2024 ᠣᠨ᠎ᠤ ᠬᠡᠦᠬᠡᠳ᠎ᠤᠨ ᠪᠠᠶᠠᠷ᠎ᠤᠨ ᠡᠳᠦᠷ᠎ᠤᠨ ᠢᠳᠡᠭᠡᠨ ᠤᠮᠳᠠᠭ᠋ᠠᠨ᠎ᠤ ᠬᠡᠷᠡᠭᠯᠡᠭᠡᠨ᠎ᠤ ᠰᠠᠨᠠᠭᠤᠯᠤᠮᠵᠢ
2024-05-29

    《ᠵᠢᠷᠭᠤᠭ᠋ᠠᠨ ᠰᠠᠷ᠎ᠠ ᠵᠢᠨ ᠨᠢᠭᠡᠨ》᠎ᠤ ᠬᠡᠦᠬᠡᠳ᠎ᠤᠨ ᠪᠠᠶᠠᠷ᠎ᠤᠨ ᠡᠳᠦᠷ ᠤᠳᠠᠯ ᠦᠭᠡᠢ ᠢᠷᠡᠬᠦ ᠭᠡᠵᠦ ᠪᠠᠢ᠌ᠨ᠎ᠠ᠃ ᠡᠨᠡ ᠬᠦ᠌ ᠪᠢᠴᠢᠬᠠᠨ ᠨᠠᠢ᠌ᠵᠠ ᠨᠠᠷ᠎ᠤᠨ ᠪᠠᠶᠠᠷ᠎ᠤᠨ ᠡᠳᠦᠷ᠎ᠲᠤ᠂ ᠪᠢᠳᠡ ᠬᠡᠦᠬᠡᠳ᠎ᠤᠨ ᠢᠳᠡᠭᠡᠨ ᠤᠮᠳᠠᠭ᠋ᠠᠨ᠎ᠤ ᠠᠮᠤᠷ ᠲᠦᠪᠰᠢᠨ ᠪᠠ ᠡᠷᠡᠭᠦᠯ ᠮᠡᠨᠳᠦ ᠵᠢ ᠣᠨᠴᠠᠭ᠋ᠠᠶ᠋ᠢᠯᠠᠨ ᠠᠩᠬᠠᠷᠤᠯ᠎ᠳᠤ᠎ᠪᠠᠨ ᠲᠠᠯᠪᠢᠶ᠎ᠠ᠃

     ᠡᠳᠦᠷ᠎ᠤᠨ ᠭᠤᠷᠪᠠᠨ ᠡᠷᠡᠨ᠎ᠤ ᠬᠤᠭᠤᠯᠠ ᠵᠢ ᠪᠠᠲᠤᠯᠠᠵᠤ᠂ ᠰᠢᠮ᠎ᠡ ᠲᠡᠵᠢᠭᠡᠯ᠎ᠢ ᠵᠣᠬᠢᠰᠲᠠᠢ ᠲᠣᠬᠢᠷᠠᠭᠤᠯᠬᠤ ᠬᠡᠷᠡᠭᠲᠡᠢ

     ᠠᠮᠤ ᠪᠤᠳᠠᠭ᠎ᠠ᠎ᠪᠠᠷ ᠭᠣᠣᠯ ᠪᠣᠯᠭ᠋ᠠᠬᠤ᠄ ᠲᠤᠲᠤᠷᠭ᠎ᠠ᠂ ᠮᠠᠨᠲᠠᠤ᠂ ᠬᠠᠭ᠋ᠠᠷᠢᠮᠠᠯ ᠪᠣᠣᠪᠣ ᠵᠡᠷᠭᠡ ᠭᠣᠣᠯ ᠢᠳᠡᠭᠡᠨ᠎ᠠᠴᠠ ᠭᠠᠳᠠᠨ᠎ᠠ᠂ ᠡᠷᠳᠡᠨᠢ ᠰᠢᠰᠢ᠂ ᠬᠣᠰᠢᠭᠤ ᠪᠤᠳᠠᠭ᠎ᠠ ᠵᠡᠷᠭᠡ ᠪᠦᠳᠦᠭᠦᠯᠢᠭ ᠠᠮᠤ᠎ᠪᠠᠷ ᠭᠣᠣᠯ ᠢᠳᠡᠭᠡᠨ ᠪᠣᠯᠭ᠋ᠠᠵᠤ ᠪᠣᠯᠣᠨ᠎ᠠ᠃

     ᠮᠢᠬ᠎ᠠ᠂ ᠥᠨᠳᠡᠭᠡ᠂ ᠰᠦ᠂ ᠳ᠋ᠧᠦᠹᠦ᠋ ᠵᠡᠷᠭᠡ ᠢᠳᠡᠭᠡᠨ᠎ᠢ ᠴᠤ᠌ ᠵᠣᠬᠢᠬᠤ ᠬᠡᠮᠵᠢᠶ᠎ᠡ᠎ᠪᠠᠷ ᠢᠳᠡᠭᠦᠯᠬᠦ ᠬᠡᠷᠡᠭᠲᠡᠢ᠃

     ᠢᠳᠡᠰᠢᠨ ᠨᠣᠭᠣᠭ᠎ᠠ ᠵᠢᠮᠢᠰ᠎ᠤᠨ ᠵᠦᠢ᠍ᠯ᠎ᠢ ᠢᠯᠡᠭᠦᠦ ᠢᠳᠡᠭᠦᠯᠬᠦ᠄ ᠢᠳᠡᠰᠢᠨ ᠨᠣᠭᠣᠭ᠎ᠠ ᠵᠢᠮᠢᠰ᠎ᠤᠨ ᠵᠦᠢ᠍ᠯ᠎ᠢ ᠡᠳᠦᠷ ᠪᠦᠷᠢ ᠢᠳᠡᠨ᠎ᠡ᠂ ᠢᠯᠠᠩᠭᠤᠶ᠎ᠠ ᠭᠦᠨ ᠥᠩᠭᠡᠲᠡᠢ ᠨᠣᠭᠣᠭ᠎ᠠ ᠵᠢᠨ ᠵᠦᠢ᠍ᠯ᠃ ᠲᠦᠭᠦᠬᠡᠢ ᠵᠶ᠋ᠡᠷ ᠢᠳᠡᠵᠦ ᠪᠣᠯᠳᠠᠭ ᠭᠤᠸᠠ ᠵᠢᠮᠢᠰ᠂ ᠢᠳᠡᠰᠢᠨ ᠨᠣᠭᠣᠭ᠎ᠠ ᠵᠢ ᠴᠡᠪᠡᠷᠬᠡᠨ ᠤᠬᠢᠶᠠᠭᠰᠠᠨ᠎ᠤ ᠳᠠᠷᠠᠭ᠎ᠠ ᠢᠳᠡᠨ᠎ᠡ᠃

     ᠲᠣᠬᠢᠷᠠᠮᠵᠢᠲᠠᠢ ᠡᠳ᠋ᠰᠢᠭᠦᠯᠵᠦ ᠬᠣᠭᠣᠯᠠ ᠪᠣᠯᠭ᠋ᠠᠬᠤ᠄ ᠴᠢᠨᠠᠬᠤ᠂ ᠵᠢᠩᠨᠡᠬᠦ ᠵᠡᠷᠭᠡ ᠠᠷᠭ᠎ᠠ ᠵᠢ ᠰᠤᠩᠭᠤᠵᠤ᠂ ᠲᠣᠰᠣᠨ᠎ᠳᠤ ᠪᠤᠴᠠᠯᠭ᠋ᠠᠬᠤ᠂ ᠬᠠᠭ᠋ᠠᠷᠢᠵᠤ ᠰᠢᠷᠠᠬᠤ ᠵᠢ ᠪᠠᠭ᠋ᠠᠰᠬᠠᠬᠤ ᠬᠡᠷᠡᠭᠲᠡᠢ᠂ ᠰᠢᠷᠠᠵᠤ ᠢᠳᠡᠪᠡᠯ ᠵᠠᠪᠠᠯ ᠪᠦᠷᠢᠮᠦᠰᠦᠨ ᠰᠢᠷᠠᠵᠤ ᠪᠣᠯᠭᠣᠬᠤ ᠬᠡᠷᠡᠭᠲᠡᠢ᠃

     ᠰᠤᠯᠠ ᠢᠳᠡᠭᠡᠨ ᠤᠮᠳᠠᠭ᠋ᠠᠨ᠎ᠤ ᠲᠤᠬᠠᠢ᠄ ᠵᠢᠵᠢᠭᠬᠡᠨ ᠰᠤᠯᠠ ᠢᠳᠡᠭᠡᠨ᠎ᠤ ᠲᠤᠬᠠᠢ ᠡᠳᠡᠭᠡᠷ᠎ᠢ ᠣᠢ᠌ᠯᠠᠭ᠋ᠠᠬᠤ ᠴᠢᠬᠤᠯᠠᠲᠠᠢ

ᠵᠢᠩᠬᠢᠨᠢ ᠠᠷᠭ᠎ᠠ ᠵᠠᠮ ᠵᠶ᠋ᠠᠷ ᠰᠣᠩᠭᠣᠵᠤ ᠬᠤᠳᠠᠯᠳᠤᠨ ᠠᠪᠤᠭ᠋ᠠᠷᠠᠢ᠃  ᠵᠢᠩᠬᠢᠨᠢ ᠬᠤᠳᠠᠯᠳᠤᠭ᠋ᠠᠨ᠎ᠤ ᠬᠡᠲᠦ ᠳᠡᠯᠭᠡᠭᠦᠷ᠂ ᠵᠠᠬ᠎ᠠ ᠳᠡᠯᠭᠡᠭᠦᠷ ᠵᠡᠷᠭᠡ᠎ᠪᠠᠷ ᠬᠤᠳᠠᠯᠳᠤᠨ ᠠᠪᠬᠤ᠎ᠳᠤ᠂ ᠢᠷᠡᠯᠲᠡ᠎ᠨᠢ ᠲᠣᠳᠣᠷᠬᠠᠢ ᠦᠭᠡᠢ ᠪᠤᠶᠤ ᠬᠤᠭᠤᠴᠠᠭ᠎ᠠ᠎ᠨᠢ ᠥᠩᠭᠡᠷᠡᠭᠰᠡᠨ ᠢᠳᠡᠭᠡᠨ᠎ᠢ ᠬᠤᠳᠠᠯᠳᠤᠨ ᠠᠪᠴᠤ ᠪᠣᠯᠬᠤ ᠦᠭᠡᠢ᠂ ᠪᠠᠷᠠᠭ᠎ᠠ ᠬᠤᠳᠠᠯᠳᠤᠨ ᠠᠪᠤᠭᠰᠠᠨ ᠭᠡᠷᠡᠴᠢ ᠪᠠᠷᠢᠮᠲᠠ ᠠᠪᠬᠤ ᠬᠡᠷᠡᠭᠲᠡᠢ᠃

     ᠮᠠᠲ᠋ᠧᠷᠢᠶᠠᠯ ᠨᠠᠶ᠋ᠢᠷᠠᠭᠤᠯᠬᠤ ᠬᠦᠰᠦᠨᠦᠭ ᠪᠣᠯᠤᠨ ᠰᠢᠮ᠎ᠡ ᠲᠡᠵᠢᠭᠡᠯ᠎ᠤᠨ ᠪᠦᠷᠢᠯᠳᠦᠬᠦᠨ᠎ᠤ ᠬᠦᠰᠦᠨᠦᠭ᠎ᠢ ᠪᠠᠶ᠋ᠢᠴᠠᠭ᠋ᠠᠨ ᠦᠵᠡᠭᠡᠷᠡᠢ᠃  ᠢᠳᠡᠭᠡᠨ᠎ᠤ ᠲᠥᠷᠥᠯ᠎ᠢ ᠨᠠᠷᠢᠨ ᠨᠢᠮᠪᠠᠶ ᠢᠯᠭ᠋ᠠᠨ ᠲᠠᠨᠢᠵᠤ᠂ ᠮᠠᠲ᠋ᠧᠷᠢᠶᠠᠯ ᠨᠠᠶ᠋ᠢᠷᠠᠭᠤᠯᠬᠤ ᠬᠦᠰᠦᠨᠦᠭᠲᠦ ᠪᠠ ᠰᠢᠮ᠎ᠡ ᠲᠡᠵᠢᠭᠡᠯ᠎ᠤᠨ ᠪᠦᠷᠢᠯᠳᠦᠬᠦᠨ᠎ᠤ ᠬᠦᠰᠦᠨᠦᠭᠲᠦ ᠵᠢ ᠪᠠᠶ᠋ᠢᠴᠠᠭ᠋ᠠᠨ ᠦᠵᠡᠵᠦ᠂ ᠤᠭᠤᠷᠠᠭ᠂ ᠸᠢᠲ᠋ᠠᠮᠢᠨ ᠪᠠ ᠪᠢᠴᠢᠯ ᠡᠯᠧᠮᠧᠨ᠋ᠲ ᠵᠶ᠋ᠠᠷ ᠪᠠᠶᠠᠯᠢᠭ ᠢᠳᠡᠭᠡᠨ᠎ᠢ ᠤᠷᠢᠳ ᠵᠶ᠋ᠠᠷ ᠰᠣᠩᠭᠣᠭ᠋ᠠᠷᠠᠢ; ᠵᠠᠬ᠎ᠠ ᠳᠡᠯᠭᠡᠭᠦᠷ ᠳᠡᠭᠡᠷ᠎ᠡ 《ᠬᠡᠦᠬᠡᠳ》 ᠭᠡᠰᠡᠨ ᠦᠰᠦᠭ᠎ᠲᠠᠢ ᠢᠳᠡᠭᠡᠨ ᠪᠠᠢ᠌ᠳᠠᠭ᠂ ᠮᠠᠰᠢ ᠣᠯᠠᠨ ᠭᠡᠷ᠎ᠤᠨ ᠠᠬᠠᠮᠠᠳ ᠡᠭᠦᠨ᠎ᠢ ᠲᠤᠰᠬᠠᠶ᠋ᠢᠯᠠᠨ ᠬᠡᠦᠬᠡᠳ᠎ᠲᠤ ᠢᠳᠡᠭᠦᠯᠳᠡᠭ ᠢᠳᠡᠭᠡᠨ ᠭᠡᠵᠦ ᠪᠤᠷᠤᠭᠤ ᠣᠢ᠌ᠯᠠᠭ᠋ᠠᠳᠠᠭ᠃ ᠦᠨᠡᠨ᠎ᠳᠡᠭᠡᠨ᠂ ᠮᠠᠨ᠎ᠤ ᠤᠯᠤᠰ᠎ᠲᠤ ᠣᠳᠣᠬᠠᠨ᠎ᠳᠤ ᠬᠡᠦᠬᠡᠳ᠎ᠤᠨ ᠢᠳᠡᠭᠡᠨ᠎ᠤ ᠬᠣᠯᠪᠣᠭᠳᠠᠯ ᠪᠦᠬᠦᠢ ᠪᠠᠷᠢᠮᠵᠢᠶ᠎ᠠ ᠪᠠᠶ᠋ᠢᠬᠤ ᠦᠭᠡᠢ᠂ ᠭᠡᠷ᠎ᠤᠨ ᠠᠬᠠᠮᠠᠳ ᠪᠤᠷᠤᠭᠤ ᠵᠢᠯᠣᠭᠣᠳᠣᠭᠳᠠᠵᠤ ᠪᠣᠯᠬᠤ ᠦᠭᠡᠢ ᠭᠡᠵᠦ ᠰᠠᠨᠠᠭᠤᠯᠤᠶ᠎ᠠ᠃

     ᠰᠤᠯᠠ ᠢᠳᠡᠬᠡᠨ᠎ᠢ ᠬᠣᠭᠣᠯᠠᠨ᠎ᠤ ᠣᠷᠣᠨ᠎ᠳᠤ ᠢᠳᠡᠵᠦ ᠪᠤᠯᠬᠤ ᠦᠬᠡᠢ᠂ ᠬᠦᠢ᠍ᠲᠡᠨ᠎ᠢ ᠤᠮᠳᠠᠭ᠋ᠠᠨ ᠤᠤᠭᠤᠬᠤ ᠴᠠᠭ ᠪᠠ ᠬᠡᠮᠵᠢᠶ᠎ᠡ ᠵᠢ ᠠᠩᠬᠠᠷᠬᠤ ᠬᠡᠷᠡᠭᠲᠡᠢ

     ᠡᠷᠡᠨ᠎ᠤ ᠬᠣᠭᠣᠯᠠᠨ᠎ᠳᠤ ᠳᠡᠮᠡᠢ ᠢᠳᠡᠳᠡᠭ ᠦᠭᠡᠢ ᠵᠦᠢ᠍ᠯ ᠵᠶ᠋ᠡᠷ ᠰᠤᠯᠠ ᠢᠳᠡᠭᠡᠨ ᠪᠣᠯᠭ᠋ᠠᠵᠤ ᠪᠣᠯᠣᠨ᠎ᠠ᠂ ᠵᠢᠱ᠌ᠢᠶᠡᠯᠡᠪᠡᠯ ᠴᠠᠭ ᠤᠯᠠᠷᠢᠯ᠎ᠤᠨ ᠵᠢᠮᠢᠰ᠂ ᠬᠠᠲᠠᠭᠤ ᠵᠢᠮᠢᠰ ᠵᠡᠷᠭᠡ ᠵᠢ ᠰᠣᠩᠭᠣᠵᠤ ᠪᠣᠯᠣᠨ᠎ᠠ᠃ ᠳᠠᠪᠤᠰᠤ ᠶᠡᠬᠡᠲᠡᠶ᠂ ᠰᠢᠬᠢᠷ ᠶᠡᠬᠡᠲᠡᠶ᠂ ᠲᠣᠰᠣ ᠶᠡᠬᠡ ᠵᠡᠷᠭᠡ ᠰᠤᠯᠠ ᠢᠳᠡᠭᠡᠨ ᠢᠳᠡᠭᠦᠯᠬᠦ᠎ᠠᠴᠠ ᠵᠠᠶ᠋ᠢᠯᠠᠰᠬᠢᠵᠦ᠂ ᠬᠡᠲᠦ ᠠᠮᠲᠠ ᠣᠷᠣᠭᠤᠯᠤᠭᠰᠠᠨ ᠪᠠ ᠰᠡᠳᠦᠯᠲᠡ ᠵᠢᠨ ᠴᠢᠨᠠᠷᠲᠠᠶ ᠰᠤᠯᠠ ᠢᠳᠡᠭᠡᠨ ᠢᠳᠡᠭᠦᠯᠬᠦ᠎ᠠᠴᠠ ᠵᠠᠶ᠋ᠢᠯᠠᠰᠬᠢᠬᠦ ᠬᠡᠷᠡᠭᠲᠡᠶ᠃ ᠣᠨᠴᠠᠭ᠋ᠠᠶ᠋ᠢᠯᠠᠨ ᠠᠩᠬᠠᠷᠬᠤ ᠴᠢᠬᠤᠯᠠ᠎ᠲᠠᠢ ᠵᠦᠢ᠍ᠯ ᠭᠡᠪᠡᠯ᠂ ᠰᠤᠯᠠ ᠢᠳᠡᠭᠡᠨ ᠵᠶ᠋ᠡᠷ ᠡᠷᠡᠨ᠎ᠤ ᠬᠣᠭᠣᠯᠠ ᠵᠢ ᠣᠷᠣᠯᠠᠭᠤᠯᠵᠤ ᠪᠣᠯᠬᠤ ᠦᠭᠡᠢ᠂ ᠡᠢ᠌ᠮᠦ᠎ᠠᠴᠠ ᠬᠣᠭᠣᠯᠠᠨ᠎ᠤ ᠴᠠᠭ ᠣᠢ᠌ᠷᠠᠲᠤᠬᠤ ᠪᠤᠶᠤ ᠤᠨᠲᠠᠬᠤ᠎ᠠᠴᠠ ᠡᠮᠦᠨ᠎ᠡ ᠰᠤᠯᠠ ᠢᠳᠡᠭᠡᠨ ᠢᠳᠡᠭᠦᠯᠬᠦ ᠦᠭᠡᠢ ᠪᠣᠯ ᠵᠣᠬᠢᠨ᠎ᠠ᠃ ᠬᠦᠢ᠍ᠲᠡᠨ ᠶᠠᠭᠤᠮ᠎ᠠ ᠢᠳᠡᠭᠦᠯᠬᠦ᠎ᠳᠤ ᠨᠢᠭᠡ ᠤᠳᠠᠭ᠎ᠠ᠎ᠳᠤ ᠬᠡᠲᠦ ᠠᠷᠪᠢᠨ ᠢᠳᠡᠵᠦ ᠪᠣᠯᠬᠤ ᠦᠭᠡᠢ᠂ ᠥᠯᠥᠨ ᠵᠶ᠋ᠡᠷ ᠪᠤᠶᠤ ᠰᠢᠷᠦᠭᠦᠨ ᠬᠥᠳᠡᠯᠭᠡᠭᠡᠨ ᠬᠢᠭᠰᠡᠨ᠎ᠤ ᠳᠠᠷᠠᠭ᠎ᠠ ᠬᠦᠢ᠍ᠳᠡᠨ ᠤᠮᠳᠠᠭ᠋ᠠᠨ ᠢᠳᠡᠪᠡᠯ᠂ ᠬᠡᠦᠬᠡᠳ᠎ᠤᠨ ᠬᠤᠳᠣᠭᠤᠳᠤ ᠭᠡᠳᠡᠰᠦ᠎ᠨᠢ ᠡᠪ ᠦᠭᠡᠢ ᠪᠣᠯᠬᠤ᠎ᠠᠴᠠ ᠰᠡᠷᠭᠡᠶ᠋ᠢᠯᠡᠬᠦ ᠬᠡᠷᠡᠭᠲᠡᠢ᠃

     ᠭᠠᠳᠠᠨ᠎ᠠ ᠬᠤᠭᠤᠯᠠ ᠢᠳᠡᠭᠦᠯᠬᠦ ᠲᠤᠬᠠᠢ᠄ ᠠᠮᠤᠷ ᠲᠦᠪᠰᠢᠨ ᠡᠷᠡᠭᠦᠯ ᠬᠠᠮᠠᠭ᠋ᠠᠯᠠᠯ᠎ᠤᠨ ᠰᠠᠶ᠋ᠢᠨ ᠰᠠᠶ᠋ᠢᠬᠠᠨ ᠳᠠᠳᠬᠠᠯ᠎ᠢ ᠪᠠᠷᠢᠮᠲᠠᠯᠠᠬᠤ ᠬᠡᠷᠡᠭᠲᠡᠢ

ᠵᠢᠩᠬᠢᠨᠢ ᠬᠣᠭᠣᠯᠠᠨ ᠲᠢᠩᠬᠢᠮ᠎ᠢ ᠰᠣᠩᠭᠣᠨ᠎ᠠ᠃ ᠭᠡᠷ᠎ᠤᠨ ᠠᠬᠠᠮᠠᠳ ᠬᠤᠭᠤᠯᠠᠨ ᠭᠡᠷ᠎ᠤᠨ ᠢᠳᠡᠭᠡᠨ᠎ᠤ ᠡᠵᠡᠩᠨᠡᠯᠲᠡ ᠵᠢᠨ ᠵᠥᠪᠰᠢᠶᠡᠷᠡᠯ᠎ᠤᠨ ᠦᠨᠡᠮᠯᠡᠯ᠎ᠢ ᠪᠠᠶ᠋ᠢᠴᠠᠭ᠋ᠠᠨ ᠦᠵᠡᠬᠦ ᠵᠢ ᠠᠩᠬᠠᠷᠴᠤ᠂ ᠠᠷᠢᠭᠤᠨ ᠴᠡᠪᠡᠷ᠎ᠤᠨ ᠨᠥᠬᠦᠴᠡᠯ ᠰᠠᠶ᠋ᠢᠨ᠂ ᠢᠲᠡᠭᠡᠮᠵᠢ ᠵᠢᠨ ᠬᠡᠮᠵᠢᠶ᠎ᠡ ᠥᠨᠳᠥᠷ᠂ ᠢᠳᠡᠭᠡᠨ ᠤᠮᠳᠠᠭ᠋ᠠᠨ᠎ᠤ ᠦᠢ᠍ᠯᠡᠴᠢᠯᠡᠭᠡᠨ᠎ᠤ ᠢᠳᠡᠭᠡᠨ᠎ᠤ ᠠᠮᠤᠷ ᠲᠦᠪᠰᠢᠨ᠎ᠤ ᠬᠢᠨᠠᠯᠲᠠ ᠬᠡᠮᠵᠢᠯᠲᠡ ᠵᠢᠨ ᠵᠡᠷᠭᠡ ᠳᠡᠰ ᠥᠨᠳᠥᠷ ᠪᠠ 《ᠠᠷᠢᠭᠤᠨ ᠴᠡᠪᠡᠷ ᠲᠣᠭᠤᠭ᠋ᠠᠨ ᠭᠡᠷ》᠎ᠢ ᠬᠡᠷᠡᠭᠵᠢᠭᠦᠯᠦᠭᠰᠡᠨ ᠬᠤᠭᠤᠯᠠᠨ ᠭᠡᠷ᠎ᠢ ᠰᠣᠩᠭᠤᠬᠤ ᠬᠡᠷᠡᠭᠲᠡᠶ᠃

     ᠡᠷᠡᠭᠦᠯ ᠮᠡᠨᠳᠦ᠎ᠪᠠᠷ ᠬᠣᠭᠣᠯᠠᠯᠠᠬᠤ ᠠᠵᠢᠯᠯᠠᠭ᠎ᠠ ᠵᠢ ᠬᠥᠮᠥᠵᠢᠭᠦᠯᠦᠨ᠎ᠡ᠃  ᠬᠤᠭᠤᠯᠠ ᠢᠳᠡᠭᠦᠯᠬᠦ᠎ᠳᠡᠭᠡᠨ ᠠᠩᠬᠠᠷᠤᠯ ᠵᠶ᠋ᠠᠨ ᠲᠥᠪᠯᠡᠷᠡᠭᠦᠯᠵᠦ᠂ ᠨᠠᠭ᠋ᠠᠳᠴᠤ ᠲᠣᠭᠯᠠᠵᠤ᠂ ᠦᠢ᠍ᠮᠡᠯᠳᠦᠵᠦ ᠴᠠᠴᠠᠵᠤ ᠬᠠᠬᠠᠬᠤ ᠵᠡᠷᠭᠡ ᠭᠡᠨᠡᠳᠲᠡ ᠵᠢᠨ ᠬᠡᠷᠡᠭ ᠭᠠᠷᠬᠤ᠎ᠠᠴᠠ ᠰᠡᠷᠭᠡᠶ᠋ᠢᠯᠡᠬᠦ ᠬᠡᠷᠡᠭᠲᠡᠢ᠃ ᠨᠡᠶ᠋ᠢᠲᠡ ᠵᠢᠨ ᠰᠠᠪᠬ᠎ᠠ ᠨᠡᠶ᠋ᠢᠲᠡ ᠵᠢᠨ ᠰᠢᠨᠠᠭ᠎ᠠ ᠬᠡᠷᠡᠭᠯᠡᠵᠦ᠂ ᠲᠤᠰᠠᠭ᠋ᠠᠷ ᠬᠣᠭᠣᠯᠠ ᠢᠳᠡᠭᠦᠯᠬᠦ ᠵᠢ ᠵᠣᠷᠢᠭᠵᠢᠭᠤᠯᠤᠨ᠎ᠠ᠃ ᠬᠡᠦᠬᠡᠳ ᠪᠠᠭ᠋ᠠᠴᠤᠳ᠎ᠲᠤ ᠠᠶᠠᠭ᠎ᠠ ᠰᠠᠪᠬ᠎ᠠ ᠵᠢ ᠵᠥᠪ ᠬᠡᠷᠡᠭᠯᠡᠭᠦᠯᠵᠦ᠂ ᠢᠳᠡᠰᠢ ᠰᠢᠯᠢᠬᠦ ᠥᠬᠡᠶ᠂ ᠬᠤᠭᠤᠯᠠ ᠭᠣᠯᠣᠬᠤ ᠥᠬᠡᠶ᠂ ᠨᠠᠷᠢᠨ ᠵᠠᠵᠢᠯᠵᠤ ᠤᠳᠠᠭ᠋ᠠᠨ ᠵᠠᠯᠭᠢᠬᠤ᠂ ᠬᠡᠲᠦᠷᠬᠡᠢ ᠢᠳᠡᠭᠦᠯᠬᠦ ᠥᠬᠡᠶ᠂ ᠢᠳᠡᠭᠡᠨ ᠪᠦᠷᠢᠯᠭᠡᠬᠦ ᠥᠬᠡᠶ ᠵᠡᠷᠭᠡ ᠢᠳᠡᠭᠡᠨ ᠤᠮᠳᠠᠭ᠋ᠠᠨ᠎ᠤ ᠦᠢ᠍ᠯᠡ ᠠᠵᠢᠯᠯᠠᠭ᠎ᠠ ᠵᠢ ᠪᠣᠶ ᠪᠣᠯᠭ᠋ᠠᠬᠤ ᠬᠡᠷᠡᠭᠲᠡᠶ᠃ ᠡᠭᠦᠨ᠎ᠤ ᠬᠠᠮᠲᠤ᠂ ᠭᠡᠷ᠎ᠤᠨ ᠠᠬᠠᠮᠠᠳ ᠬᠡᠦᠬᠡᠳ ᠵᠶ᠋ᠠᠨ ᠰᠠᠶ᠋ᠢᠲᠤᠷ ᠬᠠᠷᠠᠭ᠋ᠠᠯᠵᠠᠵᠤ᠂ ᠬᠤᠭᠤᠯᠠᠨ ᠰᠢᠷᠡᠭᠡᠨ᠎ᠤ ᠶᠣᠰᠣ ᠵᠢᠷᠤᠮ᠎ᠢ ᠠᠩᠬᠠᠷᠴᠤ᠂ ᠬᠡᠦᠬᠡᠳ᠎ᠢ ᠬᠤᠭᠤᠯᠠᠨ ᠭᠡᠷ᠎ᠤᠨ ᠳᠣᠲᠣᠷ᠎ᠠ ᠳᠤᠷ᠎ᠠ᠎ᠪᠠᠷ ᠵᠶ᠋ᠠᠨ ᠭᠦᠶᠦᠯᠭᠡᠵᠦ ᠪᠣᠯᠬᠤ ᠦᠭᠡᠢ ᠭᠡᠵᠦ ᠰᠠᠨᠠᠭᠤᠯᠵᠤ ᠪᠠᠶ᠋ᠢᠨ᠎ᠠ᠃ ᠣᠢ᠌ᠴᠢᠬᠤ ᠪᠤᠶᠤ ᠬᠠᠯᠠᠭ᠋ᠠᠬᠤ᠎ᠠᠴᠠ ᠰᠡᠷᠭᠡᠢ᠌ᠯᠡᠬᠦ ᠬᠡᠷᠡᠭᠲᠡᠢ᠃

     ᠣᠨᠴᠠᠭ᠋ᠠᠶ᠋ᠢᠯᠠᠨ ᠠᠩᠬᠠᠷᠬᠤ ᠴᠢᠬᠤᠯᠠᠲᠠᠢ᠎ᠨᠢ᠄ ᠠᠯᠢᠪᠠ ᠢᠳᠡᠭᠡᠨ ᠪᠦᠷ ᠬᠡᠦᠬᠡᠳ᠎ᠳᠤ ᠲᠣᠬᠢᠷᠠᠬᠤ ᠪᠢᠰᠢ

     ᠬᠡᠭᠡᠷ᠎ᠡ ᠵᠢᠨ ᠨᠤᠭ᠍ᠤᠭ᠎ᠠ ᠬᠡᠭᠡᠷ᠎ᠡ ᠵᠢᠨ ᠵᠢᠮᠢᠰ᠎ᠢ ᠢᠳᠡᠭᠦᠯᠬᠦ ᠦᠭᠡᠢ᠃  ᠡᠬᠡ ᠪᠠᠶ᠋ᠢᠭ᠋ᠠᠯᠢ ᠪᠣᠯ ᠬᠡᠦᠬᠡᠳ᠎ᠤᠨ ᠦᠰᠦᠨ ᠪᠤᠶ᠋ᠢᠵᠢᠯᠲᠠ ᠵᠢᠨ ᠥᠯᠥᠭᠡᠶ ᠮᠥᠨ᠂ ᠬᠠᠮᠤᠭ᠎ᠤᠨ ᠠᠮᠢᠳᠤᠯᠢᠭ ᠰᠤᠷᠬᠤ ᠪᠢᠴᠢᠭ ᠮᠥᠨ᠃ ᠪᠢᠴᠢᠬᠠᠨ ᠨᠠᠶ᠋ᠢᠵᠠ ᠨᠠᠷ᠎ᠤᠨ ᠥᠩᠭᠡ᠂ ᠬᠡᠯᠪᠡᠷᠢ ᠳᠦᠷᠰᠦ᠎ᠨᠢ ᠣᠯᠠᠨ ᠶᠠᠩᠵᠤ ᠵᠢᠨ ᠬᠡᠭᠡᠷ᠎ᠡ ᠵᠢᠨ ᠨᠣᠭᠤᠭ᠎ᠠ᠂ ᠬᠡᠭᠡᠷ᠎ᠡ ᠵᠢᠨ ᠵᠢᠮᠢᠰ᠂ ᠬᠡᠭᠡᠷ᠎ᠡ ᠵᠢᠨ ᠮᠥᠭᠦ ᠵᠡᠷᠭᠡ᠎ᠳᠤ ᠲᠠᠲᠠᠭᠳᠠᠳᠠᠭ᠃ ᠬᠡᠷᠪᠡ ᠳᠤᠷ᠎ᠠ᠎ᠪᠠᠷ ᠵᠶ᠋ᠠᠨ ᠲᠡᠭᠦᠵᠦ ᠠᠪᠬᠤ ᠵᠢᠨ ᠬᠠᠮᠲᠤ ᠢᠳᠡᠪᠡᠯ᠂ ᠬᠣᠣᠷᠳᠠᠯᠭ᠎ᠠ ᠵᠡᠷᠭᠡ ᠬᠦᠨᠳᠦ ᠨᠣᠴᠢᠲᠠᠢ ᠦᠷ᠎ᠡ ᠳ᠋ᠦᠩ ᠭᠠᠷᠴᠤ ᠮᠡᠳᠡᠨ᠎ᠡ᠃ ᠭᠡᠷ᠎ᠤᠨ ᠠᠬᠠᠮᠠᠳ᠎ᠨᠢ ᠬᠡᠦᠬᠡᠳ ᠵᠶ᠋ᠠᠨ ᠳᠤᠷ᠎ᠠ᠎ᠪᠠᠷ ᠵᠶ᠋ᠠᠨ ᠲᠡᠭᠦᠬᠦ ᠪᠠ ᠢᠳᠡᠵᠦ ᠪᠣᠯᠬᠤ ᠦᠭᠡᠶ ᠭᠡᠵᠦ ᠤᠷᠢᠳᠴᠢᠯᠠᠨ ᠬᠥᠮᠥᠵᠢᠭᠦᠯᠬᠦ ᠬᠡᠷᠡᠭᠲᠡᠢ᠃

     ᠣᠨᠴᠠᠭ᠋ᠠᠢ ᠬᠡᠯᠪᠡᠷᠢ ᠳᠦᠷᠰᠦ᠎ᠲᠠᠢ ᠢᠳᠡᠭᠡᠨ᠎ᠢ ᠬᠡᠷᠰᠡᠦᠯᠡᠵᠦ ᠢᠳᠡᠭᠦᠯᠬᠦ ᠬᠡᠷᠡᠭᠲᠡᠢ᠃  ᠬᠡᠦᠬᠡᠳ᠎ᠤᠨ ᠵᠠᠯᠭᠢᠬᠤ ᠵᠡᠷᠭᠡ ᠪᠡᠶ᠎ᠡ ᠵᠢᠨ ᠴᠢᠳᠠᠪᠤᠷᠢ ᠵᠢᠨ ᠪᠤᠶ᠋ᠢᠵᠢᠯᠲᠠ ᠬᠠᠷᠠᠬᠠᠨ ᠲᠡᠭᠦᠯᠳᠡᠷᠵᠢᠭᠡᠳᠦᠢ᠂ ᠮᠥᠬᠦᠯᠢᠭ᠂ ᠬᠥᠯᠳᠡᠭᠦᠦ᠂ ᠵᠢᠭ᠋ᠠᠰᠤᠨ᠎ᠤ ᠲᠥᠷᠥᠯ ᠪᠠ ᠨᠠᠭ᠋ᠠᠯᠳᠤᠮᠠᠬᠠᠢ ᠴᠢᠨᠠᠷ ᠵᠶ᠋ᠠᠷ ᠨᠡᠯᠢᠶᠡᠳ ᠶᠡᠭᠡ ᠢᠳᠡᠭᠡᠨ ᠢᠳᠡᠭᠦᠯᠬᠦ ᠦᠶ᠎ᠡ᠎ᠳᠤ ᠭᠡᠷ᠎ᠤᠨ ᠠᠬᠠᠮᠠᠳ ᠬᠠᠵᠠᠭᠤ᠎ᠳᠤ᠎ᠨᠢ ᠬᠠᠷᠠᠵᠤ ᠬᠠᠷᠠᠭ᠋ᠠᠯᠵᠠᠬᠤ ᠪᠠ ᠵᠢᠯᠣᠭᠤᠳᠴᠤ᠂ ᠰᠠᠨᠠᠭ᠋ᠠᠨ᠎ᠳᠤ ᠦᠭᠡᠢ ᠬᠡᠷᠡᠭ ᠭᠠᠷᠬᠤ᠎ᠠᠴᠠ ᠰᠡᠷᠭᠡᠶ᠋ᠢᠯᠡᠨ᠎ᠡ᠃ ᠢᠯᠠᠩᠭᠤᠶ᠎ᠠ ᠬᠥᠳᠡᠯᠭᠡᠭᠡᠨ ᠪᠤᠶᠤ ᠲᠣᠭᠯᠠᠭ᠋ᠠᠮ ᠬᠢᠬᠦ ᠦᠶ᠎ᠡ᠎ᠳᠤ ᠶᠠᠭᠤᠮ᠎ᠠ ᠢᠳᠡᠭᠦᠯᠵᠦ ᠪᠣᠯᠬᠤ ᠦᠭᠡᠢ᠃ ᠬᠡᠦᠬᠡᠳ᠎ᠤᠨ ᠮᠡᠳᠡᠷᠡᠯ᠎ᠤᠨ ᠬᠥᠭᠡᠷᠦᠯᠲᠡ ᠡᠭᠦᠰᠬᠡᠳᠡᠭ ᠰᠫᠢᠷᠲ ᠠᠭᠤᠯᠤᠭᠰᠠᠨ ᠢᠳᠡᠭᠡᠨ ᠪᠤᠶᠤ ᠤᠮᠳᠠᠭ᠋ᠠᠨ᠎ᠲᠠᠢ ᠣᠶ᠋ᠢᠷᠠᠳᠬᠤ ᠵᠢ ᠴᠢᠩᠭ᠎ᠠ ᠬᠤᠷᠢᠭᠯᠠᠬᠤ ᠬᠡᠷᠡᠭᠲᠡᠢ᠃

 

     ᠲᠤᠰᠬᠠᠢ ᠮᠡᠷᠭᠡᠵᠢᠯᠲᠡᠨ ᠵᠣᠬᠢᠶᠠᠭᠴᠢ

     ᠮᠠ ᠭᠤᠸᠠᠨ ᠱᠧᠩ   ᠪᠡᠭᠡᠵᠢᠩ ᠶᠡᠭᠡ ᠰᠤᠷᠭ᠋ᠠᠭᠤᠯᠢ ᠵᠢᠨ ᠣᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠳᠡᠭᠡᠳᠦ ᠰᠤᠷᠭ᠋ᠠᠭᠤᠯᠢ ᠵᠢᠨ ᠫᠷᠣᠹᠧᠰᠰᠣᠷ

     ᠾᠥᠸᠧ ᠵᠢᠶᠦ᠋ᠨ ᠱᠧᠩ   ᠳᠤᠮᠳᠠᠳᠤ ᠤᠯᠤᠰ᠎ᠤᠨ ᠡᠪᠡᠳᠴᠢᠨ ᠡᠮᠭᠡᠭ᠎ᠢ ᠰᠡᠷᠭᠡᠶ᠋ᠢᠯᠡᠨ ᠬᠢᠵᠠᠭ᠋ᠠᠷᠯᠠᠬᠤ ᠲᠥᠪ᠎ᠤᠨ ᠰᠢᠮ᠎ᠡ ᠲᠡᠵᠢᠭᠡᠯ ᠪᠣᠯᠤᠨ ᠡᠷᠡᠭᠦᠯ ᠮᠡᠨᠳᠦ ᠵᠢᠨ ᠭᠠᠵᠠᠷ᠎ᠤᠨ ᠰᠤᠳᠤᠯᠤᠭᠴᠢ

     ᠭᠣᠣ ᠵᠢᠶᠧ ᠾᠧᠪᠧᠢ ᠵᠢᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠢᠨ ᠢᠳᠡᠭᠡᠨ᠎ᠤ ᠰᠢᠨᠵᠢᠯᠡᠭᠡ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠢᠨ ᠳᠡᠳ᠋ ᠫᠷᠣᠹᠧᠰᠰᠣᠷ

 

ᠢᠷᠡᠯᠲᠡ᠄ ᠳᠤᠮᠳᠠᠳᠤ ᠤᠯᠤᠰ᠎ᠤᠨ ᠢᠳᠡᠭᠡᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨᠵᠢᠯᠡᠭᠡᠨ᠎ᠤ ᠨᠡᠶ᠋ᠢᠭᠡᠮᠯᠢᠭ