ᠮᠠᠰᠢ ᠬᠣᠣᠷᠲᠠᠢ! 0.5 ᠮᠢᠯᠢᠭᠷᠡᠮ ᠠᠮᠢᠨ᠎ᠳᠤ ᠠᠶᠤᠯ ᠤᠴᠠᠷᠠᠭᠤᠯᠤᠨ᠎ᠠ! ᠬᠣᠰᠬ᠎ᠠ ᠡᠵᠡᠩᠨᠡᠬᠦ ᠨᠢᠭᠡᠴᠢ ᠠᠩᠬᠠᠷᠤᠭ᠋ᠠᠷᠠᠢ!
2025-04-01

     ᠬᠣᠰᠬ᠎ᠠ (ᠭᠤᠣᠯ᠎ᠤᠨ  ᠬᠤᠰᠬ᠎ᠠ ) ᠵᠢᠨ ᠮᠢᠬᠠᠨ᠎ᠤ ᠴᠢᠨᠠᠷ᠎ᠨᠢ ᠰᠢᠨ᠎ᠡ ᠰᠣᠷᠭᠤᠭ ᠪᠣᠯᠪᠠᠴᠤ ᠲᠡᠭᠦᠨ᠎ᠤ  ᠪᠡᠶᠡᠨ᠎ᠳᠤ  ᠮᠠᠰᠢ  ᠬᠤᠣᠷᠲᠠᠢ ᠪᠣᠳᠠᠰ (ᠵᠢᠱ᠌ᠢᠶᠡᠯᠡᠪᠡᠯ᠂  ᠬᠣᠰᠬ᠎ᠠ ᠵᠢᠨ ᠬᠣᠣᠷᠲᠤ ᠡᠳ᠋ ) ᠠᠭᠤᠯᠤᠭᠳᠠᠳᠠᠭ᠃  ᠬᠡᠷᠪᠡ ᠵᠤᠬᠢᠰᠲᠠᠢ ᠡᠳ᠋ᠰᠢᠭᠦᠯᠦᠨ ᠪᠣᠯᠪᠠᠰᠣᠷᠠᠭᠣᠯᠣᠭᠰᠠᠨ ᠦᠭᠡᠢ ᠪᠣᠯ᠂ ᠢᠳᠡᠭᠡᠨ᠎ᠳᠤ ᠬᠣᠣᠷᠳᠠᠭᠳᠠᠬᠤ ᠪᠤᠶᠤ ᠴᠢᠨᠠᠭᠰᠢᠯᠠᠪᠠᠯ ᠠᠮᠢ ᠨᠠᠰᠣᠨ᠎ᠳᠤ ᠠᠶᠣᠯ ᠤᠴᠠᠷᠠᠭᠣᠯᠵᠦ ᠮᠡᠳᠡᠨ᠎ᠡ᠃  ᠬᠡᠷᠡᠭᠯᠡᠭᠴᠢᠳ᠎ᠤᠨ ᠠᠮᠤᠷ ᠲᠦᠪᠰᠢᠨ᠎ᠢ ᠦᠨᠡᠨ ᠬᠦ᠌ ᠪᠠᠲᠤᠯᠠᠬᠤ ᠵᠢᠨ ᠲᠥᠯᠥᠭᠡ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠎ᠠᠴᠠ ᠬᠤᠰᠬ᠎ᠠ ᠡᠵᠡᠩᠨᠡᠬᠦ᠎ᠳᠤ ᠠᠩᠬᠠᠷᠬᠤ  ᠵᠦᠢ᠍ᠯᠡᠰ᠎ᠢ ᠳᠣᠤᠷᠠᠬᠢ ᠮᠡᠲᠦ ᠰᠠᠨᠠᠭᠤᠯᠪᠠ ᠄

     ᠬᠤᠤᠷᠲᠤ ᠴᠢᠨᠠᠷ᠎ᠢ ᠲᠠᠨᠢᠬᠤ᠄  ᠬᠤᠰᠬ᠎ᠠ ᠵᠢᠨ  ᠪᠡᠶ᠎ᠡ᠎ᠳᠤ ᠠᠭᠤᠯᠤᠭᠳᠠᠵᠤ ᠪᠠᠶ᠋ᠢᠭ᠎ᠠ ᠬᠤᠰᠬ᠎ᠠ ᠵᠢᠨ  ᠬᠣᠣᠷᠲᠤ ᠡᠳ᠋᠎ᠤᠨ  ᠬᠤᠣᠷᠲᠤ ᠴᠢᠨᠠᠷ᠎ᠨᠢ ᠲᠦᠢ᠍ᠯ᠎ᠤᠨ ᠴᠢᠩᠭ᠎ᠠ  ᠪᠠᠢ᠌ᠵᠦ ᠂  ᠪᠠᠭ᠎ᠠ ᠬᠡᠮᠵᠢᠶ᠎ᠡ᠎ᠨᠢ  ᠬᠥᠮᠦᠨ᠎ᠢ ᠬᠤᠤᠷᠳᠠᠭᠣᠯᠬᠣ  ᠪᠤᠶᠤ ᠴᠢᠨᠠᠭᠰᠢᠯᠠᠪᠠᠯ ᠠᠮᠢ ᠨᠠᠰᠤᠨ᠎ᠳᠤ ᠠᠶᠤᠯ ᠤᠴᠠᠷᠠᠭᠤᠯᠳᠠᠭ᠃ ᠡᠨᠡ ᠬᠣᠣᠷᠲᠤ ᠡᠳ᠋᠎ᠤᠨ  ᠲᠣᠭᠲᠠᠪᠣᠷᠢᠲᠤ  ᠴᠢᠨᠠᠷ᠎ᠨᠢ ᠥᠨᠳᠥᠷ ᠂  ᠡᠩ᠎ᠤᠨ ᠬᠣᠭᠣᠯᠠ ᠬᠢᠬᠦ ᠠᠷᠭ᠎ᠠ᠎ᠨᠢ ᠲᠡᠭᠦᠨ᠎ᠢ   ᠦᠭᠡᠢ᠌ᠰᠭᠡᠬᠦ᠎ᠳᠤ ᠬᠦᠴᠢᠷ ᠪᠠᠢ᠌ᠳᠠᠭ ᠃

     ᠬᠠᠤᠯᠢ ᠶᠣᠰᠣᠭ᠋ᠠᠷ ᠬᠤᠳᠠᠯᠳᠤᠨ ᠠᠪᠬᠤ᠄ ᠣᠳᠣᠬᠠᠨ᠎ᠳᠤ ᠮᠠᠨ᠎ᠤ ᠤᠯᠤᠰ᠎ᠤᠨ  ᠵᠥᠪᠬᠡᠨ ᠲᠡᠵᠢᠭᠡᠨ  ᠦᠷᠡᠵᠢᠭᠦᠯᠵᠦ ᠪᠤᠯᠠᠬᠤ  ᠤᠯᠠᠭ᠋ᠠᠨ ᠰᠡᠯᠢᠭᠦᠷᠲᠦ  ᠳᠣᠷᠣᠨᠠᠳᠠᠬᠢᠨ᠎ᠤ ᠬᠤᠰᠬ᠎ᠠ  ᠪᠠ ᠳᠠᠯᠳᠠ ᠠᠷ᠎ᠲᠠᠢ ᠳᠣᠷᠣᠨᠠᠳᠠᠬᠢᠨ᠎ᠤ ᠬᠤᠰᠬ᠎ᠠ ᠭᠡᠬᠦ  ᠬᠤᠶᠠᠷ ᠵᠦᠢ᠍ᠯ᠎ᠤᠨ  ᠬᠣᠰᠬ᠎ᠠ ᠵᠢ  ᠲᠤᠰᠬᠠᠶ  ᠮᠡᠷᠭᠡᠵᠢᠯ᠎ᠤᠨ  ᠪᠣᠯᠪᠠᠰᠤᠷᠠᠯ ᠵᠶ᠋ᠠᠷ ᠳᠠᠮᠵᠢᠨ ᠵᠠᠬ᠎ᠠ ᠳᠡᠯᠭᠡᠭᠦᠷ᠎ᠲᠤ  ᠭᠠᠷᠭ᠋ᠠᠨ ᠪᠣᠷᠣᠯᠠᠭᠣᠯᠵᠦ ᠪᠠᠢ᠌ᠬᠤ ᠪᠦᠭᠡᠳ  ᠡᠷᠬᠡᠪᠰᠢ ᠬᠢᠷᠢ ᠬᠡᠮ ᠪᠦᠬᠦᠢ ᠠᠵᠤ ᠠᠬᠤᠶ᠋ᠢᠯᠠᠯ᠎ᠠᠴᠠ  ᠦᠢ᠍ᠯᠡᠳᠪᠦᠷᠢᠯᠡᠬᠦ ᠬᠡᠷᠡᠭᠲᠡᠶ᠃ ᠢᠳᠡᠭᠡᠨ ᠤᠮᠳᠠᠭ᠋ᠠᠨ᠎ᠤ  ᠨᠢᠭᠡᠴᠢ᠎ᠨᠢ ᠬᠤᠳᠠᠯᠳᠤᠨ ᠠᠪᠬᠤ᠎ᠳᠤ᠎ᠪᠠᠨ  ᠵᠢᠩᠬᠢᠨᠢ ᠠᠷᠭ᠎ᠠ ᠵᠠᠮ᠎ᠢ ᠭᠡᠷᠡᠴᠢᠯᠡᠬᠦ ᠵᠢᠨ ᠬᠠᠮᠲᠤ  ᠪᠣᠭᠤᠳᠠᠯ ᠪᠠᠭᠯᠠᠭ᠎ᠠ᠎ᠳᠤ ᠳᠣᠤᠷᠠᠬᠢ ᠮᠡᠳᠡᠭᠡ ᠵᠠᠩᠭᠢ ᠵᠢ ᠲᠣᠳᠣᠷᠬᠠᠶ᠋ᠢᠯᠠᠭᠰᠠᠨ ᠡᠰᠡᠬᠦ ᠵᠢ ᠪᠠᠶ᠋ᠢᠴᠠᠭ᠋ᠠᠨ  ᠦᠵᠡᠬᠦ ᠬᠡᠷᠡᠭᠲᠡᠢ ᠄

     1. ᠡᠳ᠋ᠰᠢᠭᠦᠯᠬᠦ ᠠᠵᠤ ᠠᠬᠤᠶ᠋ᠢᠯᠠᠯ᠎ᠤᠨ ᠨᠡᠷᠡᠰ᠄ ᠪᠣᠳᠠᠲᠠᠶ ᠠᠵᠤ ᠠᠬᠤᠶ᠋ᠢᠯᠠᠯ᠎ᠤᠨ ᠨᠡᠷᠡᠰ᠎ᠢ  ᠲᠠᠷᠢᠶᠠᠯᠠᠩ ᠬᠥᠳᠡᠭᠡ ᠲᠣᠰᠬᠤᠨ᠎ᠤ ᠶᠠᠮᠤᠨ ᠪᠤᠶᠤ ᠣᠷᠣᠨ ᠨᠤᠲᠤᠭ᠎ᠤᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠨ ᠬᠠᠮᠤᠭ᠎ᠤᠨ ᠰᠢᠨ᠎ᠡ ᠵᠠᠷᠯᠠᠯ᠎ᠠᠴᠠ  ᠪᠠᠶ᠋ᠢᠴᠠᠭ᠋ᠠᠨ ᠦᠵᠡᠵᠦ ᠪᠣᠯᠤᠨ᠎ᠠ᠃

     2. ᠦᠢ᠍ᠯᠡᠳᠬᠦᠨ᠎ᠤ ᠲᠡᠮᠳᠡᠭ᠄ ᠪᠣᠭᠤᠳᠠᠯ ᠳᠡᠭᠡᠷ᠎ᠡ᠎ᠪᠠᠨ ᠲᠦᠭᠦᠬᠡᠶ ᠮᠠᠲ᠋ᠧᠷᠢᠶᠠᠯ᠎ᠤᠨ ᠵᠢᠭ᠋ᠠᠰᠤᠨ᠎ᠤ ᠲᠦᠷᠦᠯ ᠂  ᠡᠳ᠋ᠰᠢᠭᠦᠯᠵᠦ ᠪᠣᠯᠪᠠᠰᠤᠷᠠᠭᠤᠯᠤᠭᠰᠠᠨ  ᠠᠵᠤ ᠠᠬᠤᠶ᠋ᠢᠯᠠᠯ᠎ᠤᠨ ᠨᠡᠷᠡᠶ᠋ᠢᠳᠦᠯ ᠵᠢᠴᠢ ᠳᠠᠩᠰᠠᠯᠠᠭᠰᠠᠨ  ᠨᠣᠮᠧᠷ᠂ ᠰᠢᠯᠭ᠋ᠠᠨ ᠪᠠᠶ᠋ᠢᠴᠠᠭ᠋ᠠᠭ᠋ᠠᠳ ᠬᠢᠷᠢ ᠲᠡᠩᠴᠡᠭᠰᠡᠨ ᠭᠡᠷᠡᠴᠢ ᠵᠡᠷᠭᠡ ᠮᠡᠳᠡᠭᠡ ᠵᠠᠩᠭᠢ ᠵᠢ ᠲᠣᠳᠣᠷᠬᠠᠶ᠋ᠢᠯᠠᠬᠤ ᠬᠡᠷᠡᠭᠲᠡᠶ᠃

     ᠬᠡᠭᠡᠷ᠎ᠡ ᠵᠢᠨ  ᠬᠤᠰᠬ᠎ᠠ ᠵᠢᠴᠢ ᠬᠠᠤᠯᠢ ᠪᠤᠰᠤ᠎ᠪᠠᠷ  ᠡᠳ᠋ᠰᠢᠭᠦᠯᠵᠦ  ᠪᠣᠯᠪᠠᠰᠤᠷᠠᠭᠤᠯᠤᠭᠰᠠᠨ ᠦᠢ᠍ᠯᠡᠳᠬᠦᠨ᠎ᠢ ᠢᠳᠡᠬᠦ ᠵᠢ  ᠴᠢᠩᠭ᠎ᠠ ᠴᠠᠭ᠋ᠠᠵᠠᠯᠠᠨ᠎ᠠ

     ᠬᠡᠭᠡᠷ᠎ᠡ ᠵᠢᠨ ᠬᠤᠰᠬ᠎ᠠ ᠵᠢᠨ ᠬᠤᠤᠷᠲᠣ ᠴᠢᠨᠠᠷ᠎ᠨᠢ ᠲᠦᠢ᠍ᠯ᠎ᠤᠨ ᠴᠢᠩᠭ᠎ᠠ ᠪᠠᠢ᠌ᠵᠦ᠂  ᠤᠯᠤᠰ᠎ᠠᠴᠠ  ᠡᠳ᠋ᠰᠢᠭᠦᠯᠵᠦ ᠪᠣᠯᠪᠠᠰᠣᠷᠠᠭᠣᠯᠣᠨ ᠡᠵᠡᠩᠨᠡᠬᠦ ᠵᠢ  ᠲᠣᠳᠣᠷᠬᠠᠢ  ᠵᠠᠷᠯᠢᠭᠳᠠᠨ ᠴᠠᠭ᠋ᠠᠵᠠᠯᠠᠭᠰᠠᠨ ᠪᠠᠢ᠌ᠨ᠎ᠠ ᠃ ᠥᠪᠡᠷᠲᠡᠭᠡᠨ ᠠᠩᠨᠠᠵᠤ  ᠱᠦᠭᠦᠭᠰᠡᠨ ᠬᠡᠭᠡᠷ᠎ᠡ ᠵᠢᠨ ᠬᠣᠰᠬ᠎ᠠ ᠵᠢ ᠢᠳᠡᠵᠦ ᠪᠣᠯᠬᠣ ᠦᠭᠡᠢ᠂ ᠣᠨᠴᠠ ᠵᠤᠷ᠎ᠢ ᠠᠮᠠᠷᠬᠠᠨ ᠢᠲᠡᠭᠡᠬᠦ ᠪᠤᠶᠤ ᠦᠪᠡᠷ ᠵᠶ᠋ᠡᠨ ᠡᠳ᠋ᠰᠢᠭᠦᠯᠦᠨ ᠪᠣᠯᠪᠠᠰᠣᠷᠠᠭᠣᠯᠵᠦ ᠰᠢᠢ᠍ᠳᠪᠦᠷᠢᠯᠡᠵᠦ ᠪᠣᠯᠬᠣ ᠦᠭᠡᠢ ᠃ ᠬᠢᠷᠢ ᠬᠡᠮ  ᠤᠯᠤᠭ᠋ᠠᠳᠣᠢ  ᠢᠳᠡᠭᠡᠨ ᠤᠮᠳᠠᠭ᠋ᠠᠨ᠎ᠤ  ᠨᠢᠭᠡᠴᠢ᠎ᠨᠦᠭᠦᠳ  ᠬᠤᠰᠬ᠎ᠠ ᠵᠢᠨ  ᠨᠣᠭᠣᠭ᠎ᠠ ᠬᠠᠩᠭ᠋ᠠᠵᠤ ᠪᠣᠯᠬᠤ ᠦᠭᠡᠶ᠂ ᠵᠢᠩᠬᠢᠨᠢ ᠪᠤᠰᠤ ᠠᠷᠭ᠎ᠠ ᠵᠠᠮ ᠵᠶ᠋ᠠᠷ ᠳᠠᠮᠵᠢᠨ  ᠬᠤᠰᠬ᠎ᠠ ᠵᠢ  ᠬᠤᠳᠠᠯᠳᠤᠨ ᠠᠪᠬᠤ᠂  ᠡᠳ᠋ᠰᠢᠭᠦᠯᠦᠨ  ᠦᠢ᠍ᠯᠡᠳᠬᠦ ᠵᠢᠨ ᠬᠠᠮᠲᠤ ᠬᠤᠳᠠᠯᠳᠤᠵᠤ ᠪᠣᠯᠬᠤ ᠦᠭᠡᠶ᠃

     ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ  ᠰᠢᠢ᠍ᠳᠬᠡᠬᠦ  ᠲᠣᠭᠲᠠᠭ᠋ᠠᠯ

     ᠬᠡᠭᠡᠷ᠎ᠡ ᠵᠢᠨ ᠬᠤᠰᠬ᠎ᠠ ᠵᠢ  ᠡᠵᠡᠩᠨᠡᠬᠦ᠄ 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠤ ᠠᠮᠤᠷ ᠲᠦᠪᠰᠢᠨ᠎ᠤ ᠬᠠᠤᠯᠢ》 ᠵᠢᠨ ᠵᠠᠭᠤ ᠬᠤᠷᠢᠨ ᠭᠤᠷᠪᠠᠳᠤᠭ᠋ᠠᠷ ᠵᠣᠷᠪᠣᠰ᠎ᠤᠨ  ᠲᠣᠭᠲᠠᠭ᠋ᠠᠯ᠎ᠢ ᠦᠨᠳᠦᠰᠦᠯᠡᠪᠡᠯ᠂ ᠬᠠᠤᠯᠢ ᠵᠢ ᠵᠥᠷᠢᠴᠡᠵᠦ ᠣᠯᠤᠭᠰᠠᠨ ᠠᠰᠢᠭ ᠣᠯᠵᠠᠪᠤᠷᠢ ᠵᠢᠴᠢ ᠪᠦᠲᠦᠭᠡᠭᠳᠡᠬᠦᠨ᠎ᠢ ᠎ᠨᠢ  ᠬᠤᠷᠢᠶᠠᠨ ᠠᠪᠬᠤ ᠵᠢᠨ ᠬᠠᠮᠲᠤ ᠂  ᠬᠠᠮᠤᠭ ᠥᠨᠳᠥᠷ᠎ᠲᠤ᠎ᠪᠠᠨ  ᠪᠠᠷᠠᠭ᠋ᠠᠨ᠎ᠤ ᠥᠷᠲᠡᠭ᠎ᠤᠨ ᠵᠣᠭᠤᠰ᠎ᠤᠨ ᠲᠣᠭ᠋ᠠᠨ᠎ᠤ 30 ᠳᠠᠬᠢᠨ  ᠵᠣᠭᠤᠰ ᠵᠶ᠋ᠠᠷ  ᠲᠣᠷᠭ᠋ᠠᠵᠤ ᠂ ᠵᠥᠪᠰᠢᠶᠡᠷᠡᠯ᠎ᠤᠨ ᠦᠨᠡᠮᠯᠡᠯ᠎ᠢ᠎ᠨᠢ ᠬᠤᠷᠢᠶᠠᠨ ᠠᠪᠴᠤ ᠬᠦᠴᠦᠨ ᠦᠭᠡᠢ ᠪᠣᠯᠭ᠋ᠠᠵᠤ᠂ ᠶᠠᠯ᠎ᠠ ᠪᠣᠯᠵᠤ ᠪᠦᠷᠢᠯᠳᠦᠭᠰᠡᠨ ᠪᠠᠶ᠋ᠢᠪᠠᠯ ᠬᠠᠤᠯᠢ ᠶᠣᠰᠣᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃

     ᠬᠢᠷᠢ ᠭᠡᠮ ᠦᠭᠡᠶ  ᠡᠳ᠋ᠰᠢᠭᠦᠯᠦᠨ ᠪᠣᠯᠪᠠᠰᠣᠷᠠᠭᠣᠯᠵᠦ ᠪᠣᠷᠣᠯᠠᠭᠣᠯᠬᠣ᠄ 《ᠪᠦᠭᠦᠳᠡ ᠨᠠᠢ᠌ᠷᠠᠮᠳᠠᠬᠤ ᠳᠣᠮᠳᠠᠳᠣ ᠠᠷᠠᠳ ᠣᠯᠣᠰ᠎ᠤᠨ  ᠢᠳᠡᠭᠡᠨ᠎ᠤ ᠠᠮᠤᠷ ᠲᠦᠪᠰᠢᠨ᠎ᠤ ᠬᠠᠤᠯᠢ》 ᠵᠢᠨ ᠵᠠᠭᠤ ᠬᠣᠷᠢᠨ ᠳᠥᠷᠪᠡᠳᠦᠭᠡᠷ ᠵᠣᠷᠪᠣᠰ᠎ᠤᠨ  ᠲᠣᠭᠲᠠᠭ᠋ᠠᠯ᠎ᠢ ᠦᠨᠳᠦᠰᠦᠯᠡᠨ᠂ ᠬᠠᠤᠯᠢ᠎ᠠᠴᠠ ᠵᠥᠷᠢᠴᠡᠭᠰᠡᠨ ᠣᠯᠵᠠᠪᠤᠷᠢ ᠵᠢᠴᠢ ᠦᠢ᠍ᠯᠡᠳᠬᠦᠨ᠎ᠢ᠎ᠨᠢ ᠬᠤᠷᠢᠶᠠᠨ ᠠᠪᠴᠤ᠂ 10 ᠲᠦᠮᠡᠨ ᠲᠥᠭᠥᠷᠢᠭ᠎ᠠᠴᠠ ᠳᠡᠭᠡᠭᠰᠢ ᠵᠣᠭᠣᠰ ᠵᠶ᠋ᠠᠷ ᠲᠣᠷᠭ᠋ᠠᠨ᠎ᠠ ᠂  ᠬᠥᠮᠦᠨ᠎ᠤ ᠪᠡᠶ᠎ᠡ ᠮᠠᠬᠠᠪᠣᠳ᠎ᠢ ᠭᠡᠮᠲᠦᠭᠡᠭᠰᠡᠨ ᠪᠣᠯ ᠢᠷᠭᠡᠨ᠎ᠤ ᠬᠡᠷᠡᠭ᠎ᠤᠨ ᠲᠥᠯᠥᠪᠦᠷᠢ ᠵᠢᠴᠢ ᠡᠷᠡᠭᠦᠦ ᠵᠢᠨ ᠬᠠᠷᠢᠭᠤᠴᠠᠯᠭ᠎ᠠ ᠵᠢ ᠡᠭᠦᠷᠭᠡᠯᠡᠨ᠎ᠡ᠃

     ᠬᠣᠰᠬ᠎ᠠ  ᠠᠮᠳᠠᠳᠠᠢ ᠭᠡᠬᠦ᠎ᠳᠤ᠎ᠪᠠᠨ  ᠠᠮᠢ ᠨᠠᠰᠤ ᠨᠡᠡᠭ ᠦᠨᠡᠳᠠᠢ ᠪᠠᠢ᠌ᠳᠠᠭ! ᠥᠷᠭᠡᠨ ᠣᠯᠠᠨ ᠢᠳᠡᠭᠡᠨ ᠤᠮᠳᠠᠭ᠋ᠠᠨ᠎ᠤ  ᠨᠢᠭᠡᠴᠢ᠎ᠨᠦᠭᠦᠳ ᠣᠯᠠᠨ ᠨᠡᠶ᠋ᠢᠲᠡ ᠵᠢᠨ ᠠᠮᠢ ᠨᠠᠰᠤᠨ᠎ᠤ ᠠᠮᠤᠷ ᠲᠦᠪᠰᠢᠨ᠎ᠳᠤ ᠳᠡᠭᠡᠳᠦ ᠬᠡᠮᠵᠢᠶ᠎ᠡ᠎ᠪᠠᠷ ᠬᠠᠷᠢᠭᠤᠴᠠᠬᠤ ᠣᠪᠣᠷ ᠵᠶ᠋ᠠᠷ ᠂  ᠢᠳᠡᠭᠡᠨ᠎ᠤ ᠠᠮᠤᠷ ᠲᠦᠪᠰᠢᠨ᠎ᠤ ᠱᠠᠭ᠋ᠠᠷᠳᠠᠯᠭ᠎ᠠ᠎ᠳᠤ ᠨᠡᠶ᠋ᠢᠴᠡᠬᠦ ᠥᠬᠡᠶ  ᠬᠣᠰᠬ᠎ᠠ ᠵᠢ ᠬᠣᠳᠠᠯᠳᠣᠨ ᠠᠪᠬᠤ ᠦᠭᠡᠢ᠂ ᠡᠳ᠋ᠰᠢᠭᠦᠯᠦᠨ ᠪᠣᠯᠪᠠᠰᠣᠷᠠᠭᠣᠯᠵᠦ ᠦᠢ᠍ᠯᠡᠳᠬᠦ ᠦᠭᠡᠢ ᠪᠠᠢ᠌ᠬᠤ ᠵᠢ  ᠤᠬᠠᠮᠰᠠᠷ᠎ᠠᠴᠠ᠎ᠪᠠᠨ ᠪᠡᠶᠡᠯᠡᠭᠦᠯᠬᠦ ᠬᠡᠷᠡᠭᠲᠡᠶ᠃ ᠡᠭᠦᠨ᠎ᠤ ᠬᠠᠮᠲᠤ ᠪᠠᠰᠠ ᠥᠷᠭᠡᠨ ᠣᠯᠠᠨ ᠬᠡᠷᠡᠭᠯᠡᠭᠴᠢᠳ᠎ᠤᠨ ᠥᠪᠡᠷ᠎ᠢ᠎ᠪᠠᠨ ᠬᠠᠮᠠᠭ᠋ᠠᠯᠠᠬᠤ ᠤᠬᠠᠮᠰᠠᠷ ᠵᠶ᠋ᠠᠨ ᠴᠢᠩᠭ᠋ᠠᠳᠬᠠᠬᠤ ᠵᠢ ᠬᠦᠰᠡᠵᠦ ᠪᠠᠶ᠋ᠢᠨ᠎ᠠ᠂ ᠬᠡᠷᠪᠡ ᠲᠣᠭᠲᠠᠭ᠋ᠠᠯ᠎ᠠᠴᠠ ᠵᠥᠷᠢᠴᠡᠨ  ᠬᠤᠰᠬ᠎ᠠ  ᠪᠣᠷᠣᠯᠠᠭᠤᠯᠬᠤ᠂ ᠡᠳ᠋ᠰᠢᠭᠦᠯᠬᠦ ᠦᠢ᠍ᠯᠡ ᠠᠵᠢᠯᠯᠠᠭ᠎ᠠ ᠵᠢ ᠣᠯᠵᠤ ᠮᠡᠳᠡᠪᠡᠯ᠂ ᠴᠠᠭ ᠲᠤᠬᠠᠶ᠎ᠳᠤ᠎ᠨᠢ 12315  ᠬᠠᠯᠠᠮᠰᠢᠯ  ᠤᠲᠠᠰᠤ᠎ᠳᠤ  ᠤᠲᠠᠰᠤᠳᠠᠵᠤ ᠲᠤᠬᠠᠶ ᠵᠢᠨ ᠭᠠᠵᠠᠷ᠎ᠤᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠤ ᠵᠠᠭ᠋ᠠᠯᠳᠤᠵᠤ ᠢᠯᠡᠴᠢᠯᠡᠨ ᠮᠡᠳᠡᠭᠦᠯᠦᠭᠡᠷᠡᠢ᠃

 

ᠢᠷᠡᠯᠲᠡ᠄ ᠢᠳᠡᠭᠡᠨ ᠤᠮᠳᠠᠭ᠋ᠠᠨ᠎ᠤ ᠬᠢᠨᠠᠯᠲᠠ ᠬᠠᠮᠢᠶᠠᠷᠤᠯᠲᠠ ᠵᠢᠨ ᠭᠠᠵᠠᠷ᠂ ᠰᠣᠨᠢᠨ ᠮᠡᠳᠡᠭᠡ ᠤᠬᠠᠭᠤᠯᠭ᠎ᠠ ᠵᠢᠨ ᠭᠠᠵᠠᠷ