ᠴᠠᠭ᠋ᠠᠨ ᠰᠠᠷ᠎ᠠ ᠪᠣᠯ ᠨᠠᠢ᠌ᠵᠠ ᠵᠢᠨ ᠲᠣᠭᠣᠷᠢᠭ᠎ᠲᠤ ᠡᠯ᠎ᠡ ᠵᠦᠢ᠍ᠯ᠎ᠤᠨ ᠠᠭᠤᠯᠭ᠎ᠠ ᠨᠡᠢ᠌ᠲᠡᠯᠡᠵᠦ ᠬᠤᠪᠢᠶᠠᠯᠴᠠᠬᠤ ᠣᠷᠭᠢᠯ᠎ᠤᠨ ᠬᠤᠭᠤᠴᠠᠭ᠎ᠠ ᠪᠣᠯᠤᠨ᠎ᠠ᠃ ᠡᠳᠡᠭᠡᠷ ᠠᠵᠢᠯᠯᠠᠭ᠎ᠠ᠎ᠨᠢ ᠬᠤᠪᠢ ᠬᠥᠮᠦᠨ᠎ᠤ ᠬᠤᠯᠪᠣᠭᠳᠠᠯ ᠪᠦᠬᠦᠢ ᠮᠡᠳᠡᠭᠡ ᠵᠠᠩᠭᠢ ᠵᠢ ᠵᠠᠳᠠᠷᠠᠭᠤᠯᠵᠤ ᠮᠡᠳᠡᠨ᠎ᠡ ᠭᠡᠰᠡᠨ᠎ᠢ ᠲᠠ ᠮᠡᠳᠡᠨ᠎ᠡ ᠦᠦ᠂ ᠬᠡᠷᠪᠡ ᠣᠨᠳᠣᠣ ᠰᠠᠨᠠᠭ᠎ᠠ ᠪᠦᠬᠦᠢ ᠬᠥᠮᠥᠨ᠎ᠳᠤ ᠦᠵᠡᠭᠳᠡᠬᠦ ᠪᠤᠶᠤ ᠠᠰᠢᠭᠯᠠᠭᠳᠠᠪᠠᠯ ᠭᠡᠷ ᠡᠷᠦᠬᠡ ᠪᠤᠶᠤ ᠬᠤᠪᠢ ᠬᠥᠮᠦᠨ᠎ᠤ ᠡᠳ᠋ ᠪᠣᠳᠠᠰ᠂ ᠴᠢᠨᠠᠭᠰᠢᠯᠠᠪᠠᠯ ᠥᠪᠡᠷ᠎ᠤᠨ ᠪᠡᠶ᠎ᠡ ᠪᠠ ᠭᠡᠷ᠎ᠤᠨ ᠬᠥᠮᠦᠰ᠎ᠤᠨ ᠵᠶ᠋ᠠᠨ ᠠᠮᠤᠷ ᠲᠦᠪᠰᠢᠨ᠎ᠢ ᠬᠤᠬᠢᠷᠠᠭᠤᠯᠵᠤ ᠮᠡᠳᠡᠨ᠎ᠡ᠃
ᠨᠢᠭᠤᠴᠠ ᠵᠢ ᠵᠠᠳᠠᠷᠠᠭᠤᠯᠵᠤ ᠠᠶᠤᠯ ᠬᠥᠨᠥᠭᠡᠯ ᠲᠠᠲᠠᠬᠤ᠎ᠠᠴᠠ ᠰᠡᠷᠭᠡᠶ᠋ᠢᠯᠡᠬᠦ ᠬᠡᠷᠡᠭᠲᠡᠢ
ᠭᠠᠯᠲᠤ ᠲᠡᠷᠭᠡᠨ ᠪᠢᠯᠧᠲ᠂ ᠨᠢᠰᠭᠡᠯ᠎ᠤᠨ ᠪᠢᠯᠧᠲ᠂ ᠨᠢᠰᠭᠡᠯ᠎ᠳᠤ ᠭᠠᠷᠬᠤ ᠫᠠᠢ᠌ᠰᠠ ᠵᠢ ᠨᠡᠢ᠌ᠲᠡᠯᠡᠵᠦ ᠪᠣᠯᠬᠤ ᠦᠭᠡᠢ
ᠮᠠᠰᠢ ᠣᠯᠠᠨ ᠬᠥᠮᠦᠨ ᠠᠵᠢᠯ ᠵᠶ᠋ᠠᠷ ᠭᠠᠷᠬᠤ᠂ ᠵᠢᠭᠤᠯᠴᠢᠯᠠᠬᠤ᠎ᠳᠠᠭᠠᠨ ᠭᠠᠯᠲᠤ ᠲᠡᠷᠭᠡᠨ᠎ᠤ ᠪᠢᠯᠧᠲ᠂ ᠨᠢᠰᠭᠡᠯ᠎ᠳᠤ ᠭᠠᠷᠬᠤ ᠫᠠᠢ᠍ᠰᠠ ᠵᠡᠷᠭᠡ᠎ᠪᠠᠨ ᠰᠡᠭᠦᠳᠡᠷᠯᠡᠵᠦ᠂ ᠨᠠᠢ᠌ᠵᠠ ᠵᠢᠨ ᠲᠣᠭᠣᠷᠢᠭ᠎ᠲᠤ᠎ᠪᠠᠨ ᠨᠡᠢ᠌ᠲᠡᠯᠡᠬᠦ ᠳᠤᠷᠠᠲᠠᠢ ᠪᠠᠢ᠌ᠳᠠᠭ᠃ ᠥᠪᠡᠷ᠎ᠢ᠎ᠪᠠᠨ ᠬᠠᠮᠠᠭ᠋ᠠᠯᠠᠬᠤ ᠤᠬᠠᠮᠰᠠᠷ᠎ᠨᠢ ᠴᠢᠩᠭ᠎ᠠ ᠵᠠᠷᠢᠮ ᠬᠥᠮᠥᠨ᠎ᠨᠢ ᠣᠪᠣᠭ ᠨᠡᠷ᠎ᠡ ᠵᠢ ᠪᠠᠯᠠᠷᠬᠠᠢ ᠪᠣᠯᠭ᠋ᠠᠵᠤ ᠨᠡᠢ᠌ᠲᠡᠯᠡᠳᠡᠭ᠂ ᠭᠡᠪᠡᠴᠦ ᠫᠢᠶᠣᠣ ᠳᠡᠭᠡᠷᠡᠬᠢ ᠠᠭᠤᠯᠭ᠎ᠠ ᠵᠢ ᠠᠩᠬᠠᠷᠳᠠᠭ ᠦᠭᠡᠢ᠃
ᠣᠨᠴᠠᠭ᠋ᠠᠶ᠋ᠢᠯᠠᠨ ᠰᠠᠨᠠᠭᠤᠯᠬᠤ ᠴᠢᠬᠤᠯᠠᠲᠠᠢ ᠵᠦᠢ᠍ᠯ ᠭᠡᠪᠡᠯ᠂ ᠨᠢᠰᠬᠡᠯ᠎ᠤᠨ ᠪᠢᠯᠧᠲ ᠪᠣᠯᠣᠨ ᠭᠠᠯᠲᠤ ᠲᠡᠷᠭᠡᠨ᠎ᠤ ᠪᠢᠯᠧᠲ᠎ᠤᠨ ᠵᠢᠷᠤᠭ᠋ᠠᠰᠤᠨ ᠲᠡᠮᠳᠡᠭ ᠪᠤᠶᠤ ᠬᠤᠶᠠᠷ ᠬᠡᠮᠵᠢᠯᠳᠦ ᠺᠣᠳ᠋᠎ᠳᠤ ᠠᠶᠠᠨᠴᠢᠳ᠎ᠤᠨ ᠬᠤᠪᠢ ᠬᠥᠮᠥᠨ᠎ᠤ ᠪᠡᠶ᠎ᠡ ᠵᠢᠨ ᠦᠨᠡᠮᠯᠡᠯ᠎ᠤᠨ ᠨᠣᠮᠧᠷ ᠵᠡᠷᠭᠡ ᠮᠡᠳᠡᠭᠡ ᠵᠠᠩᠭᠢ ᠠᠭᠤᠯᠤᠭᠳᠠᠵᠤ᠂ ᠬᠤᠪᠢ ᠬᠥᠮᠥᠨ᠎ᠤ ᠮᠡᠳᠡᠭᠡ ᠵᠠᠩᠭᠢ᠎ᠨᠢ ᠳᠡᠭᠡᠳᠦ ᠰᠢᠨᠵᠢᠯᠡᠬᠦ ᠤᠬᠠᠭ᠋ᠠᠨ ᠮᠡᠷᠭᠡᠵᠢᠯ ᠵᠶ᠋ᠡᠷ ᠬᠤᠯᠠᠭ᠋ᠠᠢ᠌ᠯᠠᠭᠳᠠᠬᠤ ᠪᠣᠯᠣᠯᠴᠠᠭ᠎ᠠ᠎ᠲᠠᠢ᠃
ᠡᠶ᠋ᠢᠮᠦ᠎ᠠᠴᠠ᠂ ᠠᠮᠤᠷ ᠲᠦᠪᠰᠢᠨ᠎ᠤ ᠲᠥᠯᠥᠭᠡ᠂ ᠨᠢᠰᠭᠡᠯ᠎ᠳᠤ ᠭᠠᠷᠬᠤ ᠫᠠᠢ᠌ᠰᠠ ᠵᠢ ᠨᠠᠢ᠌ᠵᠠ ᠵᠢᠨ ᠲᠣᠭᠣᠷᠢᠭ᠎ᠲᠤ ᠨᠡᠢ᠌ᠲᠡᠯᠡᠵᠦ ᠪᠣᠯᠬᠤ ᠦᠭᠡᠢ ᠮᠥᠷᠲᠡᠭᠡᠨ ᠪᠠᠰᠠ ᠳᠤᠷ᠎ᠠ᠎ᠪᠠᠷ ᠬᠠᠶᠠᠵᠤ ᠪᠣᠯᠬᠤ ᠦᠭᠡᠢ᠂ ᠬᠠᠮᠤᠭ ᠲᠣᠬᠢᠷᠠᠮᠵᠢᠲᠠᠢ ᠰᠢᠢ᠍ᠳᠪᠦᠷᠢᠯᠡᠬᠦ ᠠᠷᠭ᠎ᠠ ᠪᠣᠯ ᠤᠷᠠᠵᠤ ᠬᠠᠶᠠᠨ᠎ᠠ!
ᠫᠠᠰᠫᠣᠷᠲ᠂ ᠡᠭᠦᠳᠡᠨ ᠲᠦᠯᠬᠢᠭᠦᠷ᠂ ᠲᠡᠷᠭᠡᠨ᠎ᠤ ᠫᠠᠶ᠋ᠢᠰᠠ ᠵᠢ ᠨᠡᠢ᠌ᠲᠡᠯᠡᠵᠦ ᠪᠣᠯᠬᠤ ᠦᠭᠡᠢ
ᠡᠳᠡᠭᠡᠷ ᠮᠡᠳᠡᠭᠡ ᠵᠠᠩᠭᠢ ᠠᠭᠤᠯᠤᠭᠰᠠᠨ ᠭᠡᠷᠡᠯ ᠵᠢᠷᠤᠭ ᠲᠠᠨ᠎ᠤ ᠣᠨᠴᠠᠭ᠋ᠠᠢ ᠴᠠᠭ ᠬᠤᠭᠤᠴᠠᠭ᠋ᠠᠨ᠎ᠳᠤ ᠪᠠᠶ᠋ᠢᠭ᠎ᠠ ᠣᠨᠴᠠᠭ᠋ᠠᠢ ᠪᠠᠢ᠌ᠷᠢᠰᠢᠯ ᠵᠢᠴᠢ ᠠᠮᠢᠳᠤᠷᠠᠯ᠎ᠤᠨ ᠬᠦᠷᠢᠶ᠎ᠡ ᠬᠡᠪᠴᠢᠶ᠎ᠡ ᠵᠢ ᠵᠠᠳᠠᠷᠠᠭᠤᠯᠬᠤ ᠪᠣᠯᠤᠨ᠎ᠠ᠃
ᠣᠷᠣᠨ ᠪᠠᠢ᠌ᠷᠢᠰᠢᠯ ᠵᠶ᠋ᠠᠨ ᠨᠡᠢ᠌ᠲᠡᠯᠡᠵᠦ ᠪᠣᠯᠬᠤ ᠦᠭᠡᠢ
ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ ᠶᠡᠬᠡᠩᠬᠢ ᠬᠦᠮᠦᠰ ᠨᠤᠲᠤᠭ ᠪᠤᠴᠠᠳᠠᠭ᠃
ᠬᠡᠷᠪᠡ ᠨᠠᠶ᠋ᠢᠵᠠ ᠵᠢᠨ ᠲᠣᠭᠤᠷᠢᠭ᠎ᠲᠤ ᠣᠷᠣᠨ ᠪᠠᠢ᠌ᠷᠢᠰᠢᠯ᠎ᠲᠠᠢ ᠮᠡᠳᠡᠭᠡ ᠵᠠᠩᠭᠢ ᠵᠢ ᠨᠡᠶ᠋ᠢᠲᠡᠯᠡᠪᠡᠯ᠂ ᠮᠠᠰᠢ ᠦᠨᠡᠨ ᠪᠣᠳᠠᠲᠠᠢ ᠬᠤᠪᠢ ᠬᠥᠮᠥᠨ᠎ᠤ ᠮᠡᠳᠡᠭᠡ ᠵᠠᠩᠭᠢ ᠵᠢ ᠢᠯᠡᠷᠡᠭᠦᠯᠵᠦ᠂ ᠮᠠᠭᠤ ᠬᠥᠮᠥᠨ᠎ᠳᠤ ᠠᠰᠢᠭᠯᠠᠭᠳᠠᠨ᠎ᠠ᠃
ᠬᠡᠦᠬᠡᠳ᠎ᠤᠨ ᠰᠡᠭᠦᠳᠡᠷ ᠪᠠ ᠨᠡᠷ᠎ᠡ ᠵᠢ ᠨᠡᠢ᠌ᠲᠡᠯᠡᠵᠦ ᠪᠣᠯᠬᠤ ᠦᠭᠡᠢ
ᠪᠣᠳᠠᠲᠤ ᠠᠬᠤᠢ ᠳᠤᠮᠳᠠ᠂ ᠮᠠᠰᠢ ᠣᠯᠠᠨ ᠮᠡᠬᠡᠯᠡᠭᠴᠢ᠎ᠨᠢ ᠬᠣᠣᠷᠯᠠᠭᠳᠠᠭᠴᠢ᠎ᠲᠠᠢ ᠲᠠᠨᠢᠯᠴᠠᠬᠤ ᠦᠭᠡᠢ᠂ ᠲᠡᠭᠡᠪᠡᠯ ᠶᠠᠭ᠋ᠠᠬᠢᠭ᠋ᠠᠳ ᠬᠡᠦᠬᠡᠳ ᠪᠣᠯᠣᠨ ᠡᠵᠢ ᠵᠢᠨ᠎ᠬᠢᠨ ᠨᠡᠷ᠎ᠡ ᠵᠢ ᠬᠡᠯᠡᠵᠦ ᠭᠠᠷᠭ᠋ᠠᠵᠤ ᠳᠡᠢ᠌ᠯᠳᠡᠭ ᠪᠣᠢ? ᠲᠡᠳᠡᠨ᠎ᠳᠤ ᠶᠠᠭ᠋ᠠᠬᠢᠭ᠋ᠠᠳ ᠪᠠᠰᠠ ᠬᠣᠶᠠᠭᠤᠯᠠ ᠵᠢᠨ ᠰᠡᠭᠦᠳᠡᠷ ᠪᠠᠢ᠌ᠳᠠᠭ ᠪᠤᠢ ᠭᠡᠪᠡᠯ ᠰᠢᠯᠲᠠᠭ᠋ᠠᠨ᠎ᠨᠢ ᠳᠠᠷᠤᠢ ᠸᠢᠴᠠᠲ ᠳᠤᠮᠳᠠᠬᠢ 《ᠣᠢ᠌ᠷ᠎ᠠ ᠬᠠᠪᠢ ᠵᠢᠨ ᠬᠦᠮᠦᠨ》 ᠭᠡᠬᠦ ᠴᠢᠳᠠᠮᠵᠢᠳᠤ ᠪᠠᠶ᠋ᠢᠨ᠎ᠠ᠃
ᠬᠡᠦᠬᠡᠳ᠎ᠤᠨ ᠭᠡᠷᠡᠯ ᠵᠢᠷᠤᠭ ᠵᠶ᠋ᠠᠨ ᠨᠡᠢ᠌ᠲᠡᠯᠡᠬᠦ ᠳᠤᠷᠠᠲᠠᠢ ᠠᠪᠤ ᠡᠵᠢ ᠨᠠᠷ᠂ ᠬᠤᠪᠢᠶᠠᠯᠴᠠᠬᠤ ᠬᠦᠷᠢᠶ᠎ᠡ ᠬᠡᠪᠴᠢᠶ᠎ᠡ ᠵᠢ ᠬᠢᠵᠠᠭ᠋ᠠᠷᠯᠠᠵᠤ᠂ ᠳᠤᠭᠤᠶ᠋ᠢᠯᠠᠩ ᠬᠤᠪᠢᠶᠠᠭᠰᠠᠨ ᠬᠡᠯᠪᠡᠷᠢ᠎ᠪᠠᠷ ᠲᠥᠷᠥᠯ ᠰᠠᠳᠤᠨ᠎ᠳᠠᠭᠠᠨ ᠬᠤᠪᠢᠶᠠᠨ ᠥᠭᠴᠦ ᠦᠵᠡᠭᠦᠯᠵᠦ ᠪᠣᠯᠣᠨ᠎ᠠ᠃
ᠨᠠᠰᠤᠲᠠᠨ᠎ᠤ᠎ᠪᠠᠨ ᠰᠡᠭᠦᠳᠡᠷ᠎ᠢ ᠨᠡᠢ᠌ᠲᠡᠯᠡᠵᠦ ᠪᠣᠯᠬᠤ ᠦᠭᠡᠢ
ᠨᠠᠰᠤᠲᠠᠨ᠎ᠤ ᠰᠡᠭᠦᠳᠡᠷ ᠵᠶ᠋ᠡᠨ ᠨᠡᠢ᠌ᠲᠡᠯᠡᠬᠦ᠎ᠨᠢ ᠮᠠᠭᠤ ᠬᠥᠮᠥᠨ᠎ᠳᠤ ᠨᠡᠩ ᠠᠮᠠᠷᠬᠠᠨ ᠠᠰᠢᠭᠯᠠᠭᠳᠠᠨ᠎ᠠ᠃ ᠬᠡᠷᠪᠡ ᠶᠠᠮᠠᠷ ᠨᠢᠭᠡᠨ ᠬᠥᠮᠦᠨ ᠭᠡᠨᠡᠳᠲᠡ ᠨᠠᠰᠤᠲᠠᠨ᠎ᠤ ᠣᠮᠪᠣᠯᠤᠨᠬᠢᠨ ᠨᠡᠷ᠎ᠡ ᠵᠢ ᠬᠡᠯᠡᠵᠦ ᠭᠠᠷᠭ᠋ᠠᠭ᠋ᠠᠳ᠂ ᠳᠠᠬᠢᠭ᠋ᠠᠳ ᠶᠠᠮᠠᠷ ᠨᠢᠭᠡᠨ ᠬᠤᠳᠠᠯ ᠦᠭᠡ᠎ᠲᠠᠢ ᠬᠠᠪᠰᠤᠷᠭ᠋ᠠᠪᠠᠯ ᠨᠠᠰᠤᠲᠠᠨ᠎ᠤ ᠬᠠᠳᠠᠭ᠋ᠠᠯᠠᠮᠵᠢ ᠵᠢ ᠮᠠᠰᠢ ᠳᠥᠭᠥᠮᠬᠡᠨ ᠮᠡᠬᠡᠯᠡᠴᠢᠬᠡᠨᠡ᠃
ᠡᠳᠦᠷ ᠳᠤᠲᠤᠮ᠎ᠤᠨ ᠦᠢ᠍ᠯᠡ ᠠᠵᠢᠯᠯᠠᠭ᠎ᠠ᠎ᠳᠤ᠎ᠪᠠᠨ ᠰᠡᠷᠡᠮᠵᠢᠯᠡᠬᠦ ᠬᠡᠷᠡᠭᠲᠡᠢ
ᠭᠠᠳᠠᠭᠰᠢ ᠭᠠᠷᠬᠤ᠎ᠳᠤ᠎ᠪᠠᠨ
ᠬᠡᠵᠢᠶ᠎ᠡ᠂ ᠬᠠᠮᠢᠶ᠎ᠠ ᠶᠠᠪᠤᠬᠤ ᠵᠡᠷᠭᠡ ᠮᠡᠳᠡᠭᠡ ᠵᠠᠩᠭᠢ ᠵᠢ ᠠᠯᠢ ᠴᠢᠳᠠᠬᠤ᠎ᠪᠠᠷ ᠵᠠᠳᠠᠷᠠᠭᠤᠯᠵᠤ ᠪᠣᠯᠬᠤ ᠥᠬᠡᠢ᠂ ᠬᠤᠯᠠᠭ᠋ᠠᠢ᠌ᠴᠢ ᠬᠤᠯᠠᠭ᠋ᠠᠢ᠌ᠯᠠᠬᠤ ᠵᠢ ᠰᠡᠷᠭᠡᠢ᠌ᠯᠡᠬᠦ ᠬᠡᠷᠡᠭᠲᠡᠢ᠃
ᠪᠠᠶᠠᠷ ᠳᠤᠷᠠᠰᠬᠠᠯ ᠠᠮᠠᠷᠠᠯᠲᠠ ᠵᠢᠨ ᠡᠳᠦᠷ᠎ᠤᠨ ᠵᠢᠭᠤᠯᠴᠢᠯᠠᠯ
ᠬᠡᠷᠪᠡ ᠬᠥᠮᠦᠰ ᠰᠢᠬᠠᠯᠳᠤᠬᠤ᠂ ᠵᠠᠮ ᠪᠥᠭᠯᠡᠷᠡᠬᠦ᠂ ᠵᠠᠮ ᠬᠠᠷᠢᠯᠴᠠᠭ᠋ᠠᠨ᠎ᠤ ᠡᠨᠳᠡᠯ ᠭᠠᠷᠬᠤ ᠵᠡᠷᠭᠡ ᠠᠰᠠᠭᠤᠳᠠᠯ ᠲᠤᠯᠭ᠋ᠠᠷᠠᠪᠠᠯ᠂ ᠦᠨᠡᠨ ᠪᠣᠳᠠᠲᠠᠶ ᠪᠠᠶ᠋ᠢᠳᠠᠯ᠎ᠢ᠎ᠨᠢ ᠮᠡᠳᠡᠬᠦ᠎ᠠᠴᠠ ᠡᠮᠦᠨ᠎ᠡ ᠰᠣᠬᠣᠷ ᠪᠠᠯᠠᠶ᠎ᠪᠠᠷ ᠲᠠᠷᠬᠠᠭ᠋ᠠᠨ ᠳᠠᠮᠵᠢᠭᠤᠯᠵᠤ ᠪᠣᠯᠬᠤ ᠦᠭᠡᠶ᠃
ᠰᠡᠳᠬᠢᠯᠭᠡ ᠵᠢᠨ ᠠᠰᠠᠭᠤᠳᠠᠯ
ᠰᠡᠳᠬᠢᠯᠭᠡ ᠵᠢᠨ ᠲᠠᠯ᠎ᠠ᠎ᠪᠠᠷ᠎ᠬᠢ ᠳᠤᠷ᠎ᠠ ᠦᠭᠡᠢ᠌ᠴᠡᠭᠰᠡᠨ ᠵᠡᠷᠭᠡ ᠮᠡᠳᠡᠭᠡ ᠵᠠᠩᠭᠢ ᠵᠢ ᠴᠦ᠍ ᠪᠠᠭ᠎ᠠ ᠨᠡᠢ᠌ᠲᠡᠯᠡᠪᠡᠯ ᠵᠣᠬᠢᠨ᠎ᠠ᠃ ᠡᠨᠡ᠎ᠨᠢ ᠴᠤ᠌ ᠣᠨᠳᠣᠣ ᠰᠠᠨᠠᠭ᠎ᠠ ᠪᠦᠬᠦᠢ ᠬᠥᠮᠥᠨ᠎ᠳᠤ ᠠᠰᠢᠭᠯᠠᠭᠳᠠᠵᠤ ᠮᠡᠳᠡᠬᠦ ᠪᠥᠭᠡᠳ ᠬᠥᠮᠥᠨ᠎ᠤ ᠬᠣᠭᠣᠷᠣᠨᠳᠤᠬᠢ ᠬᠠᠷᠢᠴᠠᠭ᠎ᠠ ᠵᠢ ᠨᠥᠯᠥᠭᠡᠯᠡᠵᠦ ᠮᠡᠳᠡᠨ᠎ᠡ᠃
ᠭᠠᠷ ᠤᠲᠠᠰᠤ ᠵᠢᠨ ᠡᠳᠡᠭᠡᠷ ᠴᠢᠳᠠᠮᠵᠢ ᠵᠢ ᠡᠵᠡᠮᠰᠢᠭᠡᠷᠡᠢ
《ᠣᠢ᠌ᠷ᠎ᠠ ᠬᠠᠪᠢ ᠵᠢᠨ ᠬᠥᠮᠦᠨ》 ᠴᠢᠳᠠᠮᠵᠢ᠎ᠪᠠᠨ ᠬᠠᠭ᠋ᠠᠭ᠋ᠠᠷᠠᠢ
ᠸᠢᠴᠠᠲ ᠳᠡᠭᠡᠷᠡᠬᠢ 《ᠣᠢ᠌ᠷ᠎ᠠ ᠬᠠᠪᠢ ᠵᠢᠨ ᠬᠥᠮᠦᠨ》 ᠴᠢᠳᠠᠮᠵᠢ᠎ᠨᠢ ᠴᠢᠨᠦ ᠪᠠᠢ᠌ᠷᠢᠰᠢᠯ᠎ᠢ ᠲ᠋ᠣᠭᠲᠠᠭ᠋ᠠᠵᠤ ᠪᠣᠯᠤᠨ᠎ᠠ᠃ 《ᠪᠠᠢ᠌ᠷᠢᠰᠢᠯ - ᠨᠡᠶ᠋ᠢᠳᠡᠮ ᠬᠡᠷᠡᠭᠯᠡᠬᠦ — ᠣᠯᠵᠤ ᠮᠡᠳᠡᠬᠦ ᠨᠢᠭᠤᠷ᠎ᠤᠨ ᠬᠠᠮᠢᠶᠠᠷᠤᠯᠲᠠ — ᠣᠶ᠋ᠢᠷ᠎ᠠ ᠬᠠᠪᠢ ᠵᠢᠨ ᠬᠥᠮᠥᠨ》 ᠭᠡᠬᠦ ᠳᠡᠰ ᠳᠠᠷᠠᠭ᠋ᠠᠯᠠᠯ ᠵᠶ᠋ᠠᠷ 《ᠣᠯᠵᠤ ᠮᠡᠳᠡᠬᠦ ᠨᠢᠭᠤᠷ᠎ᠤᠨ ᠣᠷᠣᠬᠤ ᠡᠭᠦᠳᠡ》 ᠵᠢ ᠬᠠᠭ᠋ᠠᠭ᠋ᠠᠷᠠᠢ᠃
《ᠨᠡᠩᠵᠢᠬᠦ ᠵᠢ ᠵᠥᠪᠰᠢᠶᠡᠷᠡᠬᠦ》 ᠴᠢᠳᠠᠮᠵᠢ᠎ᠪᠠᠨ ᠬᠠᠭ᠋ᠠᠭ᠋ᠠᠷᠠᠢ
ᠸᠢᠴᠠᠲ᠎ᠤᠨ 《ᠬᠤᠪᠢ ᠵᠢᠨ ᠨᠢᠭᠤᠴᠠ》᠎ᠳᠤ᠂ 《QQ᠎ᠪᠠᠷ ᠳᠠᠮᠵᠢᠨ ᠨᠠᠮᠠᠶ᠋ᠢ ᠬᠠᠢ᠌ᠬᠤ》 ᠪᠠ 《ᠭᠠᠷ ᠤᠲᠠᠰᠤᠨ ᠨᠣᠮᠧᠷ ᠵᠶ᠋ᠠᠷ ᠲᠠᠮᠵᠢᠨ ᠨᠠᠮᠠᠶ᠋ᠢ ᠬᠠᠢ᠌ᠬᠤ》 ᠵᠢ ᠬᠠᠭ᠋ᠠᠭ᠋ᠠᠷᠠᠢ᠃
《ᠪᠠᠢ᠌ᠴᠠᠭ᠋ᠠᠨ ᠦᠵᠡᠬᠦ ᠵᠢ ᠵᠥᠪᠰᠢᠶᠡᠷᠡᠨ᠎ᠡ》 ᠴᠢᠳᠠᠮᠵᠢ᠎ᠪᠠᠨ ᠬᠠᠭ᠋ᠠᠭ᠋ᠠᠷᠠᠢ
ᠸᠢᠴᠠᠲ᠎ᠤᠨ 《ᠬᠤᠪᠢ ᠵᠢᠨ ᠨᠢᠭᠤᠴᠠ》᠎ᠳᠠᠬᠢ 《ᠲᠠᠨᠢᠯ ᠪᠤᠰᠤ ᠬᠥᠮᠦᠨ ᠠᠷᠪᠠᠨ ᠵᠤᠷᠪᠤᠰ ᠨᠠᠢ᠌ᠵᠠ ᠵᠢᠨ ᠲᠣᠭᠣᠷᠢᠭ᠎ᠢ ᠪᠠᠢ᠌ᠴᠠᠭ᠋ᠠᠨ ᠦᠵᠡᠬᠦ ᠵᠢ ᠵᠥᠪᠰᠢᠶᠡᠷᠡᠨ᠎ᠡ》 ᠵᠢ ᠬᠠᠭ᠋ᠠᠭ᠋ᠠᠷᠠᠢ᠃
ᠭᠠᠷ ᠤᠲᠠᠰᠤ᠎ᠪᠠᠨ ᠭᠡᠭᠡᠪᠡᠯ ᠪᠦᠦ ᠰᠠᠨᠳᠤᠷ ᠡ
ᠡᠵᠡᠩᠨᠡᠯᠲᠡ ᠵᠢᠨ ᠠᠷᠠᠯᠵᠢᠶᠠᠴᠢᠨ (ᠳᠤᠮᠳᠠᠳᠤ ᠤᠯᠤᠰ᠎ᠤᠨ ᠴᠠᠬᠢᠯᠭ᠋ᠠᠨ ᠬᠣᠯᠪᠣᠭ᠎ᠠ 10000᠂ ᠳᠤᠮᠳᠠᠳᠤ ᠤᠯᠤᠰ᠎ᠤᠨ ᠰᠢᠯᠵᠢᠮᠡᠯ ᠬᠣᠯᠪᠣᠭ᠎ᠠ 10086᠂ ᠳᠤᠮᠳᠠᠳᠤ ᠤᠯᠤᠰ᠎ᠤᠨ ᠨᠢᠭᠡᠳᠦᠭᠰᠡᠨ ᠬᠣᠯᠪᠣᠭ᠎ᠠ 10010)᠎ᠳᠤ ᠤᠲᠠᠰᠤᠳᠠᠵᠤ᠂ ᠭᠠᠷ ᠤᠲᠠᠰᠤ᠎ᠪᠠᠨ ᠭᠡᠭᠡᠭᠰᠡᠨ ᠵᠶ᠋ᠡᠨ ᠳᠠᠩᠰᠠᠯᠠᠭᠤᠯᠤᠨ᠎ᠠ; ᠪᠠᠩᠬᠢ᠎ᠳᠤ ᠤᠲᠠᠰᠤᠳᠠᠵᠤ ᠰᠦᠯᠵᠢᠶᠡᠨ᠎ᠤ ᠮᠥᠩᠭᠥ᠎ᠪᠠᠨ ᠴᠡᠪᠳᠡᠭᠯᠡᠭᠦᠯᠦᠨᠡ; ᠲᠣᠭ᠋ᠠᠴᠠᠭ᠎ᠠ ᠬᠢᠬᠦ ᠡᠷᠳᠡᠨᠢ ᠵᠢ ᠲᠠᠢ᠌ᠯᠬᠤ 95188; ᠸᠢᠴᠠᠲ᠎ᠢ ᠲᠠᠢ᠌ᠯᠬᠤ 110.qq. com᠃