᠭᠡᠭᠦᠷ᠎ᠲᠤ ᠣᠴᠢᠵᠤ ᠵᠢᠮᠢᠰ ᠠᠪᠬᠤ᠎ᠳᠤ ᠪᠦᠷ ᠲᠡᠭᠦᠨ᠎ᠢ ᠬᠡᠷᠡᠭᠯᠡᠵᠦ ᠪᠠᠷᠠᠭ᠎ᠠ ᠲᠠᠸᠠᠷ᠎ᠤᠨ ᠬᠦᠨᠳᠦ ᠵᠢ ᠬᠡᠮᠵᠢᠳᠡᠭ᠂ ᠭᠡᠪᠡᠴᠦ ᠁
ᠲᠠ ᠭᠡᠮᠲᠦ ᠵᠢᠩᠯᠡᠭᠦᠷ᠎ᠲᠠᠢ ᠲᠠᠭ᠋ᠠᠷᠠᠯᠳᠤᠵᠤ ᠥᠩᠭᠡᠷᠡᠭᠰᠡᠨ ᠤᠤ?
ᠲᠠᠨ᠎ᠤ ᠰᠠᠭᠤᠭᠳᠠᠯ ᠳᠣᠲᠣᠷᠠᠬᠢ ᠭᠡᠮᠲᠦ ᠵᠢᠩᠯᠡᠭᠦᠷ᠎ᠨᠢ ᠶᠠᠮᠠᠷ ᠪᠠᠢ᠌ᠳᠠᠭ ᠪᠤᠢ?
《ᠭᠡᠮᠲᠦ ᠵᠢᠩᠯᠡᠭᠦᠷ》᠎ᠢ ᠶᠠᠭ᠋ᠠᠬᠢᠵᠤ ᠦᠵᠡᠵᠦ ᠭᠠᠷᠳᠠᠭ ᠪᠤᠢ?
ᠨᠠᠢ᠌ᠷᠠᠭᠤᠯᠤᠭᠴᠢ ᠲᠠᠨ᠎ᠳᠤ ᠵᠢᠭ᠋ᠠᠵᠤ ᠥᠭᠭᠦᠶ᠎ᠡ
ᠡᠯᠧᠺᠲᠷᠣᠨ ᠦᠨ᠎ᠡ ᠪᠣᠳᠣᠬᠤ ᠵᠢᠩᠯᠡᠭᠦᠷ᠎ᠨᠢ ᠡᠶ᠋ᠢᠮᠦ ᠳᠡᠯᠭᠡᠴᠡ᠎ᠲᠠᠢ ᠪᠠᠢ᠌ᠳᠠᠭ
ᠡᠯᠧᠺᠲᠷᠣᠨ ᠦᠨ᠎ᠡ ᠪᠣᠳᠣᠬᠤ ᠵᠢᠩᠯᠡᠭᠦᠷ ᠳᠡᠭᠡᠷ᠎ᠡ ᠨᠢᠭᠡ ᠵᠠᠩᠭᠢᠯᠠᠭ᠎ᠠ ᠵᠢᠨ ᠳᠠᠷᠤᠭᠤᠯ — 《ᠬᠠᠯᠢᠰᠤ ᠵᠢ ᠠᠷᠢᠯᠭ᠋ᠠᠬᠤ》 ᠭᠡᠵᠦ ᠪᠠᠢ᠌ᠳᠠᠭ
ᠦᠷᠭᠦᠯᠵᠢ ᠲᠣᠬᠢᠶᠠᠯᠳᠤᠳᠠᠭ ᠳᠣᠣᠷ᠎ᠠ ᠳᠡᠰ᠎ᠤᠨ ᠭᠡᠮ ᠬᠢᠬᠦ ᠠᠷᠭ᠎ᠠ
ᠲᠠᠪᠠᠭᠲᠠᠢᠨᠢ ᠬᠠᠮᠲᠤ ᠬᠤᠳᠠᠯᠳᠤᠬᠤ ᠠᠷᠭ᠎ᠠ
ᠲᠠ ᠡᠯᠧᠺᠲᠷᠣᠨ ᠵᠢᠩᠯᠡᠭᠦᠷ᠎ᠤᠨ ᠳᠡᠯᠭᠡᠴᠡ ᠵᠢᠨ ᠲᠣᠭ᠎ᠠ ᠵᠢ ᠦᠵᠡᠬᠦ ᠦᠶᠡᠰ᠂ ᠬᠤᠳᠠᠯᠳᠤᠭ᠋ᠠᠴᠢᠨ ᠲᠠᠨ᠎ᠤ ᠡᠮᠦᠨ᠎ᠡ ᠵᠢᠩᠯᠡᠭᠦᠷ᠎ᠤᠨ ᠲᠠᠪᠠᠭ᠎ᠢ ᠪᠠᠷᠠᠭ᠎ᠠ᠎ᠲᠠᠢ ᠬᠠᠮᠲᠤᠳᠤᠨᠢ ᠡᠯᠧᠺᠲᠷᠣᠨ ᠵᠢᠩᠯᠡᠭᠦᠷ ᠳᠡᠭᠡᠷ᠎ᠡ ᠲᠠᠯᠪᠢᠵᠤ᠂ ᠲᠠᠪᠠᠭ᠎ᠤᠨ ᠬᠦᠨᠳᠦ᠎ᠨᠢ ᠴᠤ᠌ ᠲᠠᠸᠠᠷ᠎ᠤᠨ ᠬᠦᠨᠳᠦᠳᠤ ᠣᠷᠣᠳᠠᠭᠢ ᠲᠠ ᠠᠩᠬᠠᠷᠤᠭᠰᠠᠨ ᠦᠭᠡᠢ ᠪᠢᠵᠡ᠃ ᠬᠡᠷᠪᠡ ᠨᠢᠭᠡ ᠬᠥᠩᠭᠡᠨ ᠴᠠᠭ᠋ᠠᠨ᠎ᠤ ᠵᠢᠩᠯᠡᠭᠦᠷ᠎ᠤᠨ ᠲᠠᠪᠠᠭ᠎ᠤᠨ ᠬᠦᠨᠳᠦ᠎ᠨᠢ 300 ᠭ᠋ᠷᠠᠮ ᠪᠠᠢ᠌ᠪᠠᠯ᠂ ᠲᠠ ᠤᠴᠢᠷ ᠤᠬᠠᠭ᠋ᠠᠨ᠎ᠢ᠎ᠨᠢ ᠮᠡᠳᠡᠬᠦ ᠦᠭᠡᠢ᠎ᠪᠠᠷ ᠢᠯᠡᠭᠦᠦ 300 ᠭ᠋ᠷᠡᠮ᠎ᠤᠨ ᠵᠣᠭᠣᠰ᠎ᠢ ᠭᠠᠷᠭ᠋ᠠᠬᠤ ᠪᠣᠯᠣᠨ᠎ᠠ᠃
ᠤᠰᠤ ᠲᠦᠷᠭᠡᠨ ᠬᠢᠵᠦ ᠬᠦᠨᠳᠦ ᠵᠢ᠎ᠨᠢ ᠨᠡᠮᠡᠭᠳᠡᠭᠦᠯᠬᠦ ᠠᠷᠭ᠎ᠠ
ᠳᠠᠯᠠᠢ ᠵᠢᠨ ᠢᠳᠡᠭᠡᠨ (ᠵᠢᠱ᠌ᠢᠶᠡᠯᠡᠪᠡᠯ ᠰᠠᠮ ᠬᠣᠷᠣᠬᠠᠢ) ᠬᠤᠳᠠᠯᠳᠤᠨ ᠠᠪᠬᠤ ᠦᠶ᠎ᠡ᠎ᠳᠤ᠂ ᠬᠤᠳᠠᠯᠳᠤᠭ᠋ᠠᠴᠢᠨ ᠳᠠᠯᠠᠢ ᠵᠢᠨ ᠢᠳᠡᠭᠡᠨ᠎ᠢ ᠰᠠᠪᠠᠯᠠᠬᠤ ᠦᠶ᠎ᠡ᠎ᠳᠤ᠂ ᠳᠠᠭ᠋ᠠᠤ᠎ᠳᠤ᠎ᠨᠢ ᠮᠠᠰᠢ ᠲᠦᠷᠭᠡᠨ ᠵᠶ᠋ᠡᠷ ᠣᠯᠠᠨ ᠤᠳᠠᠭ᠎ᠠ ᠤᠰᠤ ᠵᠢ ᠪᠠᠰᠠ ᠤᠭᠤᠲᠠᠨ᠎ᠳᠤ ᠬᠢᠵᠦ ᠣᠷᠣᠭᠤᠯᠵᠤ᠂ ᠲᠠᠸᠠᠷ᠎ᠤᠨ ᠬᠦᠨᠳᠦ ᠵᠢ ᠨᠡᠮᠡᠭᠳᠡᠭᠦᠯᠳᠡᠭ᠃
ᠳᠣᠣᠷ᠎ᠠ ᠲᠡᠰ᠎ᠤᠨ ᠭᠡᠮ ᠬᠢᠬᠦ ᠠᠷᠭ᠎ᠠ ᠪᠠᠢ᠌ᠬᠤ᠎ᠪᠠᠷ ᠪᠠᠷᠠᠬᠤ ᠦᠭᠡᠢ ᠲᠠᠰ ᠳᠡᠪᠰᠢᠭᠰᠡᠨ ᠭᠡᠮ ᠬᠢᠬᠦ ᠠᠷᠭ᠎ᠠ ᠴᠤ᠌ ᠪᠠᠢ᠌ᠳᠠᠭ —
ᠲᠠᠰ ᠳᠡᠪᠰᠢᠭᠰᠡᠨ ᠭᠡᠮ ᠬᠢᠬᠦ ᠠᠷᠭ᠎ᠠ
ᠳᠡᠭᠡᠰᠦ ᠲᠠᠲᠠᠵᠤ ᠭᠡᠮ ᠬᠢᠬᠦ ᠠᠷᠭ᠎ᠠ
ᠡᠯᠧᠺᠲᠷᠦᠨ ᠵᠢᠩᠯᠡᠭᠦᠷ ᠳᠡᠭᠡᠷ᠎ᠡ ᠳᠡᠭᠡᠰᠦ ᠪᠤᠶᠤ ᠰᠤᠨᠳᠠᠭ ᠵᠢ ᠵᠠᠯᠭ᠋ᠠᠵᠤ᠂ ᠲᠠᠸᠠᠷ᠎ᠤᠨ ᠬᠦᠨᠳᠦ ᠵᠢ ᠬᠡᠮᠵᠢᠬᠦ ᠦᠶ᠎ᠡ᠎ᠳᠤ ᠳᠡᠭᠡᠰᠦ ᠪᠤᠶᠤ ᠰᠤᠨᠳᠠᠭᠢ ᠬᠥᠩᠭᠡᠬᠡᠨ ᠲᠠᠲᠠᠵᠤ ᠬᠦᠨᠳᠦ ᠵᠢᠨ ᠬᠡᠮᠵᠢᠶ᠎ᠡ ᠵᠢ ᠨᠡᠮᠡᠭᠳᠡᠭᠦᠯᠦᠨ᠎ᠡ᠃ ᠳᠡᠭᠡᠰᠦ ᠪᠤᠶᠤ ᠰᠤᠨᠳᠠᠭ᠎ᠨᠢ ᠬᠤᠳᠠᠯᠳᠤᠭ᠋ᠠᠴᠢᠨ᠎ᠤ ᠲᠠᠯ᠎ᠠ᠎ᠳᠤ ᠪᠠᠢ᠌ᠬᠤ ᠤᠴᠢᠷ᠎ᠠᠴᠠ ᠬᠤᠳᠠᠯᠳᠤᠨ ᠠᠪᠤᠭᠴᠢ ᠠᠮᠠᠷᠬᠠᠨ ᠰᠡᠷᠡᠵᠦ ᠮᠡᠳᠡᠳᠡᠭ ᠦᠭᠡᠢ᠃
ᠮᠡᠬᠡᠯᠡᠯ᠎ᠢ ᠰᠡᠷᠭᠡᠶ᠋ᠢᠯᠡᠬᠦ ᠠᠷᠭ᠎ᠠ᠄
ᠬᠤᠳᠠᠯᠳᠤᠨ ᠠᠪᠤᠭᠴᠢ ᠲᠠᠸᠠᠷ ᠵᠶ᠋ᠠᠨ ᠳᠠᠬᠢᠨ ᠨᠢᠭᠡ ᠤᠳᠠᠭ᠎ᠠ ᠵᠢᠩᠯᠡᠭᠦᠯᠵᠦ ᠦᠵᠡᠬᠦ ᠬᠡᠷᠡᠭᠲᠡᠶ᠂ ᠤᠴᠢᠷ᠎ᠨᠢ ᠤᠳᠠᠭ᠎ᠠ ᠪᠦᠷᠢ ᠵᠢᠨ ᠳᠡᠭᠡᠰᠦ ᠪᠤᠶᠤ ᠰᠤᠨᠳᠠᠭ᠎ᠤᠨ ᠲᠠᠲᠠᠬᠤ ᠬᠦᠴᠦᠨ᠎ᠢ ᠠᠳᠠᠯᠢ ᠦᠭᠡᠶ ᠪᠠᠢ᠌ᠵᠤ᠂ ᠲᠠᠸᠠᠷ᠎ᠤᠨ ᠬᠦᠨᠳᠦ ᠵᠢᠨ ᠦᠷ᠎ᠡ ᠳ᠋ᠦᠩ᠎ᠨᠢ ᠵᠢᠩᠯᠡᠬᠦ ᠪᠦᠷᠢ᠎ᠳᠤ ᠬᠤᠪᠢᠷᠠᠯᠲᠠ ᠭᠠᠷᠳᠠᠭ᠃
ᠳᠡᠭᠡᠳᠦ ᠳᠡᠰ᠎ᠤᠨ ᠭᠡᠮ ᠬᠢᠬᠦ ᠠᠷᠭ᠎ᠠ
ᠳᠠᠷᠤᠪᠴᠢ ᠵᠢᠨ ᠫᠠᠷᠠᠮᠧᠲᠷ᠎ᠢ ᠥᠭᠡᠷᠡᠴᠢᠯᠡᠭᠡᠳ ᠭᠡᠮ ᠬᠢᠬᠦ ᠡᠯᠧᠺᠲᠷᠣᠨ ᠵᠢᠩᠯᠡᠬᠦᠷ
ᠡᠯᠧᠺᠲᠷᠣᠨ ᠵᠢᠩᠯᠡᠭᠦᠷ᠎ᠤᠨ ᠴᠠᠬᠢᠮ ᠵᠥᠭᠡᠯᠡᠨ ᠬᠡᠷᠡᠭᠰᠡᠯ᠎ᠳᠤ ᠳᠠᠷᠤᠪᠴᠢ᠎ᠪᠠᠷ ᠨᠢᠭᠤᠴᠠ ᠨᠣᠮᠧᠷ ᠣᠷᠣᠭᠤᠯᠬᠤ᠎ᠪᠠᠷ ᠳᠠᠮᠵᠢᠭᠤᠯᠤᠨ ᠬᠡᠮᠵᠢᠯᠲᠡ ᠵᠢᠨ ᠫᠠᠷᠠᠮᠧᠲᠷ᠎ᠤᠨ ᠲᠡᠰ ᠳᠠᠷᠠᠭ᠋ᠠᠯᠠᠯ᠎ᠢ ᠥᠭᠡᠷᠡᠴᠢᠯᠡᠳᠡᠭ᠂ ᠲᠤᠰᠬᠠᠢ ᠨᠢᠭᠤᠴᠠ ᠨᠣᠮᠧᠷ ᠣᠷᠣᠭᠤᠯᠵᠤ ᠲᠤᠰᠬᠠᠢ ᠳᠠᠰ ᠳᠠᠷᠠᠭ᠋ᠠᠯᠠᠯ ᠵᠶ᠋ᠠᠷ ᠬᠡᠮᠵᠢᠯᠲᠡ ᠵᠢᠨ ᠫᠠᠷᠠᠮᠧᠲᠷ᠎ᠢ ᠥᠭᠡᠷᠡᠴᠢᠯᠡᠪᠡᠯ᠂ ᠡᠯᠧᠺᠲᠷᠣᠨ ᠵᠢᠩᠯᠡᠭᠦᠷ᠎ᠤᠨ ᠬᠡᠮᠵᠢᠯᠲᠡ ᠵᠢᠨ ᠫᠠᠷᠠᠮᠧᠲᠷ᠎ᠢ ᠶᠠᠮᠠᠷ ᠨᠢᠭᠡ ᠬᠠᠷᠢᠴᠠᠯᠲᠤ ᠬᠡᠮᠵᠢᠭᠳᠡᠯ (ᠵᠢᠱ᠌ᠢᠶᠡᠯᠡᠪᠡᠯ 《9 ᠯᠠᠩ》᠎ᠤᠨ ᠵᠢᠩᠯᠡᠭᠦᠷ᠂ 《8 ᠯᠠᠩ》᠎ᠤᠨ ᠵᠢᠩᠯᠡᠭᠦᠷ ᠴᠢᠨᠠᠭᠰᠢᠯᠠᠪᠠᠯ 《5 ᠯᠠᠩ》) ᠪᠣᠯᠭ᠋ᠠᠨ ᠥᠭᠡᠷᠡᠴᠢᠯᠡᠵᠦ ᠪᠣᠯᠳᠠᠭ᠂ ᠡᠭᠦᠨ ᠵᠶ᠋ᠡᠷ ᠳᠠᠮᠵᠢᠵᠤ ᠬᠤᠳᠠᠯᠳᠤᠨ ᠠᠪᠤᠭᠴᠢ ᠵᠢ ᠮᠡᠬᠡᠯᠡᠳᠡᠭ᠃ ᠠᠳᠠᠯᠢ ᠪᠤᠰᠤ ᠦᠢ᠍ᠯᠡᠳᠪᠦᠷᠢ ᠵᠢᠨ ᠡᠯᠧᠺᠲᠷᠣᠨ ᠵᠢᠩᠯᠡᠭᠦᠷ᠎ᠤᠨ ᠨᠢᠭᠤᠴᠠ ᠨᠣᠮᠧᠷ᠎ᠨᠢ ᠠᠳᠠᠯᠢ ᠦᠭᠡᠶ᠂ ᠫᠠᠷᠠᠮᠧᠲᠷ᠎ᠢ ᠥᠭᠡᠷᠡᠴᠢᠯᠡᠬᠦ ᠳᠡᠰ ᠳᠠᠷᠠᠭ᠋ᠠᠯᠠᠯ᠎ᠨᠢ ᠴᠦ᠍ ᠠᠳᠠᠯᠢ ᠦᠭᠡᠶ ᠪᠠᠶ᠋ᠢᠵᠤ᠂ ᠭᠡᠮ ᠬᠢᠬᠦ ᠦᠢ᠍ᠯᠡ ᠠᠵᠢᠯᠯᠠᠭ᠎ᠠ ᠵᠢ ᠲᠤᠷᠰᠢᠨ ᠪᠠᠶ᠋ᠢᠴᠠᠭ᠋ᠠᠬᠤ ᠬᠦᠴᠢᠷᠳᠡᠯ᠎ᠢ ᠨᠡᠮᠡᠭᠳᠡᠭᠦᠯᠵᠡᠢ᠃
ᠨᠡᠭᠡᠭᠡᠯᠭᠡ᠎ᠳᠦ ᠭᠡᠮ ᠬᠢᠬᠦ ᠡᠯᠧᠺᠲᠷᠣᠨ ᠵᠢᠩᠯᠡᠭᠦᠷ
ᠪᠠᠰᠠ 《ᠠᠯᠤᠰ ᠡᠵᠡᠮᠰᠢᠯᠲᠦ ᠵᠢᠩᠯᠡᠭᠦᠷ》 ᠭᠡᠳᠡᠭ᠂ ᠲᠤᠰ ᠲᠥᠷᠥᠯ᠎ᠤᠨ ᠡᠯᠧᠺᠲᠷᠣᠨ ᠵᠢᠩᠯᠡᠭᠦᠷ᠎ᠨᠢ ᠳᠣᠲᠣᠭ᠋ᠠᠳᠤ ᠵᠢᠨ ᠤᠤᠯ ᠴᠠᠬᠢᠯᠭ᠋ᠠᠨ ᠬᠡᠯᠬᠢᠶ᠎ᠡ᠎ᠪᠠᠨ ᠥᠭᠡᠷᠡᠴᠢᠯᠡᠭᠰᠡᠨ ᠪᠥᠭᠡᠳ ᠭᠡᠮ ᠬᠢᠬᠦ ᠲᠣᠨᠣᠭᠯᠠᠯ ᠤᠭᠰᠠᠷᠠᠵᠤ᠂ ᠭᠠᠳᠠᠷ ᠪᠠᠶ᠋ᠢᠳᠠᠯ᠎ᠠᠴᠠ᠎ᠨᠢ ᠦᠵᠡᠪᠡᠯ ᠬᠡᠪ᠎ᠤᠨ ᠵᠢᠩᠯᠡᠭᠦᠷ᠎ᠲᠠᠢ ᠢᠯᠭ᠋ᠠᠭ᠎ᠠ ᠦᠭᠡᠢ ᠪᠠᠶ᠋ᠢᠳᠠᠭ᠃ ᠤᠯᠠᠭ᠋ᠠᠨ᠎ᠤ ᠭᠠᠳᠠᠨᠠᠬᠢ ᠠᠯᠤᠰ᠎ᠠᠴᠠ ᠵᠢᠯᠣᠭᠣᠳᠬᠤ ᠪᠠᠭ᠋ᠠᠵᠢ᠎ᠪᠠᠷ ᠳᠠᠮᠵᠢᠭᠤᠯᠤᠨ ᠭᠡᠮ ᠬᠢᠬᠦ ᠨᠡᠭᠡᠭᠡᠯᠭᠡ ᠵᠢ ᠨᠡᠭᠡᠭᠡᠵᠦ ᠪᠣᠯᠳᠠᠭ᠂ ᠲᠡᠭᠦᠨ᠎ᠤ ᠦᠨᠳᠦᠰᠦᠯᠡᠯ᠎ᠨᠢ ᠲᠣᠭᠲᠠᠮᠠᠯ ᠭᠦᠶᠦᠳᠡᠯ᠎ᠤᠨ ᠰᠣᠯᠢᠭᠳᠠᠯ᠎ᠢ ᠵᠠᠯᠭ᠋ᠠᠬᠤ ᠨᠡᠭᠡᠭᠡᠯᠭᠡ ᠵᠢ ᠬᠡᠮᠵᠢᠬᠦ ᠬᠡᠯᠬᠢᠶ᠎ᠡ ᠳᠡᠭᠡᠷ᠎ᠡ ᠴᠠᠬᠢᠯᠭ᠋ᠠᠨ ᠡᠰᠡᠷᠭᠦᠴᠡᠯ ᠨᠡᠮᠡᠵᠦ ᠤᠭᠰᠠᠷᠠᠵᠤ᠂ ᠴᠠᠬᠢᠯᠭ᠋ᠠᠨ ᠬᠦᠴᠦᠳᠡᠯᠢ ᠬᠤᠪᠢᠷᠠᠭᠤᠯᠬᠤ᠎ᠪᠠᠷ ᠳᠠᠮᠵᠢᠨ ᠬᠠᠭᠤᠷᠴᠤ ᠮᠡᠬᠡᠯᠡᠬᠦ ᠵᠣᠷᠢᠯᠭ᠎ᠠ᠎ᠳᠠᠭᠠᠨ ᠬᠦᠷᠳᠡᠭ᠃ ᠵᠢᠩᠯᠡᠬᠦ ᠦᠶ᠎ᠡ᠎ᠳᠤ ᠡᠵᠡᠩᠨᠡᠭᠴᠢ᠎ᠨᠢ ᠬᠡᠪ᠎ᠤᠨ ᠪᠤᠰᠤ ᠠᠯᠤᠰ ᠡᠵᠡᠮᠰᠢᠭᠦᠷ᠎ᠤᠨ ᠡᠯᠧᠺᠲᠷᠣᠨ ᠨᠡᠭᠡᠭᠡᠯᠭᠡᠨᠦᠭᠦᠳᠢ ᠬᠡᠷᠡᠭᠯᠡᠵᠦ ᠪᠠᠢ᠌ᠬᠤ ᠡᠰᠡᠬᠦ ᠵᠢ ᠠᠩᠬᠠᠷᠪᠠᠯ᠂ ᠭᠡᠮ ᠬᠢᠬᠦ ᠦᠢ᠍ᠯᠡ ᠠᠵᠢᠯᠯᠠᠭ᠎ᠠ ᠵᠢ᠎ᠨᠢ ᠠᠮᠠᠷᠬᠠᠨ ᠢᠯᠡᠷᠡᠭᠦᠯᠵᠦ ᠴᠢᠳᠠᠨ᠎ᠠ᠃
ᠳᠠᠷᠤᠪᠴᠢ ᠵᠢ ᠳᠠᠷᠤᠵᠤ ᠭᠡᠮ ᠬᠢᠬᠦ ᠡᠯᠧᠺᠲᠷᠣᠨ ᠵᠢᠩᠯᠡᠭᠦᠷ
ᠡᠵᠡᠩᠨᠡᠭᠴᠢ᠎ᠨᠢ ᠴᠠᠬᠢᠯᠭ᠋ᠠᠨ ᠬᠡᠯᠬᠢᠶ᠎ᠡ ᠵᠢ ᠥᠭᠡᠷᠡᠴᠢᠯᠡᠬᠦ ᠪᠤᠶᠤ ᠨᠡᠮᠡᠵᠦ ᠤᠭᠰᠠᠷᠠᠬᠤ᠂ ᠡᠰᠡᠬᠦᠯ᠎ᠡ ᠳᠠᠷᠤᠪᠴᠢ ᠵᠢᠨ ᠴᠢᠳᠠᠮᠵᠢ ᠵᠡᠷᠭᠡ ᠵᠢ ᠨᠢᠭᠤᠨ ᠳᠠᠯᠳᠠᠯᠠᠬᠤ᠎ᠪᠠᠷ ᠳᠠᠮᠵᠢᠭᠤᠯᠤᠨ᠂ ᠤᠷᠢᠳᠠᠪᠠᠷ ᠡᠯᠧᠺᠲᠷᠣᠨ ᠵᠢᠩᠯᠡᠭᠦᠷ᠎ᠤᠨ ᠨᠢᠭᠡᠴᠢ ᠦᠨ᠎ᠡ 1᠂ ᠨᠢᠭᠡᠴᠢ ᠦᠨ᠎ᠡ 2 (M1᠂ M2 ᠵᠡᠷᠭᠡ) ᠭᠡᠬᠦ ᠳᠠᠷᠤᠪᠴᠢ ᠳᠡᠭᠡᠷ᠎ᠡ ᠬᠦᠨᠳᠦ ᠵᠢᠨ ᠬᠡᠮᠵᠢᠶ᠎ᠡ ᠵᠢᠨ ᠨᠡᠮᠡᠭᠳᠡᠯ ᠲᠣᠭ᠎ᠠ ᠵᠢ ᠤᠷᠢᠳᠴᠢᠯᠠᠨ ᠲᠣᠬᠢᠷᠠᠭᠤᠯᠵᠤ᠂ ᠵᠢᠱ᠌ᠢᠶᠡᠯᠡᠪᠡᠯ ᠬᠡᠷᠡᠭᠯᠡᠭᠴᠢᠳ 1 ᠮᠢᠩᠭ᠋ᠠᠨ ᠭ᠋ᠷᠠᠮ ᠲᠠᠸᠠᠷ᠎ᠢ ᠵᠢᠩᠯᠡᠬᠦ᠎ᠳᠤ᠂ ᠡᠵᠡᠩᠨᠡᠭᠴᠢᠳ᠎ᠨᠢ ᠨᠢᠭᠡᠴᠢ ᠦᠨ᠎ᠡ ᠵᠢᠨ ᠲᠣᠭ᠎ᠠ ᠵᠢ ᠣᠷᠣᠭᠤᠯᠬᠤ ᠶᠠᠪᠤᠴᠠ᠎ᠳᠤ ᠨᠢᠭᠡᠴᠢ ᠦᠨ᠎ᠡ 1 (M1) ᠵᠢ ᠳᠠᠷᠤᠭᠰᠠᠨ ᠪᠠᠢ᠌ᠪᠠᠯ ᠲᠠᠸᠠᠷ᠎ᠤᠨ ᠬᠦᠨᠳᠦ᠎ᠨᠢ 1.1 ᠮᠢᠩᠭ᠋ᠠᠨ ᠭ᠋ᠷᠡᠮ ᠪᠣᠯᠵᠤ᠂ ᠨᠢᠭᠡᠴᠢ ᠦᠨ᠎ᠡ 2 ᠵᠢ ᠳᠠᠷᠤᠭᠰᠠᠨ ᠪᠠᠢ᠌ᠪᠠᠯ ᠲᠠᠸᠠᠷ᠎ᠤᠨ ᠬᠦᠨᠳᠦ᠎ᠨᠢ 1.2 ᠮᠢᠩᠭ᠋ᠠᠨ ᠭ᠋ᠷᠡᠮ ᠪᠣᠯᠴᠢᠬᠠᠳᠠᠭ᠃
ᠳᠦᠭᠦᠮᠬᠡᠨ ᠪᠥᠭᠡᠳ ᠦᠵᠡᠮᠡᠭᠴᠡ ᠰᠤᠷᠴᠢᠬᠠᠳᠠᠭ ᠰᠡᠷᠭᠡᠢ᠌ᠯᠡᠬᠦ ᠠᠷᠭ᠎ᠠ ᠪᠠᠢ᠌ᠨ᠎ᠠ ᠤᠤ?
ᠤᠷᠢᠳᠠᠪᠠᠷ ᠭᠤᠣᠯᠴᠢ ᠵᠢᠩᠯᠡᠭᠦᠷ ᠳᠡᠭᠡᠷ᠎ᠡ ᠵᠢᠩᠯᠡᠵᠦ ᠦᠵᠡᠨ᠎ᠡ᠂ ᠬᠤᠳᠠᠯᠳᠤᠨ ᠠᠪᠬᠤ᠎ᠠᠴᠠ ᠡᠮᠦᠨ᠎ᠡ ᠭᠠᠷ ᠤᠲᠠᠰᠤ᠎ᠪᠠᠨ ᠵᠢᠩᠯᠡᠭᠦᠷ ᠳᠡᠭᠡᠷ᠎ᠡ ᠲᠠᠯᠪᠢᠪᠠᠯ ᠭᠡᠮ ᠬᠢᠭᠰᠡᠨ ᠡᠰᠡᠬᠦ ᠵᠢ ᠲᠡᠷᠡ ᠳᠣᠣᠷ᠎ᠠ᠎ᠨᠢ ᠮᠡᠳᠡᠴᠢᠬᠡᠨ᠎ᠡ᠃
ᠵᠠᠬ᠎ᠠ ᠳᠡᠯᠭᠡᠭᠦᠷ᠎ᠠᠴᠠ ᠲᠠᠸᠠᠷ ᠬᠤᠳᠠᠯᠳᠤᠨ ᠠᠪᠬᠤ᠎ᠳᠤ᠂ ᠵᠢᠩ ᠯᠠᠩ ᠳᠤᠲᠠᠭᠰᠠᠨ ᠪᠠᠢ᠌ᠳᠠᠯ᠎ᠢ ᠮᠡᠳᠡᠭᠰᠡᠨ ᠪᠤᠶᠤ ᠰᠡᠵᠢᠭᠯᠡᠵᠦ ᠪᠠᠢ᠌ᠪᠠᠯ ᠢᠩᠭᠢᠵᠦ ᠬᠢᠵᠦ ᠪᠣᠯᠣᠨ᠎ᠠ
ᠳᠠᠬᠢᠨ ᠵᠢᠩᠯᠡᠬᠦ
ᠵᠢᠩᠬᠢᠨᠢ ᠲᠠᠷᠢᠶᠠᠯᠠᠩ᠎ᠤᠨ ᠠᠷᠠᠯᠵᠢᠶᠠᠨ᠎ᠤ ᠵᠠᠬ᠎ᠠ ᠳᠡᠯᠭᠡᠭᠦᠷ᠎ᠲᠤ ᠴᠥᠮ ᠭᠤᠤᠯᠴᠢ ᠵᠢᠩᠯᠡᠭᠦᠷ ᠲᠣᠬᠢᠷᠠᠭᠤᠯᠤᠭᠰᠠᠨ ᠪᠠᠢ᠌ᠳᠠᠭ᠂ ᠬᠤᠳᠠᠯᠳᠤᠨ ᠠᠪᠤᠭᠰᠠᠨ ᠲᠠᠸᠠᠷ᠎ᠤᠨ ᠬᠦᠨᠳᠦ ᠵᠢᠨ ᠬᠡᠮᠵᠢᠶ᠎ᠡ᠎ᠳᠤ ᠮᠠᠳᠠᠭ᠎ᠲᠠᠢ ᠪᠠᠢ᠌ᠪᠠᠯ᠂ ᠤᠷᠢᠳᠠᠪᠠᠷ ᠵᠠᠬ᠎ᠠ ᠳᠡᠯᠭᠡᠭᠦᠷ᠎ᠤᠨ ᠭᠤᠤᠯᠴᠢ ᠵᠢᠩᠯᠡᠭᠦᠷ ᠵᠶ᠋ᠠᠷ ᠵᠢᠩᠯᠡᠵᠦ ᠪᠣᠯᠤᠨ᠎ᠠ; ᠬᠡᠷᠪᠡ ᠬᠤᠳᠠᠯᠳᠤᠭ᠋ᠠᠴᠢᠨ᠎ᠤ ᠵᠢᠩᠯᠡᠭᠰᠡᠨ ᠬᠦᠨᠳᠦ ᠵᠢᠨ ᠬᠡᠮᠵᠢᠶ᠎ᠡ᠎ᠲᠠᠢ ᠠᠳᠠᠯᠢ ᠦᠭᠡᠢ ᠪᠠᠢ᠌ᠪᠠᠯ᠂ ᠬᠤᠳᠠᠯᠳᠤᠭ᠋ᠠᠴᠢᠳ᠎ᠲᠠᠢ ᠵᠥᠪᠳᠡᠯᠴᠡᠨ ᠰᠢᠢ᠍ᠳᠪᠦᠷᠢᠯᠡᠵᠦ ᠪᠣᠯᠤᠨ᠎ᠠ᠃
ᠨᠢᠭᠤᠷᠳᠠᠨ ᠰᠢᠢ᠍ᠳᠪᠦᠷᠢᠯᠡᠬᠦ
ᠬᠤᠳᠠᠯᠳᠤᠭ᠋ᠠᠴᠢᠨ᠎ᠲᠠᠢ ᠵᠥᠪᠳᠡᠯᠴᠡᠭᠰᠡᠨ᠎ᠤ ᠳᠠᠷᠠᠭ᠎ᠠ ᠰᠢᠢ᠍ᠳᠪᠦᠷᠢᠯᠡᠵᠦ ᠳᠡᠢ᠌ᠯᠬᠦ ᠦᠭᠡᠢ ᠪᠣᠯ ᠵᠠᠬ᠎ᠠ ᠳᠡᠯᠭᠡᠭᠦᠷ ᠡᠷᠬᠢᠯᠡᠭᠰᠡᠨ ᠲᠠᠯ᠎ᠠ ᠵᠢᠨ ᠬᠠᠪᠰᠤᠷᠤᠯᠭ᠎ᠠ ᠳᠣᠣᠷ᠎ᠠ᠂ ᠡᠵᠡᠩᠨᠡᠯᠲᠡ ᠵᠢᠨ ᠡᠷᠦᠬᠡ᠎ᠳᠤ ᠬᠦᠷᠴᠦ ᠬᠠᠮᠢᠶ᠎ᠠ ᠪᠦᠬᠦᠢ ᠫᠢᠶᠣᠣ ᠪᠠᠷᠢᠮᠲᠠ (ᠫᠢᠶᠣᠣ ᠪᠠᠷᠢᠮᠲᠠ᠎ᠳᠤ ᠬᠤᠳᠠᠯᠳᠤᠨ ᠠᠪᠤᠭᠰᠠᠨ ᠲᠠᠸᠠᠷ᠎ᠤᠨ ᠲᠥᠷᠥᠯ ᠵᠦᠢ᠍ᠯ ᠪᠠ ᠬᠦᠨᠳᠦ ᠵᠢᠨ ᠬᠡᠮᠵᠢᠶ᠎ᠡ ᠵᠢ ᠪᠠᠭᠲᠠᠭ᠋ᠠᠨ᠎ᠠ) ᠭᠠᠷᠭ᠋ᠠᠭᠤᠯᠤᠨᠠ; ᠵᠠᠬ᠎ᠠ ᠳᠡᠯᠭᠡᠭᠦᠷ ᠡᠷᠬᠢᠯᠡᠭᠰᠡᠨ ᠲᠠᠯ᠎ᠠ ᠵᠢᠨ ᠭᠡᠷᠡᠴᠢᠯᠡᠯ ᠳᠣᠣᠷ᠎ᠠ᠂ ᠵᠠᠬ᠎ᠠ ᠳᠡᠯᠭᠡᠭᠦᠷ᠎ᠤᠨ ᠭᠤᠤᠯᠴᠢ ᠵᠢᠩᠯᠡᠭᠦᠷ ᠳᠡᠭᠡᠷ᠎ᠡ ᠵᠢᠩᠯᠡᠬᠦ ᠵᠢᠨ ᠬᠠᠮᠲᠤ ᠭᠡᠷᠡᠯ ᠵᠢᠷᠤᠭ ᠠᠪᠴᠤ ᠭᠡᠷᠡᠴᠢ ᠪᠣᠯᠭ᠋ᠠᠨ ᠦᠯᠡᠳᠡᠭᠡᠨ ᠬᠠᠳᠠᠭ᠋ᠠᠯᠠᠨ᠎ᠠ᠃
12315 ᠪᠤᠶᠤ 12345 ᠤᠲᠠᠰᠤ᠎ᠪᠠᠷ ᠵᠠᠭ᠋ᠠᠯᠳᠤᠨᠠ
ᠬᠡᠷᠪᠡ ᠵᠢᠭᠤᠷᠠᠯᠳᠤᠭ᠋ᠠᠨ᠎ᠤ ᠠᠰᠠᠭᠤᠳᠠᠯ᠎ᠢ ᠰᠢᠢ᠍ᠳᠪᠦᠷᠢᠯᠡᠵᠦ ᠳᠡᠶ᠋ᠢᠯᠬᠦ ᠥᠬᠡᠶ ᠪᠣᠯ 12315 ᠪᠤᠶᠤ 12345᠎ᠳᠤ ᠤᠲᠠᠰᠤᠳᠠᠵᠤ ᠵᠠᠭ᠋ᠠᠯᠳᠤᠯᠭ᠎ᠠ ᠬᠢᠵᠦ ᠪᠣᠯᠤᠨ᠎ᠠ᠃
ᠣᠯᠠᠨ᠎ᠳᠤ ᠰᠠᠨᠠᠭᠤᠯᠬᠤ᠎ᠨᠢ᠂ ᠡᠯᠧᠺᠲᠷᠣᠨ ᠵᠢᠩᠯᠡᠭᠦᠷᠢ ᠵᠢᠯ ᠪᠦᠷᠢ ᠴᠥᠮ ᠰᠢᠯᠭ᠋ᠠᠨ ᠲᠣᠭᠲᠠᠭ᠋ᠠᠬᠤ ᠴᠢᠬᠤᠯᠠᠲᠠᠢ ᠪᠠᠢ᠌ᠵᠤ᠂ ᠡᠯᠧᠺᠲᠷᠣᠨ ᠵᠢᠩᠯᠡᠭᠦᠷ᠎ᠤᠨ ᠰᠢᠯᠭ᠋ᠠᠨ ᠲᠣᠭᠲᠠᠭ᠋ᠠᠭᠰᠠᠨ ᠬᠦᠴᠦᠨᠲᠠᠢᠢ ᠬᠤᠭᠤᠴᠠᠭ᠎ᠠ ᠵᠢ ᠴᠠᠭ ᠲᠤᠬᠠᠢᠳᠤᠨᠢ ᠠᠩᠬᠠᠷᠬᠤ ᠬᠡᠷᠡᠭᠲᠡᠢ᠃
ᠳᠠᠬᠢᠨ ᠳᠠᠪᠲᠠᠨ ᠴᠢᠬᠤᠯᠠᠴᠢᠯᠠᠬᠤ᠎ᠨᠢ᠂ ᠬᠡᠷᠪᠡ ᠬᠡᠷᠡᠭᠯᠡᠭᠡᠨ᠎ᠤ ᠶᠠᠪᠤᠴᠠ᠎ᠳᠤ ᠬᠤᠳᠠᠯᠳᠤᠭ᠋ᠠᠴᠢᠨ ᠵᠢᠩ ᠯᠠᠩᠢ ᠳᠤᠲᠠᠭ᠋ᠠᠭᠰᠠᠨ ᠪᠠᠶ᠋ᠢᠳᠠᠯ᠎ᠢ ᠣᠯᠵᠤ ᠮᠡᠳᠡᠪᠡᠯ᠂ ᠴᠠᠭ ᠲᠤᠬᠠᠶ᠎ᠳᠤᠨᠢ ᠭᠡᠷᠡᠴᠢ ᠪᠠᠷᠢᠮᠲᠠ ᠴᠤᠭᠯᠠᠭᠤᠯᠵᠤ᠂ 12315 ᠪᠤᠶᠤ 12345᠎ᠳᠤ ᠤᠲᠠᠰᠤᠳᠠᠵᠤ ᠵᠠᠭ᠋ᠠᠯᠳᠤᠵᠤ ᠢᠯᠡᠴᠢᠯᠡᠨ ᠮᠡᠳᠡᠭᠦᠯᠦᠭᠡᠷᠡᠢ᠃