ᠣᠢ᠌ᠷ᠎ᠠ᠎ᠳᠤ ᠂ ᠱᠠᠨᠰᠢ ᠵᠢᠨ ᠸᠧᠢ ᠨᠠᠨ᠎ᠤ ᠨᠢᠭᠡᠨ ᠡᠮᠡᠭᠲᠡᠢ ᠪᠣᠷᠣ ᠭᠡᠷᠡᠯᠲᠦ ᠳ᠋ᠧᠩ ᠵᠶ᠋ᠠᠷ ᠯᠠᠵᠤᠤ ᠵᠡᠷᠭᠡ ᠢᠳᠡᠰᠢᠨ ᠨᠣᠭᠣᠭ᠎ᠠ ᠵᠢ ᠭᠡᠷᠡᠯᠲᠦᠭᠦᠯᠦᠭᠡᠳ ᠬᠥᠬᠡ ᠥᠩᠭᠡ᠎ᠲᠠᠢ ᠪᠣᠯᠤᠭᠰᠠᠨ ᠳᠦᠷᠰᠦ ᠰᠢᠩᠭᠡᠭᠡᠯᠲᠡ ᠵᠢ ᠨᠡᠢ᠌ᠲᠡᠯᠡᠭᠡᠳ ᠲᠡᠷᠡ ᠸᠢᠳᠢᠣ᠋᠎ᠨᠢ ᠰᠦᠯᠵᠢᠶᠡᠨ ᠳᠡᠭᠡᠷ᠎ᠡ ᠬᠠᠯᠠᠮᠰᠢᠯ ᠪᠣᠯᠪᠠ ᠃
ᠳᠤᠮᠳᠠᠳᠤ ᠤᠯᠤᠰ᠎ᠤᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠢᠳᠡᠰᠢᠨ ᠨᠣᠭᠣᠭ᠎ᠠ ᠬᠤᠸᠠᠷ ᠴᠡᠴᠡᠭ ᠰᠤᠳᠤᠯᠬᠤ ᠭᠠᠵᠠᠷ᠎ᠤᠨ ᠰᠤᠳᠤᠯᠤᠭᠴᠢ ᠯᠢ ᠪᠣᠣ ᠵᠢᠦᠢ᠎ᠠᠴᠠ᠂ ᠪᠣᠷᠣ ᠭᠡᠷᠡᠯᠲᠦ ᠳ᠋ᠧᠩ ᠵᠶ᠋ᠠᠷ ᠢᠳᠡᠰᠢᠨ ᠨᠣᠭᠣᠭ᠎ᠠ ᠵᠢ ᠭᠡᠷᠡᠯᠲᠦᠭᠦᠯᠬᠦ᠎ᠳᠤ ᠬᠥᠬᠡ ᠥᠩᠭᠡ ᠢᠯᠡᠷᠡᠭᠦᠯᠬᠦ᠎ᠨᠢ ᠬᠡᠪ᠎ᠤᠨ ᠪᠠᠶ᠋ᠢᠳᠠᠯ ᠪᠣᠯᠣᠨ᠎ᠠ᠃ ᠪᠣᠷᠣ ᠭᠡᠷᠡᠯᠲᠦ ᠳ᠋ᠧᠩ᠎ᠤᠨ ᠳᠣᠣᠷᠠᠬᠢ ᠬᠥᠬᠡ ᠨᠣᠭᠣᠭ᠋ᠠᠨ ᠥᠩᠭᠡᠲᠦ ᠪᠣᠳᠠᠰ ᠪᠣᠯ ᠢᠳᠡᠰᠢᠨ ᠨᠣᠭᠣᠭ᠎ᠠ ᠵᠢ ᠬᠠᠳᠠᠭ᠋ᠠᠯᠠᠬᠤ ᠶᠠᠪᠤᠴᠠ᠎ᠳᠤ ᠪᠣᠢ ᠪᠣᠯᠤᠭᠰᠠᠨ ᠴᠡᠭᠡᠨ ᠭᠡᠷᠡᠯᠲᠦ ᠪᠣᠳᠠᠰ ᠪᠠᠢ᠌ᠵᠤ ᠂ ᠡᠭᠦᠨ᠎ᠳᠤ ᠬᠠᠨ ᠲᠡᠮᠦᠷ᠎ᠤᠨ ᠬᠦᠴᠢᠯ᠂ ᠵᠢᠭ᠋ᠠᠷ ᠪᠤᠷᠴᠠᠭ᠎ᠤᠨ ᠡᠳ᠋ ᠪᠠ ᠹᠠᠯᠸᠣᠨᠤ ᠲᠥᠷᠥᠯ᠎ᠤᠨ ᠪᠣᠳᠠᠰ ᠵᠡᠷᠭᠡ ᠵᠢ ᠪᠠᠭᠲᠠᠭ᠋ᠠᠨ᠎ᠠ ᠂ ᠲᠡᠳᠡᠭᠡᠷ᠎ᠨᠢ ᠤᠷᠭᠤᠮᠠᠯ᠎ᠤᠨ ᠦᠬᠦᠰᠢᠷᠡᠯ᠎ᠠᠴᠠ ᠰᠡᠷᠭᠡᠢ᠌ᠯᠡᠳᠡᠭ᠃ ᠢᠳᠡᠰᠢᠨ ᠨᠣᠭᠣᠭ᠎ᠠ᠎ᠳᠠᠬᠢ ᠠᠭᠤᠯᠤᠭᠳᠠᠴᠠ᠎ᠨᠢ ᠪᠠᠭ᠎ᠠ ᠪᠠᠢ᠌ᠵᠤ᠂ ᠲᠠᠯᠪᠢᠬᠤ ᠴᠠᠭ᠎ᠨᠢ ᠤᠷᠲᠤ ᠪᠣᠯᠬᠤ ᠲᠣᠳᠤᠮ ᠴᠡᠭᠡᠨ ᠭᠡᠷᠡᠯ᠎ᠨᠢ ᠤᠯᠠᠮ ᠢᠯᠡᠷᠬᠡᠶ ᠪᠣᠯᠣᠨ᠎ᠠ ᠂ ᠡᠳᠡᠭᠡᠷ ᠪᠠᠢ᠌ᠭ᠋ᠠᠯᠢᠯᠢᠭ ᠪᠣᠳᠠᠰ᠎ᠨᠢ ᠬᠦᠮᠦᠨ᠎ᠤ ᠪᠡᠶ᠎ᠡ ᠠᠶᠤᠯ ᠦᠭᠡᠢ ᠪᠠᠢ᠌ᠳᠠᠭ ᠃
ᠯᠢ ᠪᠦᠦ ᠵᠢᠤᠢ 11 ᠳ᠋ᠦ᠍ᠭᠡᠷ ᠰᠠᠷ᠎ᠠ ᠵᠢᠨ ᠳᠤᠮᠳᠠᠴᠢ᠎ᠠᠴᠠ ᠡᠬᠢᠯᠡᠨ ᠮᠠᠰᠢ ᠣᠯᠠᠨ ᠪᠣᠷᠣ ᠭᠡᠷᠡᠯᠲᠦ ᠳ᠋ᠧᠩ ᠪᠠ ᠴᠡᠭᠡᠨ ᠪᠢᠷ ᠬᠤᠳᠠᠯᠳᠤᠵᠤ ᠪᠠᠢ᠌ᠭᠰᠠᠨ ᠡᠯᠸᠺᠲᠷᠣᠨ ᠬᠤᠳᠠᠯᠳᠤᠭ᠎ᠠ ᠢᠯᠡᠷᠡᠵᠦ ᠂ ᠢᠳᠡᠰᠢᠨ ᠨᠣᠭᠤᠭ᠋ᠠᠨ᠎ᠤ ᠭᠠᠳᠠᠷᠭᠤ ᠵᠢᠨ ᠲᠠᠷᠢᠶᠠᠨ ᠡᠮ᠎ᠤᠨ ᠦᠯᠡᠳᠡᠭᠳᠡᠯ᠎ᠢ ᠪᠠᠶ᠋ᠢᠴᠠᠭ᠋ᠠᠨ ᠬᠡᠮᠵᠢᠵᠦ ᠳᠡᠢ᠌ᠯᠦᠨ᠎ᠡ ᠭᠡᠰᠡᠨ ᠤᠬᠠᠭᠤᠯᠭ᠎ᠠ ᠬᠢᠵᠦ ᠪᠠᠢ᠌ᠭᠰᠠᠨ᠎ᠢ ᠠᠩᠵᠠᠭ᠋ᠠᠷᠠᠵᠤ ᠣᠯᠪᠠ ᠃ ᠦᠨᠡᠨ᠎ᠳᠤ᠎ᠪᠠᠨ ᠪᠣᠷᠣ ᠭᠡᠷᠡᠯᠲᠦ ᠳ᠋ᠧᠩ ᠵᠶ᠋ᠠᠷ ᠢᠳᠡᠰᠢᠨ ᠨᠣᠭᠣᠭ᠎ᠠ ᠵᠢᠮᠢᠰ ᠢ ᠭᠡᠷᠡᠯᠲᠦᠭᠦᠯᠦᠭᠡᠳ ᠴᠡᠭᠡᠨ ᠭᠡᠷᠡᠯ ᠰᠠᠴᠤᠷᠠᠭᠤᠯᠳᠠᠭ᠎ᠨᠢ ᠲᠠᠷᠢᠶᠠᠨ ᠡᠮ᠎ᠲᠠᠢ ᠭᠡᠳᠡᠭ᠎ᠢ ᠬᠠᠷᠠᠭᠤᠯᠵᠤ ᠳᠡᠶ᠋ᠢᠯᠬᠦ ᠦᠭᠡᠶ ᠂ ᠴᠡᠭᠡᠨ ᠭᠡᠷᠡᠯ ᠦᠭᠡᠶ ᠪᠠᠢ᠌ᠭ᠎ᠠ ᠵᠢ ᠴᠤ᠌ ᠲᠠᠷᠢᠶᠠᠨ ᠡᠮ ᠬᠡᠷᠡᠭᠯᠡᠭᠰᠡᠨ ᠦᠭᠡᠢ ᠭᠡᠵᠦ ᠬᠡᠯᠡᠵᠦ ᠪᠤᠯᠬᠤ ᠦᠭᠡᠢ ᠶᠤᠮ᠃ ᠯᠢ ᠪᠦᠦ ᠵᠢᠤᠢ ᠵᠢᠨ ᠦᠵᠡᠬᠦ᠎ᠪᠠᠷ ᠂ ᠡᠯᠸᠺᠲᠷᠣᠨ ᠬᠤᠳᠠᠯᠳᠤᠭ᠋ᠠᠨ᠎ᠤ ᠲᠠᠪᠴᠠᠩ᠎ᠤᠨ᠎ᠬᠢᠨ ᠪᠣᠷᠣ ᠭᠡᠷᠡᠯᠲᠦ ᠳ᠋ᠧᠩ ᠵᠶ᠋ᠠᠷ ᠢᠳᠡᠰᠢᠨ ᠨᠣᠭᠤᠭ᠎ᠠ ᠵᠢ ᠭᠡᠷᠡᠯᠲᠦᠭᠦᠯᠬᠦ ᠴᠤᠤᠷᠬᠠᠯ᠎ᠤᠨ ᠦᠵᠡᠭᠳᠡᠯ᠎ᠢ ᠬᠢᠵᠠᠭ᠋ᠠᠷᠯᠠᠨ ᠂ ᠳᠤᠷ᠎ᠠ᠎ᠪᠠᠷ᠎ᠨᠢ ᠲᠠᠯᠪᠢᠬᠤ ᠦᠭᠡᠢ ᠪᠠᠢ᠌ᠵᠤ ᠂ ᠬᠤᠳᠠᠯ ᠬᠡᠯᠡᠯᠭᠡ᠎ᠪᠠᠷ ᠣᠯᠠᠨ ᠨᠡᠶ᠋ᠢᠲᠡ ᠵᠢᠨ ᠬᠡᠪ᠎ᠤᠨ ᠠᠮᠢᠳᠤᠷᠠᠯ᠎ᠢ ᠰᠠᠮᠠᠭᠤᠷᠠᠭᠤᠯᠬᠤ᠎ᠠᠴᠠ ᠪᠣᠯᠭᠣᠮᠵᠢᠯᠠᠬᠤ ᠬᠡᠷᠡᠭᠲᠡᠢ ᠭᠡᠪᠡ᠃