ᠵᠢᠶᠠᠩᠨᠠᠭᠰᠠᠨ ᠨᠤᠭᠤᠭ᠎ᠠ ᠬᠤᠳᠠᠯᠳᠤᠨ ᠠᠪᠬᠤ& ᠢᠳᠡᠬᠦ ᠡᠨᠡ ᠬᠦ᠌ ᠠᠮᠤᠷ ᠲᠦᠪᠰᠢᠨ᠎ᠦ ᠰᠠᠨᠠᠭᠤᠯᠭ᠎ᠠ ᠭᠡᠷ ᠬᠤᠲᠠᠯᠠᠭ᠋ᠠᠷ᠎ᠤᠨ ᠬᠡᠷᠡᠭᠯᠡᠭᠡᠨ᠎ᠳᠦ ᠲᠤᠬᠢᠷᠠᠨ᠎ᠠ→
2025-12-29

ᠵᠢᠶᠠᠩᠨᠠᠭᠰᠠᠨ ᠨᠤᠭᠤᠭ᠎ᠠ  ᠬᠡᠷᠡᠭᠯᠡᠭᠡᠨ᠎ᠦ ᠰᠠᠨᠠᠭᠤᠯᠭ᠎ᠠ

ᠵᠢᠶᠠᠩᠨᠠᠭᠰᠠᠨ ᠨᠤᠭᠤᠭ᠎ᠠ ᠪᠣᠯ ᠬᠤᠭᠤᠯᠠᠨ ᠰᠢᠷᠡᠭᠡᠨ ᠳᠡᠭᠡᠷ᠎ᠡ ᠦᠷᠬᠦᠯᠵᠢ ᠬᠠᠷᠠᠭᠳᠠᠳᠠᠭ ᠨᠤᠭᠤᠭ᠎ᠠ ᠮᠦᠨ᠂ ᠰᠢᠩᠭᠡᠨ ᠪᠤᠳᠠᠭ᠎ᠠ᠂ ᠵᠢᠭᠣᠷᠬᠣ ᠮᠢᠨᠲᠤᠤᠷ᠂ ᠬᠤᠭᠣᠯᠠ ᠵᠤᠭᠤᠭᠯᠠᠬᠤ ᠨᠢ ᠪᠦᠷ ᠢᠳᠡᠭᠡᠨ ᠤᠮᠳᠠᠭᠠᠨ᠎ᠳᠤ ᠥᠪᠡᠷᠮᠢᠴᠡ ᠣᠨᠴᠠᠯᠢᠭ ᠨᠡᠮᠡᠷᠢᠯᠡᠳᠡᠭ᠃ ᠭᠡᠪᠡᠴᠦ᠂ ᠠᠮᠲᠠᠲᠤ ᠢᠳᠡᠭᠡᠨ᠎ᠢ ᠡᠳ᠋ᠯᠡᠬᠦ᠎ᠶᠢᠨ ᠬᠠᠮᠲᠤ᠂ ᠢᠳᠡᠭᠡᠨ᠎ᠤ ᠠᠮᠤᠷ ᠲᠦᠪᠰᠢᠨ᠎ᠤ ᠠᠰᠠᠭᠤᠳᠠᠯ᠎ᠢ ᠣᠮᠳᠤᠭ᠋ᠠᠢ᠌ᠯᠠᠵᠦ ᠪᠣᠯᠬᠤ ᠥᠬᠡᠶ᠂ ᠪᠢᠳᠡ ᠲᠣᠳᠣᠷᠬᠠᠶ ᠢᠳᠡᠬᠦ ᠮᠥᠷᠲᠡᠭᠡᠨ ᠰᠠᠨᠠᠭ᠎ᠠ ᠠᠮᠤᠷ ᠢᠳᠡᠬᠦ ᠬᠡᠷᠡᠭᠲᠡᠶ᠃

ᠶᠠᠭᠤ᠎ᠶᠢ ᠵᠢᠶᠠᠩᠨᠠᠭᠰᠠᠨ ᠨᠤᠭᠤᠭ᠎ᠠ ᠭᠡᠬᠦ ᠪᠣᠢ

GB 2714 — 2015 ᠣᠨ᠎ᠤ 《ᠢᠳᠡᠭᠡᠨ᠎ᠦ ᠠᠮᠤᠷ ᠲᠦᠪᠰᠢᠨ᠎ᠦ ᠣᠯᠣᠰ᠎ᠤᠨ ᠪᠠᠷᠢᠮᠵᠢᠶ᠎ᠠ  ᠵᠢᠶᠠᠩᠨᠠᠭᠰᠠᠨ ᠨᠤᠭᠤᠭ᠎ᠠ》᠎ᠶᠢ ᠦᠨᠳᠦᠰᠦᠯᠡᠪᠡᠯ᠂ ᠵᠢᠶᠠᠩᠨᠠᠭᠰᠠᠨ ᠨᠤᠭᠤᠭ᠎ᠠ ᠨᠢ ᠰᠢᠨ᠎ᠡ ᠰᠤᠷᠭᠤᠭ ᠢᠳᠡᠰᠢᠨ ᠨᠤᠭᠤᠭ᠎ᠠ᠎ᠪᠠᠷ ᠭᠣᠣᠯ ᠲᠦᠭᠦᠬᠡᠢ ᠡᠳ᠋ ᠪᠤᠯᠭ᠋ᠠᠨ᠂ ᠳᠠᠪᠤᠰᠣᠯᠠᠬᠤ ᠪᠠ ᠵᠢᠶᠠᠩᠨᠠᠬᠤ᠎ᠪᠠᠷ ᠳᠠᠮᠵᠢᠨ ᠪᠤᠯᠪᠠᠰᠤᠷᠠᠭᠤᠯᠤᠭᠰᠠᠨ ᠡᠯ᠎ᠡ ᠲᠦᠷᠦᠯ᠎ᠦᠨ ᠢᠳᠡᠰᠢᠨ ᠨᠤᠭᠤᠭ᠎ᠠ᠎ᠶᠢᠨ ᠦᠢ᠍ᠯᠡᠳᠭᠦᠨ ᠪᠤᠯᠤᠨ᠎ᠠ᠃

ᠵᠢᠶᠠᠩᠨᠠᠭᠰᠠᠨ ᠨᠤᠭᠤᠭ᠎ᠠ ᠨᠢ ᠶᠠᠮᠠᠷ ᠬᠡᠳᠦᠨ ᠲᠦᠷᠦᠯ ᠬᠤᠪᠢᠶᠠᠬᠤ ᠪᠣᠢ

ᠵᠠᠬ᠎ᠠ ᠳᠡᠯᠭᠡᠭᠦᠷ᠎ᠲᠦ ᠦᠷᠬᠦᠯᠵᠢ ᠳᠤᠬᠢᠶᠠᠯᠳᠤᠳᠠᠭ ᠵᠢᠶᠠᠩᠨᠠᠭᠰᠠᠨ ᠨᠤᠭᠤᠭ᠎ᠠ᠎ᠶᠢ ᠢᠰᠭᠡᠭᠰᠡᠨ ᠢᠳᠡᠰᠢᠨ ᠨᠣᠭᠣᠭ᠎ᠠ᠎ᠶᠢᠨ ᠦᠢ᠍ᠯᠡᠳᠭᠦᠨ ᠪᠠ ᠢᠰᠭᠡᠭᠰᠡᠨ ᠪᠣᠰᠤ ᠢᠳᠡᠰᠢᠨ ᠨᠤᠭᠤᠭ᠎ᠠ᠎ᠶᠢᠨ ᠦᠢ᠍ᠯᠡᠳᠭᠦᠨ ᠭᠡᠵᠦ ᠬᠤᠪᠢᠶᠠᠵᠦ ᠪᠤᠯᠤᠨ᠎ᠠ᠃

ᠨᠢᠭᠡ᠂ ᠢᠰᠭᠡᠭᠰᠡᠨ ᠢᠳᠡᠰᠢᠨ ᠨᠤᠭᠤᠭ᠎ᠠ᠎ᠶᠢᠨ ᠦᠢ᠍ᠯᠡᠳᠭᠦᠨ

ᠳᠠᠪᠤᠰᠣᠯᠠᠨ ᠦᠢ᠍ᠯᠡᠳᠬᠦ ᠦᠶᠡᠰ᠎ᠤᠨ ᠳᠠᠪᠣᠰᠣᠨ᠎ᠤ ᠬᠡᠮᠵᠢᠶ᠎ᠡ᠎ᠶᠢ ᠪᠠᠭ᠎ᠠ ᠨᠡᠮᠡᠵᠦ᠂ ᠳᠠᠪᠤᠰᠣᠯᠠᠬᠤ ᠶᠠᠪᠤᠴᠠ᠎ᠳᠤ ᠬᠤᠷᠴᠠ ᠰᠢᠷᠦᠭᠦᠨ ᠰᠦᠨ ᠬᠦᠴᠢᠯ᠎ᠦᠨ ᠢᠰᠭᠡᠬᠦ ᠦᠢ᠍ᠯᠡᠳᠦᠯ ᠭᠠᠷᠭ᠋ᠠᠬᠤ᠎ᠶᠢᠨ ᠬᠠᠮᠲᠤ ᠬᠦᠩᠭᠡᠨ ᠬᠡᠮᠵᠢᠶᠡᠨ᠎ᠦ ᠰᠫᠢᠷᠲ᠎ᠦᠨ ᠢᠰᠢᠭᠡᠯᠡᠲᠡ ᠪᠠ ᠼᠤᠤ ᠬᠦᠴᠢᠯ᠎ᠦ᠋ᠨ ᠢᠰᠬᠡᠯᠲᠡ ᠳᠠᠭ᠋ᠠᠯᠳᠣᠳᠠᠭ᠃ ᠢᠰᠭᠡᠭᠰᠡᠨ᠎ᠡᠴᠡ ᠡᠭᠦᠰᠦᠭᠰᠡᠨ ᠰᠦᠨ ᠬᠦᠴᠢᠯ ᠪᠠ ᠨᠡᠮᠡᠭᠰᠡᠨ ᠢᠳᠡᠭᠡᠨ᠎ᠦ ᠳᠠᠪᠣᠰᠤ ᠵᠢᠴᠢ ᠦᠨᠦᠷᠲᠦ ᠡᠳ᠋ ᠵᠡᠷᠭᠡ᠎ᠶᠢ ᠠᠰᠢᠭ᠍ᠯᠡᠨ ᠢᠯᠵᠠᠷᠠᠬᠤ᠎ᠠᠴᠠ ᠰᠡᠷᠭᠡᠢ᠌ᠯᠡᠨ ᠬᠠᠳᠠᠭ᠋ᠠᠯᠠᠵᠦ᠂ ᠦᠨᠦᠷ ᠠᠮᠲᠠ᠎ᠶᠢ ᠨᠡᠮᠡᠭᠳᠡᠭᠦᠯᠦᠨ᠎ᠡ᠂ ᠡᠭᠦᠨ᠎ᠳᠦ ᠳᠠᠪᠤᠰᠣᠯᠠᠭᠰᠠᠨ ᠨᠤᠭᠤᠭ᠎ᠠ ᠪᠠ ᠬᠦᠴᠢᠲᠠᠢ ᠨᠤᠭᠤᠭ᠎ᠠ ᠪᠠᠭᠲᠠᠨ᠎ᠠ᠃

ᠬᠤᠶᠠᠷ᠂ ᠢᠰᠭᠡᠭᠰᠡᠨ ᠪᠤᠰᠣ ᠢᠳᠡᠰᠢᠨ ᠨᠤᠭᠤᠭ᠎ᠠ᠎ᠶᠢᠨ ᠦᠢ᠍ᠯᠡᠳᠭᠦᠨ

ᠦᠨᠳᠦᠷ ᠳᠠᠪᠣᠰᠤ᠎ᠪᠠᠷ ᠳᠠᠪᠣᠰᠣᠯᠠᠵᠦ᠂ ᠳᠠᠪᠤᠰᠣᠯᠠᠬᠤ ᠶᠠᠪᠤᠴᠠ᠎ᠳᠤ ᠢᠰᠭᠡᠬᠦ ᠦᠬᠡᠢ ᠪᠤᠶᠤ ᠵᠢᠭ᠋ᠠᠬᠠᠨ ᠢᠰᠭᠡᠨ᠎ᠡ᠃ ᠦᠨᠳᠦᠷ ᠦᠳᠭᠡᠴᠡ ᠲᠠᠢ ᠢᠳᠡᠭᠡᠨ᠎ᠦ ᠳᠠᠪᠤᠰᠤ᠂ ᠰᠢᠬᠢᠷ ᠵᠢᠴᠢ ᠪᠤᠰᠤᠳ ᠠᠮᠲᠠ ᠣᠷᠣᠭᠣᠯᠬᠣ ᠡᠳ᠋᠎ᠢ ᠠᠰᠢᠭᠯᠠᠨ ᠢᠯᠵᠠᠷᠠᠬᠤ᠎ᠠᠴᠠ ᠰᠡᠷᠭᠡᠢ᠌ᠯᠡᠨ ᠬᠠᠳᠠᠭ᠋ᠠᠯᠠᠵᠦ᠂ ᠦᠨᠦᠷ ᠠᠮᠲᠠ᠎ᠶᠢ ᠨᠡᠮᠡᠭᠳᠡᠭᠦᠯᠦᠨ᠎ᠡ᠂ ᠡᠭᠦᠨ᠎ᠳᠦ ᠳᠠᠪᠤᠰᠤᠯᠠᠭᠰᠠᠨ ᠨᠤᠭᠤᠭ᠎ᠠ᠂ ᠵᠢᠶᠩᠨᠠᠭᠰᠠᠨ ᠨᠤᠭᠤᠭ᠎ᠠ ᠪᠠ ᠰᠢᠬᠢᠷ ᠼᠤᠤ᠎ᠶᠢᠨ ᠨᠤᠭᠤᠭ᠎ᠠ ᠪᠠᠭᠲᠠᠨ᠎ᠠ᠃

ᠬᠡᠷᠬᠢᠨ ᠵᠥᠪ ᠣᠨᠤᠪᠴᠢᠲᠠᠢ ᠵᠢᠶᠠᠩᠨᠠᠭᠰᠠᠨ ᠨᠤᠭᠤᠭ᠎ᠠ ᠬᠤᠳᠠᠯᠳᠤᠨ ᠠᠪᠬᠤ ᠪᠣᠢ

1.ᠵᠢᠩᠬᠢᠨᠢ ᠠᠷᠭ᠎ᠠ ᠵᠠᠮ ᠪᠠ ᠪᠤᠭᠤᠳᠠᠯᠯᠠᠬᠤ ᠠᠷᠭ᠎ᠠ ᠮᠠᠶᠢᠭ᠎ᠢ ᠰᠣᠩᠭᠣᠵᠦ᠂ ᠦᠢ᠍ᠯᠡᠳᠭᠦᠨ᠎ᠦ ᠱᠤᠰᠢᠭ᠎ᠠ᠎ᠶᠢ ᠨᠠᠷᠢᠨ ᠨᠢᠮᠪᠠᠢ ᠯᠠᠪᠯᠠᠵᠦ ᠦᠵᠡᠭᠡᠷᠡᠢ᠃

2.ᠣᠷᠢᠳᠴᠢᠯᠡᠨ ᠪᠤᠭᠤᠳᠠᠯᠯᠠᠭᠰᠠᠨ ᠵᠢᠶᠠᠩᠨᠠᠭᠰᠠᠨ ᠨᠤᠭᠤᠭ᠎ᠠ᠎ᠶᠢᠨ ᠦᠢ᠍ᠯᠡᠳᠭᠦᠨ᠎ᠢ ᠬᠤᠳᠠᠯᠳᠣᠨ ᠠᠪᠬᠤ᠎ᠳᠤ᠎ᠪᠠᠨ ᠦᠢ᠍ᠯᠡᠳᠭᠦᠨ᠎ᠳᠦ ᠲᠡᠪᠲᠣᠭ᠌ᠰᠡᠨ ᠣᠭᠣᠲᠠ ᠪᠠᠢ᠌ᠬᠤ ᠡᠰᠡᠬᠦ᠂ ᠱᠥᠯᠦ ᠪᠤᠯᠠᠩᠬᠢᠷᠲᠤᠬᠤ᠂ ᠰᠢᠩᠭᠡᠨ ᠪᠡᠶᠡᠲᠦ ᠨᠡᠪᠴᠢᠨ ᠭᠠᠷᠬᠤ ᠵᠡᠷᠭᠡ ᠠᠰᠠᠭᠤᠳᠡᠯ᠎ᠢ ᠠᠩᠬᠠᠷᠤᠨ ᠠᠵᠢᠭ᠍ᠯᠠᠵᠦ᠂ ᠡᠢ᠌ᠮᠦᠷᠬᠦᠦ ᠠᠰᠠᠭᠣᠳᠡᠯ ᠪᠠᠢ᠌ᠪᠠᠯ ᠪᠢᠲᠡᠬᠡᠢ ᠬᠣᠳᠠᠯᠳᠣᠨ ᠠᠪᠣᠭ᠋ᠠᠷᠠᠢ᠃

3.ᠣᠷᠢᠳᠴᠢᠯᠡᠨ ᠪᠤᠭᠤᠳᠠᠯᠯᠠᠭᠰᠠᠨ ᠦᠢ᠍ᠯᠡᠳᠭᠦᠨ᠎ᠦ ᠭᠠᠳᠠᠷ ᠪᠤᠭᠤᠳᠠᠯ ᠳᠡᠭᠡᠷ᠎ᠡ ᠴᠢᠬᠣᠯᠠ ᠪᠦᠬᠦᠢ ᠮᠡᠳᠡᠭᠡ ᠵᠠᠩᠭᠢ᠎ᠶᠢ ᠲᠤᠲᠤᠷᠬᠠᠢ᠌ᠯᠠᠨ ᠬᠠᠳᠠᠬᠤ ᠬᠡᠷᠡᠭᠲᠡᠢ᠃

4.ᠬᠡᠷᠪᠡ ᠰᠣᠯᠠ᠎ᠪᠠᠷ ᠵᠢᠶᠠᠩᠨᠠᠭᠰᠠᠨ ᠨᠤᠭᠤᠭ᠎ᠠ᠎ᠶᠢ ᠰᠣᠩᠭᠤᠪᠠᠯ ᠪᠤᠷᠤᠯᠠᠭᠤᠯᠭ᠎ᠠ᠎ᠶᠢᠨ ᠣᠷᠴᠢᠨ ᠲᠤᠭᠤᠷᠢᠨ᠎ᠦ ᠡᠷᠡᠭᠦᠯ ᠬᠠᠮᠠᠭ᠋ᠠᠯᠠᠯ᠎ᠤᠨ ᠨᠦᠭᠦᠴᠡᠯ ᠪᠠ ᠦᠢ᠍ᠯᠡᠳᠭᠦᠨ᠎ᠤ ᠬᠠᠳᠠᠭ᠋ᠠᠯᠠᠯᠲᠠ᠎ᠶᠢᠨ ᠡᠷᠡᠭᠦᠯ ᠬᠠᠮᠠᠭ᠋ᠠᠯᠠᠯ᠎ᠤᠨ ᠨᠦᠭᠦᠴᠡᠯ᠎ᠢ ᠠᠩᠬᠠᠷᠤᠨ ᠠᠵᠢᠭ᠍ᠯᠠᠵᠦ᠂ ᠦᠢ᠍ᠯᠡᠳᠭᠦᠨ᠎ᠳᠦ ᠰᠣᠨᠢᠨ ᠦᠨᠦᠷ ᠠᠮᠲᠠ ᠦᠭᠡᠢ᠂ ᠣᠨᠳᠣᠣ ᠦᠨᠦᠷ ᠦᠭᠡᠢ᠂ ᠸᠠᠯᠠᠵᠦ ᠢᠯᠵᠠᠷᠠᠭᠰᠠᠨ ᠦᠭᠡᠢ᠂ ᠬᠦᠬᠡᠴᠦ ᠳᠣᠯᠪᠣ ᠴᠠᠭ᠋ᠠᠨ ᠪᠦᠷᠬᠦᠬᠦᠯ ᠦᠭᠡᠢ᠂ ᠣᠨᠳᠣᠣ ᠶᠠᠭᠤᠮ᠎ᠠ ᠦᠭᠡᠢ ᠪᠠᠢ᠌ᠪᠠᠯ ᠵᠤᠬᠢᠨ᠎ᠠ᠃

ᠬᠠᠳᠠᠭ᠋ᠠᠯᠠᠬᠤ ᠪᠠ ᠢᠳᠡᠬᠦ᠎ᠶᠢᠨ ᠪᠠᠭ᠎ᠠ ᠮᠡᠳᠡᠯᠭᠡ

ᠮᠠᠰᠢ ᠣᠯᠠᠨ ᠭᠡᠷ ᠪᠦᠯᠢ ᠥᠪᠡᠰᠥᠪᠡᠨ ᠵᠢᠶᠠᠩᠨᠠᠭᠰᠠᠨ ᠨᠣᠭᠤᠭ᠎ᠠ ᠢᠳᠡᠬᠦ᠎ᠳᠦ ᠳᠠᠳᠵᠦ᠂ ᠳᠠᠪᠣᠰᠤᠯᠠᠬᠤ ᠶᠠᠪᠤᠴᠠ᠎ᠳᠤ ᠡᠷᠡᠭᠦᠯ ᠬᠠᠮᠠᠭ᠋ᠠᠯᠠᠯ᠎ᠢ ᠠᠩᠬᠠᠷᠴᠦ᠂ ᠬᠤᠯᠢᠮᠠᠭ ᠪᠠᠺᠲ᠋ᠧᠷᠢ᠎ᠶᠢᠨ ᠬᠠᠯᠳᠠᠪᠦᠷᠢᠯᠠᠯ᠎ᠠᠴᠠ ᠵᠠᠢᠯᠠᠰᠭᠢᠬᠦ᠌ ᠬᠡᠷᠡᠭ᠌ᠲᠡᠢ᠃ ᠬᠢᠬᠦ᠌᠎ᠳᠦ᠍᠎ᠪᠡᠨ ᠱᠢᠨ᠎ᠡ ᠰᠣᠷᠭᠣᠭ ᠠᠷᠢᠭᠤᠨ ᠴᠡᠪᠡᠷ᠂ ᠪᠣᠯᠪᠠᠰᠤᠷᠠᠩᠭᠤᠶ ᠪᠥᠭᠡᠳ ᠲᠣᠬᠢᠷᠠᠮᠵᠢᠲᠠᠶ᠂ ᠡᠪᠡᠳᠴᠢᠨ ᠬᠣᠷᠣᠬᠠᠶ᠎ᠶ᠋ᠢᠨ ᠬᠥᠨᠥᠭᠡᠯ ᠦᠭᠡᠶ ᠵᠢᠴᠢ ᠸᠠᠯᠠᠭ᠍ᠰᠠᠨ ᠦᠵᠡᠭ᠌ᠳᠡᠯ ᠪᠠᠢ᠌ᠬᠤ ᠦᠭᠡᠶ ᠢᠳᠡᠱᠢᠨ ᠨᠣᠭᠣᠭ᠎ᠠ᠎ᠶ᠋ᠢ ᠰᠣᠩᠭᠣᠨ ᠬᠡᠷᠡᠭ᠌ᠯᠡᠵᠦ᠍᠂ ᠤᠬᠢᠶᠠᠵᠤ ᠴᠡᠪᠡᠷᠯᠡᠭ᠌ᠰᠡᠨ᠎ᠦ ᠳᠠᠷᠠᠭ᠎ᠠ ᠳᠠᠬᠢᠨ ᠬᠡᠰᠡᠭᠯᠡᠨ ᠬᠡᠷᠴᠢᠵᠦ᠍ ᠬᠠᠲᠠᠭᠠᠨ᠎ᠠ᠃ ᠳᠠᠪᠣᠰᠤᠯᠠᠬᠤ ᠶᠠᠪᠤᠴᠠ᠎ᠳᠤ ᠭᠡᠷᠡᠯ᠎ᠠᠴᠠ ᠵᠠᠢᠯᠠᠵᠤ ᠪᠢᠲᠡᠭᠦᠮᠵᠢᠯᠡᠬᠦ᠌᠎ᠶ᠋ᠢ ᠠᠩᠬᠠᠷᠤᠨ᠎ᠠ᠃ ᠵᠢᠶᠠᠩᠨᠠᠭ᠍ᠰᠠᠨ ᠨᠣᠭᠣᠭ᠎ᠠ ᠶᠡᠷᠦ᠍᠎ᠳᠡᠭᠡᠨ ᠨᠡᠯᠢᠶᠡᠳ ᠥᠨᠳᠥᠷ ᠳᠠᠪᠤᠰᠤ ᠠᠭᠤᠯᠵᠤ᠂ ᠵᠢᠪᠡᠷᠡᠬᠦ᠌ ᠦᠭᠡᠶ ᠪᠣᠯᠣᠳ ᠰᠠᠪᠠᠨ᠎ᠳᠤ ᠬᠠᠳᠠᠭᠠᠯᠠᠬᠤ᠎ᠳᠤ ᠲᠣᠬᠢᠷᠠᠮᠵᠢ ᠦᠭᠡᠶ᠂ ᠸᠠᠭᠠᠷ ᠱᠠᠭᠠᠵᠠᠩ᠂ ᠱᠢᠯ ᠰᠠᠪᠠᠨ᠎ᠳᠤ ᠬᠠᠳᠠᠭᠠᠯᠠᠪᠠᠯ ᠵᠤᠬᠢᠨ᠎ᠠ᠃

ᠬᠣᠳᠠᠯᠳᠤᠨ ᠠᠪᠤᠭ᠍ᠰᠠᠨ ᠵᠢᠶᠠᠩᠨᠠᠭ᠍ᠰᠠᠨ ᠨᠣᠭᠣᠭ᠎ᠠ᠎ᠪᠠᠨ ᠨᠡᠭᠡᠭᠡᠵᠦ᠍ ᠨᠡᠷᠡᠭ᠌ᠰᠡᠨ᠎ᠦ ᠳᠠᠷᠠᠭ᠎ᠠ ᠳᠠᠷᠤᠢᠬᠠᠨ ᠢᠳᠡᠬᠦ᠌ ᠬᠡᠷᠡᠭ᠌ᠲᠡᠶ᠂ ᠢᠳᠡᠵᠦ᠍ ᠪᠠᠷᠠᠭᠠᠳᠤᠢ ᠦᠢ᠍ᠯᠡᠳᠭᠦᠨ᠎ᠢ ᠨᠢᠭ᠍ᠲᠠ ᠪᠢᠲᠡᠭᠦᠮᠵᠢᠯᠡᠵᠦ᠍᠂ ᠬᠦᠢᠲᠡᠨ᠎ᠢᠶᠡᠷ ᠬᠠᠳᠠᠭᠠᠯᠠᠬᠤ ᠬᠡᠷᠡᠭ᠌ᠲᠡᠶ᠂ ᠬᠡᠷᠪᠡ ᠥᠩᠭᠡᠨ ᠲᠠᠯ᠎ᠠ᠎ᠳᠤ ᠨᠢ ᠬᠥᠭᠡᠴᠦ᠍ ᠲᠣᠯᠪᠣ ᠴᠠᠭᠠᠨ ᠪᠦᠷᠬᠦᠬᠦᠯ᠂ ᠬᠡᠢ ᠲᠡᠯᠡᠬᠦ᠌ ᠵᠡᠷᠭᠡ ᠦᠵᠡᠭ᠌ᠳᠡᠯ ᠭᠠᠷᠬᠤ ᠦᠶᠡᠰ ᠦᠷᠭᠦᠯᠵᠢᠯᠡᠨ ᠢᠳᠡᠵᠦ᠍ ᠪᠣᠯᠬᠤ ᠦᠭᠡᠶ᠃ ᠵᠢᠶᠠᠩᠨᠠᠭᠰᠠᠨ ᠨᠤᠭᠤᠭ᠎ᠠ᠎ᠳᠤ ᠳᠠᠪᠤᠰᠤ᠎ᠱᠢᠬᠢᠷ᠎ᠤᠨ ᠬᠡᠮᠵᠢᠶ᠎ᠡ ᠥᠨᠳᠥᠷ ᠠᠭᠤᠯᠠᠵᠦ᠂ ᠤᠷᠲᠤ ᠬᠤᠭᠤᠴᠠᠭ᠎ᠠ ᠪᠠ ᠶᠡᠭᠡ ᠬᠡᠮᠵᠢᠶ᠎ᠡ᠎ᠪᠡᠷ ᠢᠳᠡᠬᠦ᠎ᠠᠴᠠ ᠵᠠᠢᠯᠠᠰᠭᠢᠪᠠᠯ ᠵᠣᠬᠢᠨ᠎ᠠ᠃

 

ᠢᠷᠡᠯᠲᠡ᠄ ᠢᠳᠡᠭᠡᠨ᠎ᠤ ᠦᠢᠯᠡᠳᠪᠦᠷᠢᠯᠡᠯ᠎ᠤᠨ ᠠᠮᠤᠷ ᠲᠦᠪᠱᠢᠨ᠎ᠤ ᠬᠢᠨᠠᠯᠲᠠ ᠬᠠᠮᠢᠶᠠᠷᠤᠯᠲᠠ᠎ᠶ᠋ᠢᠨ ᠭᠠᠵᠠᠷ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠶᠠᠰᠤ ᠴᠢᠨᠠᠷ᠎ᠤᠨ ᠱᠢᠯᠭᠠᠨ ᠪᠠᠢᠴᠠᠭᠠᠯᠲᠠ᠎ᠶ᠋ᠢᠨ ᠰᠤᠳᠤᠯᠭᠠᠨ᠎ᠤ ᠬᠦᠷᠢᠶᠡᠯᠡᠩ᠂ ᠰᠣᠨᠢᠨ ᠮᠡᠳᠡᠭᠡ ᠤᠬᠠᠭᠤᠯᠭ᠎ᠠ᠎ᠶ᠋ᠢᠨ ᠭᠠᠵᠠᠷ