ᠳᠠᠷᠤᠰᠢᠯᠠᠭᠰᠠᠨ ᠨᠣᠭᠤᠭ᠎ᠠ ᠥᠮᠡᠨ ᠡᠭᠦᠰᠬᠡᠵᠦ᠂ ᠳᠠᠪᠤᠰᠤ ᠶᠡᠬᠡᠲᠠᠢ ᠮᠥᠷᠲᠡᠬᠡᠨ ᠡᠷᠡᠭᠦᠯ ᠪᠤᠰᠤ ᠪᠠᠢ᠌ᠳᠠᠭ᠂ ᠳᠠᠬᠢᠨ ᠢᠳᠡᠵᠦ ᠪᠣᠯᠬᠤ ᠦᠭᠡᠢ ᠭᠡᠵᠦ ᠦᠦ?
2025-02-07

     ᠳᠠᠷᠤᠰᠢᠯᠠᠭᠰᠠᠨ ᠨᠣᠭᠤᠭ᠎ᠠ ᠥᠮᠡᠨ ᠡᠭᠦᠰᠬᠡᠵᠦ᠂ ᠳᠠᠪᠤᠰᠤ ᠶᠡᠬᠡᠲᠠᠢ ᠮᠥᠷᠲᠡᠬᠡᠨ ᠡᠷᠡᠭᠦᠯ ᠪᠤᠰᠤ ᠪᠠᠢ᠌ᠳᠠᠭ᠂ ᠳᠠᠬᠢᠨ ᠢᠳᠡᠵᠦ ᠪᠣᠯᠬᠤ ᠦᠭᠡᠢ ᠭᠡᠵᠦ ᠦᠦ?

     ᠬᠡᠲᠦᠷᠬᠡᠢ ᠬᠠᠷᠢᠴᠠᠯᠠᠰᠢᠭᠦᠢ  ᠪᠠᠢ᠌ᠨ᠎ᠠ᠃

     ᠰᠢᠨᠵᠢᠯᠡᠬᠦ ᠤᠬᠠᠭ᠋ᠠᠨᠴᠢ ᠴᠤᠤᠷᠬᠠᠯ ᠨᠢᠴᠤᠭ᠋ᠠᠬᠤ ᠴᠠᠭ ᠶᠠᠭ ᠶᠠᠪᠤᠭᠳᠠᠵᠤ ᠪᠠᠢ᠌ᠨ᠎ᠠ

     ᠬᠦᠮᠦᠰ ᠳᠠᠷᠤᠰᠢᠯᠠᠭᠰᠠᠨ  ᠨᠣᠭᠣᠭ᠎ᠠ ᠵᠢ 《ᠥᠮᠡᠨ ᠡᠭᠦᠰᠬᠡᠨ᠎ᠡ 》 ᠭᠡᠳᠡᠭ᠎ᠲᠤ  ᠰᠠᠨᠠᠭ᠎ᠠ ᠵᠣᠪᠠᠵᠤ ᠪᠠᠢ᠌ᠬᠤ ᠵᠢᠨ ᠰᠢᠯᠲᠠᠭ᠋ᠠᠨ᠎ᠨᠢ  ᠭᠣᠣᠯᠳᠠᠭᠤ ᠳᠠᠷᠤᠰᠢᠭᠤᠯᠬᠤ  ᠶᠠᠪᠤᠴᠠ᠎ᠳᠤ  ᠳᠤᠲᠠᠭᠤ ᠠᠽᠤᠲ ᠬᠦᠴᠢᠯ᠎ᠤᠨ ᠳᠠᠪᠤᠰᠤ ᠡᠭᠦᠰᠬᠡᠬᠦ᠎ᠠᠴᠠ ᠪᠣᠯᠵᠠᠢ᠃ ᠭᠡᠬᠦ᠎ᠳᠤ᠎ᠪᠠᠨ  ᠳᠠᠷᠤᠰᠢᠭᠤᠯᠤᠭᠰᠠᠨ ᠨᠤᠭᠤᠭ᠎ᠠ ᠵᠢ  ᠳᠦᠷᠢᠮᠵᠢᠯ ᠶᠣᠰᠤᠭ᠋ᠠᠷ ᠳᠠᠷᠤᠪᠠᠯ  ᠳᠤᠲᠠᠭᠤ ᠠᠽᠣᠲ ᠬᠦᠴᠢᠯ᠎ᠤᠨ ᠳᠠᠪᠤᠰᠤᠨ᠎ᠤ ᠠᠭᠤᠯᠤᠭᠳᠠᠴᠠ᠎ᠨᠢ ᠳᠠᠪᠤᠰᠤᠯᠠᠭᠰᠠᠨ᠎ᠤ ᠳᠠᠷᠠᠭ᠋ᠠᠬᠢ 20 ᠡᠳᠦᠷ᠎ᠤᠨ ᠳᠠᠷᠠᠭ᠎ᠠ ᠮᠡᠳᠡᠭᠳᠡᠮ᠎ᠡ ᠳᠣᠷᠣᠭᠰᠢᠯᠠᠳᠠᠭ᠂ ᠦᠢ᠍ᠯᠡᠳᠬᠦᠨ᠎ᠨᠢ ᠤᠯᠤᠰ᠎ᠤᠨ ᠢᠳᠡᠭᠡᠨ᠎ᠤ ᠠᠮᠤᠷ ᠲᠦᠪᠰᠢᠨ᠎ᠤ ᠪᠠᠷᠢᠮᠵᠢᠶ᠎ᠠ᠎ᠳᠤ ᠨᠡᠢ᠌ᠴᠡᠳᠡᠭ ᠯᠡ ᠶᠤᠮ ᠪᠣᠯ  ᠶᠡᠷᠦᠳᠡᠭᠡᠨ ᠰᠠᠨᠠᠭ᠎ᠠ ᠵᠣᠪᠠᠭ᠍ᠤ ᠬᠡᠷᠡᠭ ᠦᠭᠡᠶ ᠪᠠᠢ᠌ᠳᠠᠭ᠃ ᠡᠭᠦᠨ᠎ᠠᠴᠠ ᠭᠠᠳᠠᠨ᠎ᠠ ᠂  ᠳᠠᠷᠤᠰᠢᠯᠠᠭᠰᠠᠨ ᠨᠣᠭᠤᠭ᠎ᠠ᠎ᠨᠢ 《ᠳᠠᠪᠤᠰᠤ ᠶᠡᠬᠡᠲᠠᠢ  ᠡᠷᠡᠭᠦᠯ ᠮᠡᠨᠳᠦ ᠪᠢᠰᠢ》  ᠡᠰᠡᠬᠦ ᠵᠢᠨ ᠵᠠᠩᠭᠢᠯᠠᠭ᠎ᠠ᠎ᠨᠢ ᠳᠠᠷᠤᠰᠢᠯᠠᠭᠰᠠᠨ ᠨᠣᠭᠤᠭ᠋ᠠᠨ᠎ᠤ  ᠰᠢᠩᠭᠡᠭᠡᠬᠦ ᠳᠠᠪᠲᠠᠮᠵᠢ ᠪᠠ ᠬᠡᠮᠵᠢᠶ᠎ᠡ᠎ᠳᠤ ᠪᠠᠢ᠌ᠨ᠎ᠠ ᠂ ᠬᠡᠲᠦᠷᠡᠲᠡᠯ᠎ᠡ  ᠢᠳᠡᠪᠡᠯ  ᠦᠨᠡᠬᠡᠷ ᠴᠢᠰᠤᠨ ᠳᠠᠷᠤᠯᠲᠠ ᠵᠢ ᠥᠨᠳᠥᠷᠵᠢᠭᠦᠯᠬᠦ  ᠪᠠ ᠬᠤᠳᠣᠭᠤᠳᠣᠨ ᠥᠮᠡᠨ᠎ᠤ ᠲᠦᠭᠰᠢᠭᠦᠷᠢ ᠵᠢ ᠨᠡᠮᠡᠭᠳᠡᠭᠦᠯᠬᠦ ᠪᠣᠯᠤᠯᠴᠠᠭ᠎ᠠ᠎ᠲᠠᠢ᠂ ᠭᠡᠪᠡᠴᠦ ᠵᠣᠬᠢᠬᠤ ᠬᠡᠮᠵᠢᠶ᠎ᠡ᠎ᠪᠠᠷ ᠢᠳᠡᠬᠦ ᠵᠢᠨ  ᠬᠠᠮᠲᠤ ᠰᠢᠨ᠎ᠡ ᠰᠣᠷᠭᠤᠭ ᠢᠳᠡᠰᠢᠨ ᠨᠣᠭᠤᠭ᠎ᠠ᠎ᠲᠠᠢ ᠳᠣᠬᠢᠷᠠᠭᠤᠯᠪᠠᠯ ᠨᠠᠵᠠᠭ᠋ᠠᠶ ᠨᠥᠯᠥᠭᠡ ᠵᠢ ᠪᠠᠭ᠋ᠠᠰᠬᠠᠵᠤ ᠪᠣᠯᠳᠠᠭ ᠃ ᠲᠡᠢ᠌ᠮᠦ ᠮᠥᠷᠳᠡᠬᠡᠨ  ᠳᠠᠷᠤᠰᠢᠯᠠᠭᠰᠠᠨ  ᠨᠣᠭᠣᠭ᠎ᠠ᠎ᠨᠢ ᠢᠰᠬᠡᠮᠡᠯ ᠢᠳᠡᠭᠡᠨ᠎ᠳᠤ ᠪᠠᠭᠲᠠᠳᠠᠭ ᠲᠤᠯᠠ  ᠰᠦᠨ ᠬᠦᠴᠢᠯ᠎ᠤᠨ ᠪᠠᠺᠲ᠋ᠧᠷᠢ ᠠᠭᠤᠯᠤᠭᠳᠠᠵᠤ ᠂ ᠲᠡᠷᠡ᠎ᠨᠢ ᠭᠡᠳᠡᠰᠦᠨ᠎ᠤ ᠡᠷᠡᠭᠦᠯ ᠮᠡᠨᠳᠦ᠎ᠳᠤ ᠵᠣᠬᠢᠬᠤ ᠲᠤᠰᠠᠲᠠᠢ ᠪᠠᠢ᠌ᠳᠠᠭ᠃

     ᠳᠠᠷᠤᠰᠢᠯᠠᠭᠰᠠᠨ ᠨᠣᠭᠣᠭ᠎ᠠ᠎ᠨᠢ 《  ᠬᠣᠣᠷᠲᠤ ᠡᠮ 》  ᠪᠢᠰᠢ ᠬᠠᠷᠢᠨ ᠢᠳᠡᠰᠢᠨ᠎ᠤ ᠬᠡᠮᠵᠢᠶ᠎ᠡ ᠵᠢ  ᠵᠣᠬᠢᠰᠲᠠᠢ ᠬᠢᠵᠠᠭ᠋ᠠᠷᠯᠠᠬᠤ ᠴᠢᠬᠤᠯᠠᠲᠠᠢ  ᠤᠯᠠᠮᠵᠢᠯᠠᠯᠲᠤ ᠠᠮᠲᠠᠲᠤ ᠢᠳᠡᠭᠡᠨ ᠮᠥᠨ ᠃  ᠰᠢᠨᠵᠢᠯᠡᠬᠦ ᠤᠬᠠᠭ᠋ᠠᠨᠴᠢ᠎ᠪᠠᠷ ᠦᠢ᠍ᠯᠡᠳᠬᠦ ᠪᠠ ᠵᠣᠬᠢᠰᠲᠠᠶ ᠡᠳ᠋ᠯᠡᠵᠦ  ᠬᠡᠷᠡᠭᠯᠡᠬᠦ᠎ᠨᠢ  ᠲᠡᠭᠦᠨ᠎ᠤ ᠦᠨᠦᠷ ᠠᠮᠲᠠ ᠵᠢ ᠦᠯᠡᠳᠡᠭᠡᠵᠦ ᠴᠢᠳᠠᠬᠤ ᠮᠥᠷᠲᠡᠭᠡᠨ ᠪᠠᠰᠠ ᠡᠷᠡᠭᠦᠯ ᠮᠡᠨᠳᠦ ᠵᠢᠨ ᠲᠦᠭᠰᠢᠭᠦᠷᠢ ᠵᠢ ᠬᠠᠮᠤᠭ᠎ᠤᠨ ᠳᠣᠤᠷ᠎ᠠ ᠬᠡᠮᠵᠢᠶᠡᠨ᠎ᠳᠤ ᠬᠦᠷᠲᠡᠯ᠎ᠡ ᠪᠠᠭᠤᠷᠠᠭᠤᠯᠵᠤ  ᠴᠢᠳᠠᠳᠠᠭ ᠂ 《  ᠳᠠᠷᠤᠰᠢᠯᠠᠭᠰᠠᠨ   ᠨᠣᠭᠤᠭ᠋ᠠᠨ ᠎ᠤ   ᠥᠩᠭᠡ   ᠵᠢᠨ   ᠬᠤᠪᠢᠷᠠᠯ》᠎ᠢ  ᠪᠦᠷᠢᠮᠦᠰᠦᠨ ᠶᠠᠷᠢᠬᠤ ᠴᠢᠬᠤᠯᠠ ᠦᠭᠡᠢ᠃

 

 

ᠢᠷᠡᠯᠲᠡ᠄ ᠰᠢᠨᠵᠢᠯᠡᠬᠦ ᠤᠬᠠᠭ᠋ᠠᠨᠴᠢ ᠴᠤᠤᠷᠬᠠᠯ ᠨᠢᠴᠤᠭ᠋ᠠᠯᠲᠠ