ᠰᠢᠨᠵᠢᠯᠡᠬᠦ ᠤᠬᠠᠭ᠋ᠠᠨ᠎ᠤ ᠲᠥᠭᠡᠮᠯᠵᠢᠭᠦᠯᠦᠯ — 《ᠵᠢᠩᠬᠢᠨᠢ》 ᠢᠮᠠᠭ᠋ᠠᠨ ᠨᠣᠣᠯᠣᠭᠤᠷ᠎ᠤᠨ ᠬᠠᠨᠳᠠᠭ᠋ᠠᠰᠤ ᠵᠢ ᠬᠡᠷᠬᠢᠨ ᠰᠣᠩᠭᠣᠵᠤ ᠬᠤᠳᠠᠯᠳᠤᠨ ᠠᠪᠬᠤ ᠪᠤᠢ?
2025-01-10

      ᠢᠮᠠᠭ᠋ᠠᠨ  ᠨᠣᠣᠯᠣᠭᠤᠷ᠎ᠤᠨ ᠬᠠᠨᠳᠠᠭ᠋ᠠᠰᠤ᠎ᠨᠢ  ᠳᠤᠯᠠᠭ᠋ᠠᠨ ᠪᠠᠢ᠌ᠳᠠᠭ ᠵᠶ᠋ᠠᠷ ᠵᠶ᠋ᠠᠨ  ᠣᠯᠠᠨ᠎ᠤ  ᠲᠠᠭ᠋ᠠᠰᠢᠶᠠᠯ᠎ᠢ ᠬᠦᠷᠲᠡᠭᠰᠡᠭᠡᠷ ᠢᠷᠡᠵᠡᠢ ᠂ ᠭᠡᠬᠦ᠎ᠳᠤ᠎ᠪᠠᠨ  ᠮᠠᠰᠢ ᠣᠯᠠᠨ ᠬᠡᠷᠡᠭᠯᠡᠭᠴᠢᠳ ᠢᠮᠠᠭ᠋ᠠᠨ ᠨᠣᠣᠯᠣᠭᠤᠷ᠎ᠤᠨ ᠬᠠᠨᠳᠠᠭ᠋ᠠᠰᠤ  ᠰᠣᠩᠭᠤᠬᠤ ᠲᠠᠯ᠎ᠠ᠎ᠪᠠᠷ ᠬᠦᠴᠢᠷᠳᠡᠵᠦ ᠪᠠᠢ᠌ᠯ᠎ᠠ ᠂ ᠡᠯ᠎ᠡ  ᠰᠢᠭᠤᠳ ᠨᠡᠪᠲᠡᠷᠡᠭᠦᠯᠭᠡ᠎ᠪᠠᠷ ᠪᠣᠷᠣᠯᠠᠭᠤᠯᠵᠤ ᠪᠠᠢ᠌ᠭ᠎ᠠ 39.9 ᠲᠥᠭᠦᠷᠢᠭ᠂ 79.9 ᠲᠥᠭᠦᠷᠢᠭ ᠵᠡᠷᠭᠡ ᠠᠳᠠᠯᠢ ᠪᠤᠰᠤ ᠵᠢᠨ ᠳᠣᠣᠷ᠎ᠠ ᠦᠨ᠎ᠡ᠎ᠲᠠᠢ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ ᠵᠢ  ᠴᠣᠬᠣᠮ  ᠠᠪᠴᠤ   ᠪᠣᠯᠣᠨ᠎ᠠ  ᠦᠦ  ᠦᠭᠡᠢ  ᠤᠤ? ᠶᠠᠭ᠋ᠠᠬᠢᠪᠠᠯ ᠰᠠᠶᠢ 《ᠵᠢᠩᠬᠢᠨᠢ》 ᠢᠮᠠᠭ᠋ᠠᠨ  ᠨᠣᠣᠯᠣᠭᠤᠷ᠎ᠤᠨ ᠬᠠᠨᠳᠠᠭ᠋ᠠᠰᠤ ᠵᠢ  ᠬᠤᠳᠠᠯᠳᠤᠨ ᠠᠪᠴᠤ ᠴᠢᠳᠠᠬᠤ ᠪᠣᠢ? ᠡᠢ᠌ᠨ ᠬᠦ᠌ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠷᠬᠡᠭᠯᠢᠭ᠎ᠤᠨ  ᠶᠠᠰᠤ ᠴᠢᠨᠠᠷ᠎ᠤᠨ  ᠬᠢᠨᠠᠨ ᠰᠢᠯᠭ᠋ᠠᠬᠤ  ᠲᠥᠪ᠎ᠠᠴᠠ ᠣᠯᠠᠨ᠎ᠳᠤ ᠢᠮᠠᠭ᠋ᠠᠨ  ᠨᠣᠣᠯᠣᠭᠤᠷ᠎ᠤᠨ ᠬᠠᠨᠳᠠᠭ᠋ᠠᠰᠤ ᠰᠣᠩᠭᠣᠵᠤ ᠬᠤᠳᠠᠯᠳᠤᠨ  ᠠᠪᠬᠤ ᠬᠡᠳᠦᠨ ᠠᠷᠭ᠎ᠠ ᠵᠢ  ᠵᠢᠭ᠋ᠠᠵᠤ ᠥᠭᠴᠦ ᠪᠠᠢ᠌ᠨ᠎ᠠ ᠃

      ᠨᠢᠭᠡ᠎ᠳᠤ ᠂  ᠲᠡᠮᠳᠡᠷᠢᠬᠦ

      ᠢᠮᠠᠭ᠋ᠠᠨ  ᠨᠣᠣᠯᠣᠭᠤᠷ᠎ᠤᠨ ᠬᠠᠨᠲᠠᠭ᠋ᠠᠰᠤ᠎ᠨᠢ ᠬᠥᠩᠭᠡᠨ᠂ ᠨᠠᠷᠢᠨ᠂ ᠵᠥᠭᠡᠯᠡᠬᠡᠨ᠂ ᠵᠥᠭᠡᠯᠡᠨ᠂  ᠳᠤᠯᠠᠭ᠋ᠠᠨ  ᠵᠡᠷᠭᠡ ᠣᠨᠴᠠᠯᠢᠭ᠎ᠲᠠᠢ ᠪᠠᠢ᠌ᠵᠤ ᠂ ᠬᠤᠪᠴᠠᠰᠤ ᠬᠤᠨᠠᠷ᠎ᠤᠨ ᠳᠤᠮᠳᠠᠬᠢ ᠳᠡᠭᠡᠳᠦ ᠵᠡᠷᠭᠡ ᠵᠢᠨ ᠪᠦᠲᠦᠭᠡᠭᠳᠡᠬᠦᠨ ᠮᠥᠨ᠃ ᠢᠮᠠᠭ᠋ᠠᠨ  ᠨᠣᠣᠯᠣᠭᠤᠷ᠎ᠤᠨ ᠬᠠᠨᠳᠠᠭ᠋ᠠᠰᠤ ᠵᠢ ᠲᠡᠮᠳᠡᠷᠢᠬᠦ᠎ᠳᠤ  ᠵᠥᠭᠡᠯᠡᠨ ᠪᠥᠭᠡᠳ ᠭᠥᠯᠢᠭᠡᠷ᠂ ᠴᠢᠨᠠᠷ᠎ᠨᠢ ᠬᠥᠩᠭᠡᠨ᠂ ᠰᠤᠨᠵᠤ ᠠᠪᠴᠢᠬᠤ᠎ᠳᠤ᠎ᠪᠠᠨ ᠴᠢᠳᠠᠮᠠᠭ᠋ᠠᠢ  ᠪᠥᠭᠡᠳ ᠨᠢᠯᠴᠠᠢ᠌ᠷᠠᠬᠤ ᠦᠭᠡᠢ ᠪᠠᠢ᠌ᠵᠤ ᠂  ᠡᠮᠦᠰᠬᠦ᠎ᠳᠤ  ᠪᠡᠶ᠎ᠡ ᠵᠢ ᠪᠠᠷᠢᠬᠤ ᠦᠭᠡᠢ ᠂ ᠬᠠᠳᠬᠤᠵᠤ  ᠵᠠᠭ᠋ᠠᠲᠤᠨᠠᠭᠤᠯᠬᠤ ᠦᠭᠡᠢ ᠪᠠᠢ᠌ᠳᠠᠭ ᠃

      ᠬᠣᠶᠠᠷ᠎ᠲᠤ ᠂ ᠦᠵᠡᠬᠦ

      ᠦᠨ᠎ᠡ ᠵᠢ  ᠦᠵᠡᠬᠦ — ᠢᠮᠠᠭ᠋ᠠᠨ ᠨᠣᠣᠯᠤᠭᠤᠷ᠎ᠤᠨ ᠬᠠᠨᠲᠠᠭ᠋ᠠᠰᠤᠨ᠎ᠤ ᠦᠨ᠎ᠡ ᠨᠡᠢ᠌ᠳᠡᠮ᠎ᠳᠤ᠎ᠪᠠᠨ ᠨᠡᠯᠢᠶᠡᠳ ᠥᠨᠳᠥᠷ ᠪᠠᠢ᠌ᠵᠤ᠂ ᠦᠨ᠎ᠡ᠎ᠨᠢ ᠣᠯᠠᠩᠬᠢ᠎ᠳᠤ᠎ᠪᠠᠨ ᠬᠡᠳᠦᠨ ᠵᠠᠭᠤ᠎ᠠᠴᠠ ᠬᠡᠳᠦᠨ ᠮᠢᠩᠭ᠋ᠠᠨ ᠲᠥᠭᠥᠷᠢᠭ᠎ᠲᠤ ᠬᠦᠷᠴᠦ᠂ ᠨᠢᠭᠡ  ᠨᠣᠣᠯᠣᠭᠤᠷ᠎ᠤᠨ  ᠢᠮᠠᠭ᠋ᠠᠨ᠎ᠠᠴᠠ ᠭᠠᠷᠬᠤ ᠨᠣᠣᠯᠣᠭᠤᠷ᠎ᠤᠨ ᠬᠡᠮᠵᠢᠶ᠎ᠡ᠎ᠨᠢ ᠭᠠᠷᠤᠯᠲᠠ ᠵᠢᠨ ᠣᠷᠣᠨ᠂ ᠡᠭᠦᠯᠳᠡᠷ᠂ ᠨᠠᠰᠤ ᠵᠡᠷᠭᠡ᠎ᠠᠴᠠ᠎ᠪᠠᠨ ᠰᠢᠯᠲᠠᠭ᠋ᠠᠯᠠᠭᠳᠠᠵᠤ ᠠᠳᠠᠯᠢ ᠪᠣᠰᠣ ᠪᠠᠢ᠌ᠳᠠᠭ᠂ ᠥᠪᠥᠷ ᠮᠣᠩᠭᠣᠯ᠎ᠤᠨ ᠨᠣᠣᠯᠣᠭᠤᠷ᠎ᠤᠨ ᠢᠮᠠᠭ᠋ᠠᠨ᠎ᠤ  ᠵᠢᠯ᠎ᠤᠨ ᠤᠤᠯ  ᠨᠣᠣᠯᠣᠭᠤᠷ᠎ᠤᠨ ᠭᠠᠷᠤᠯᠲᠠ ᠵᠢᠨ ᠬᠡᠮᠵᠢᠶ᠎ᠡ᠎ᠨᠢ ᠳᠤᠮᠳᠠᠴᠢ᠎ᠪᠠᠷ 300 — 500 ᠭ᠋ᠷᠠᠮ ᠪᠠᠢ᠌ᠵᠤ ᠂ ᠳᠠᠬᠢᠨ ᠬᠣᠯᠢᠴᠠ ᠵᠢ᠎ᠨᠢ ᠠᠷᠢᠯᠭ᠋ᠠᠬᠤ ᠂ ᠬᠤᠪᠢᠶᠠᠨ ᠰᠠᠮᠨᠠᠬᠤ᠂ ᠰᠡᠮᠡᠳᠡᠰᠦ ᠡᠭᠡᠷᠡᠬᠦ ᠵᠡᠷᠭᠡ ᠠᠵᠢᠯ᠎ᠤᠨ  ᠳᠠᠷᠠᠭ᠋ᠠᠯᠠᠯ᠎ᠤᠨ ᠡᠯᠡᠭᠳᠡᠯ ᠵᠶ᠋ᠡᠷ ᠳᠠᠮᠵᠢᠭ᠋ᠠᠳ  ᠨᠢᠭᠡ ᠵᠠᠬ᠎ᠠ᠎ᠨᠢ ᠪᠠᠷᠤᠭ 300  ᠭ᠋ᠷᠠᠮ ᠪᠦᠬᠦᠢ ᠴᠤᠯᠭᠤᠢ  ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ ᠵᠢ  ᠦᠢ᠍ᠯᠡᠳᠪᠦᠷᠢᠯᠡᠬᠦ᠎ᠳᠤ 2 ᠲᠣᠯᠣᠭ᠋ᠠᠢ ᠣᠷᠴᠢᠮ ᠨᠣᠣᠯᠣᠭᠤᠷ᠎ᠤᠨ ᠢᠮᠠᠭ᠎ᠠ ᠬᠡᠷᠡᠭᠰᠡᠵᠦ ᠂ ᠨᠢᠭᠡ ᠵᠠᠬ᠎ᠠ ᠴᠤᠯᠭᠤᠢ  ᠢᠮᠠᠭ᠋ᠠᠨ ᠨᠣᠣᠯᠣᠭᠤᠷ᠎ᠤᠨ ᠳ᠋ᠠᠴᠠᠩ᠎ᠢ  ᠦᠢ᠍ᠯᠡᠳᠪᠦᠷᠢᠯᠡᠬᠦ ᠎ᠳᠤ ᠠᠳᠠᠭ ᠎ᠲᠤ ᠎ᠪᠠᠨ 10  ᠨᠣᠣᠯᠣᠭᠤᠷ ᠎ᠤᠨ ᠢᠮᠠᠭ᠎ᠠ  ᠬᠡᠷᠡᠭᠰᠡᠳᠡᠭ ᠂  ᠡᠢ᠌ᠮᠦ ᠎ᠠᠴᠠ  ᠬᠡᠲᠦᠷᠬᠡᠢ  ᠬᠢᠮᠳᠠ  ᠢᠮᠠᠭ᠋ᠠᠨ  ᠨᠣᠣᠯᠣᠭᠤᠷ ᠎ᠤᠨ   ᠬᠠᠨᠲᠠᠭ᠋ᠠᠰᠤ᠎ᠨᠢ  ᠦᠨᠳᠦᠰᠦᠨ᠎ᠳᠤ᠎ᠪᠠᠨ  ᠵᠢᠩᠬᠢᠨᠢ ᠡᠳ᠋ ᠪᠢᠰᠢ ᠪᠠᠢ᠌ᠳᠠᠭ ᠲᠤᠯᠠ  ᠬᠡᠷᠡᠭᠯᠡᠭᠴᠢᠳ  ᠵᠠᠷᠢᠮ  ᠦᠨ᠎ᠡ ᠬᠢᠮᠳᠠ ᠂ ᠦᠢ᠍ᠯᠡᠳᠪᠦᠷᠢ ᠵᠢᠨ ᠰᠡᠭᠦᠯᠴᠢ ᠵᠢᠨ ᠪᠠᠷᠠᠭ᠎ᠠ ᠵᠡᠷᠭᠡ ᠦᠭᠡᠰ᠎ᠲᠤ ᠲᠠᠲᠠᠭᠳᠠᠭ᠋ᠠᠳ  ᠬᠤᠳᠠᠯᠳᠤᠨ ᠠᠪᠬᠤ  ᠪᠣᠯᠬᠤ ᠦᠭᠡᠢ᠃

      ᠤᠨᠠᠭᠤᠯᠢ ᠱᠤᠰᠢᠭ᠎ᠠ ᠵᠢ ᠦᠵᠡᠬᠦ — ᠬᠡᠷᠡᠭᠯᠡᠭᠴᠢ ᠢᠮᠠᠭ᠋ᠠᠨ ᠨᠣᠣᠯᠤᠭᠤᠷ᠎ᠤᠨ ᠬᠠᠨᠲᠠᠭ᠋ᠠᠰᠤ  ᠰᠣᠩᠭᠣᠵᠤ ᠬᠤᠳᠠᠯᠳᠤᠨ ᠠᠪᠬᠤ᠎ᠳᠤ᠎ᠪᠠᠨ᠂ ᠦᠢ᠍ᠯᠡᠳᠬᠦᠨ᠎ᠤ ᠬᠡᠷᠡᠭᠯᠡᠬᠦ ᠲᠣᠳᠣᠷᠬᠠᠶ᠋ᠢᠯᠠᠯ (  ᠤᠨᠠᠭᠤᠯᠢ ᠱᠤᠰᠢᠭ᠎ᠠ )᠎ᠨᠢ ᠪᠦᠷᠢᠨ ᠪᠦᠲᠦᠨ  ᠡᠰᠡᠬᠦ᠂ ᠣᠨᠣᠪᠴᠢᠲᠠᠶ ᠡᠰᠡᠬᠦ ᠵᠢ ᠵᠠᠪᠠᠯ ᠦᠵᠡᠵᠦ᠂ ᠦᠢ᠍ᠯᠡᠳᠬᠦᠨ᠎ᠤ ᠨᠡᠷᠡᠶ᠋ᠢᠳᠦᠯ᠂ ᠬᠡᠷᠡᠭᠵᠢᠭᠦᠯᠬᠦ ᠪᠠᠷᠢᠮᠵᠢᠶ᠎ᠠ᠂ ᠠᠶᠤᠯ ᠦᠭᠡᠶ ᠵᠢᠨ ᠲᠥᠷᠥᠯ ᠢᠯᠭ᠋ᠠᠯ᠂ ᠦᠢ᠍ᠯᠡᠳᠬᠦᠨ᠎ᠤ ᠬᠡᠯᠪᠡᠷᠢ ᠮᠠᠶᠢᠭ᠂ ᠰᠢᠷᠬᠡᠭᠯᠢᠭ᠎ᠤᠨ  ᠪᠦᠷᠢᠯᠳᠦᠬᠦᠨ ᠵᠢᠴᠢ ᠠᠭᠤᠯᠤᠭᠳᠠᠴᠠ᠂ ᠦᠢ᠍ᠯᠡᠳᠬᠦᠨ᠎ᠤ ᠵᠡᠷᠭᠡ ᠳᠡᠰ᠂ ᠦᠢ᠍ᠯᠡᠳᠦᠭᠴᠢ ᠵᠢᠨ  ᠨᠡᠷᠡᠶ᠋ᠢᠳᠦᠯ ᠪᠠ ᠬᠠᠶᠢᠭ ᠂ ᠬᠠᠮᠠᠭ᠋ᠠᠯᠠᠬᠤ ᠠᠷᠭ᠎ᠠ ᠵᠡᠷᠭᠡ ᠠᠭᠤᠯᠭ᠎ᠠ ᠵᠢ ᠨᠠᠭ᠋ᠠᠳᠤ ᠵᠠᠬ᠎ᠠ᠎ᠳᠤ᠎ᠪᠠᠨ ᠪᠠᠭᠲᠠᠭ᠋ᠠᠭᠰᠠᠨ ᠪᠠᠢ᠌ᠬᠤ ᠬᠡᠷᠡᠭᠲᠡᠶ᠃ ᠢᠮᠠᠭ᠋ᠠᠨ ᠨᠣᠣᠰᠤᠨ ᠬᠠᠨᠲᠠᠭ᠋ᠠᠰᠤ ᠪᠠ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ ᠵᠢᠨ ᠢᠯᠭ᠋ᠠᠭ᠎ᠠ ᠵᠢ  ᠨᠡᠩ ᠠᠩᠬᠠᠷᠴᠤ᠂ ᠨᠢᠭᠡ ᠯᠡ ᠦᠭᠡ ᠵᠢᠨ ᠵᠥᠷᠢᠶ᠎ᠡ᠎ᠠᠴᠠ  ᠦᠨ᠎ᠡ ᠂ ᠪᠦᠷᠢᠯᠳᠦᠭᠦᠨ᠂ ᠳᠤᠯᠠᠭ᠋ᠠᠯᠠᠭ᠎ᠠ ᠵᠢᠨ  ᠴᠢᠨᠠᠷ ᠵᠡᠷᠭᠡ ᠲᠠᠯ᠎ᠠ᠎ᠪᠠᠷ ᠮᠠᠰᠢ ᠶᠡᠭᠡ ᠵᠥᠷᠢᠶ᠎ᠡ᠎ᠲᠠᠢ ᠪᠣᠯᠣᠨ᠎ᠠ ᠂ ᠬᠡᠷᠡᠭᠯᠡᠭᠴᠢᠳ ᠬᠤᠳᠠᠯᠳᠤᠨ ᠠᠪᠬᠤ᠎ᠳᠤ᠎ᠪᠠᠨ  ᠵᠠᠪᠠᠯ ᠰᠣᠩᠭᠤᠨ ᠠᠳᠠᠯᠢᠳᠬᠠᠵᠤ ᠂ ᠬᠠᠤᠯᠢ ᠪᠤᠰᠤ ᠬᠤᠳᠠᠯᠳᠤᠭ᠋ᠠᠴᠢᠨ᠎ᠤ  ᠤᠬᠠᠭᠳᠠᠬᠤᠨ᠎ᠤ ᠰᠣᠯᠢᠭᠳᠠᠯ᠎ᠠᠴᠠ ᠬᠠᠭᠤᠷᠤᠭᠳᠠᠵᠤ  ᠪᠣᠯᠬᠤ ᠦᠭᠡᠢ᠃

      ᠭᠤᠷᠪᠠ᠎ᠳᠤ ᠂ ᠰᠢᠲᠠᠭ᠋ᠠᠬᠤ

      ᠰᠢᠲᠠᠭ᠋ᠠᠬᠤ  ᠠᠷᠭ᠎ᠠ ᠬᠡᠯᠪᠡᠷᠢ ᠵᠢ ᠠᠪᠤᠨ᠎ᠠ ᠃ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ᠎ᠨᠢ ᠢᠮᠠᠭ᠋ᠠᠨ ᠨᠣᠣᠯᠤᠭᠤᠷ᠎ᠤᠨ ᠰᠢᠷᠬᠡᠭᠯᠢᠭ ᠵᠶ᠋ᠡᠷ ᠪᠦᠷᠢᠯᠳᠦᠨ ᠂ ᠢᠮᠠᠭ᠋ᠠᠨ ᠨᠣᠣᠯᠤᠭᠤᠷ᠎ᠤᠨ ᠰᠢᠷᠬᠡᠭᠯᠢᠭ᠎ᠨᠢ  ᠤᠭᠤᠷᠠᠭ᠎ᠤᠨ ᠰᠢᠷᠬᠡᠭᠯᠢᠭ᠎ᠲᠤ ᠬᠠᠷᠢᠶᠠᠯᠠᠭᠳᠠᠬᠤ ᠪᠣᠯᠬᠤᠷ ᠰᠢᠲᠠᠭ᠋ᠠᠬᠤ  ᠦᠶ᠎ᠡ᠎ᠳᠤ ᠨᠢᠭᠡ ᠬᠠᠷ᠎ᠠ  ᠬᠡᠤᠷᠡᠭ ᠪᠥᠭᠡᠮ ᠪᠣᠯᠵᠤ ᠠᠪᠴᠢᠳᠠᠭ ᠂ ᠳᠠᠭ᠋ᠠᠤ᠎ᠳᠤ᠎ᠨᠢ ᠭᠡᠵᠢᠭᠡ ᠰᠢᠲᠠᠭ᠋ᠠᠭᠰᠠᠨ ᠬᠡᠦᠷᠰᠢᠮᠡᠯ ᠦᠨᠦᠷ ᠭᠠᠷᠴᠤ᠂ ᠬᠤᠷᠤᠭᠤ᠎ᠪᠠᠷ ᠵᠶ᠋ᠠᠨ ᠴᠢᠮᠬᠢᠬᠦ᠎ᠲᠠᠢ ᠵᠡᠷᠭᠡ ᠨᠤᠨᠳᠠᠭ ᠪᠣᠯᠣᠨ ᠬᠡᠮᠬᠡᠷᠡᠳᠡᠭ᠃ ᠬᠡᠷᠪᠡ ᠢᠮᠠᠭ᠋ᠠᠨ ᠨᠣᠣᠯᠤᠭᠤᠷ᠎ᠤᠨ ᠬᠠᠨᠲᠠᠭ᠋ᠠᠰᠤᠨ᠎ᠳᠤ  ᠬᠢᠮᠢ ᠵᠢᠨ ᠰᠢᠷᠬᠡᠭᠯᠢᠭ᠎ᠢ ᠬᠣᠯᠢᠬᠤ᠎ᠳᠤ ᠬᠦᠷᠪᠡᠯ ᠰᠢᠲᠠᠭ᠋ᠠᠬᠤ  ᠦᠶ᠎ᠡ᠎ᠳᠤ ᠬᠠᠲᠠᠭᠤ ᠬᠡᠰᠡᠭ ᠪᠣᠯᠵᠤ ᠳᠠᠭ᠋ᠠᠤ᠎ᠳᠤ᠎ᠨᠢ ᠰᠡᠲᠡᠮᠡᠬᠡᠢ  ᠦᠨᠦᠷ ᠭᠠᠷᠳᠠᠭ ᠃

      ᠬᠠᠮᠤᠭ  ᠰᠡᠭᠦᠯ᠎ᠳᠤ᠂ ᠥᠷᠭᠡᠨ ᠣᠯᠠᠨ ᠬᠡᠷᠡᠭᠯᠡᠭᠴᠢᠳ᠎ᠲᠤ ᠰᠠᠨᠠᠭᠤᠯᠬᠤ᠎ᠨᠢ ᠂  ᠢᠠᠮᠭ᠋ᠠᠨ ᠨᠣᠣᠯᠤᠭᠤᠷ᠎ᠤᠨ ᠬᠠᠨᠲᠠᠭ᠋ᠠᠰᠤ ᠵᠢ  ᠬᠤᠳᠠᠯᠳᠤᠨ ᠠᠪᠬᠤ᠎ᠳᠤ᠎ᠪᠠᠨ  ᠵᠥᠪ ᠪᠣᠷᠤᠯᠠᠭᠤᠯᠭ᠎ᠠ ᠵᠢᠨ  ᠵᠠᠮ᠎ᠢ ᠰᠣᠩᠭᠣᠵᠤ᠂ ᠠᠯᠢ ᠪᠣᠯᠬᠤᠶ᠋ᠢᠴᠠ ᠲᠣᠮᠣ ᠬᠡᠯᠪᠡᠷᠢ ᠵᠢᠨ ᠬᠤᠳᠠᠯᠳᠤᠭ᠋ᠠᠨ᠎ᠤ ᠲᠠᠯᠠᠪᠤᠷ ᠪᠤᠶᠤ ᠲᠤᠰᠬᠠᠶ ᠬᠤᠳᠠᠯᠳᠤᠭ᠋ᠠᠨ᠎ᠤ  ᠳᠡᠯᠭᠡᠭᠦᠷ ᠵᠡᠷᠭᠡ ᠢᠲᠡᠭᠡᠮᠵᠢ᠎ᠲᠠᠢ ᠪᠠᠷᠠᠭ᠎ᠠ ᠬᠤᠳᠠᠯᠳᠤᠨ ᠠᠪᠬᠤ ᠲᠠᠯᠠᠪᠤᠷ᠎ᠠᠴᠠ  ᠰᠣᠩᠭᠣᠬᠤ ᠵᠢᠨ ᠬᠠᠮᠲᠤ ᠪᠠᠷᠠᠭ᠎ᠠ ᠬᠤᠳᠠᠯᠳᠤᠨ ᠠᠪᠤᠭᠰᠠᠨ  ᠭᠡᠷᠡᠴᠢ ᠪᠠᠷᠢᠮᠲᠠ᠎ᠪᠠᠨ ᠦᠯᠡᠳᠡᠭᠡᠨ ᠬᠠᠳᠠᠭ᠋ᠠᠯᠠᠵᠤ᠂ ᠲᠠᠸᠠᠷ᠎ᠨᠢ ᠶᠠᠰᠤ ᠴᠢᠨᠠᠷ᠎ᠤᠨ ᠠᠰᠠᠭᠤᠳᠠᠯ ᠭᠠᠷᠪᠠᠯ ᠥᠪᠡᠷ᠎ᠤᠨ ᠬᠠᠤᠯᠢ ᠶᠣᠰᠣᠨ᠎ᠤ ᠡᠷᠬᠡ ᠠᠰᠢᠭ ᠵᠶ᠋ᠠᠨ ᠪᠦᠲᠦᠮᠵᠢᠲᠡᠶ ᠬᠠᠮᠠᠭ᠋ᠠᠯᠠᠵᠤ ᠴᠢᠳᠠᠬᠤ ᠪᠣᠯᠣᠨ᠎ᠠ ᠃ ᠬᠡᠷᠪᠡ ᠬᠡᠷᠡᠭᠯᠡᠭᠡ ᠵᠢᠨ  ᠵᠢᠭᠤᠷᠠᠯᠳᠤᠭ᠋ᠠᠨ ᠲᠣᠬᠢᠶᠠᠯᠳᠤᠪᠠᠯ 12315 ᠪᠤᠶᠤ 12345᠎ᠳᠤ ᠤᠲᠠᠰᠤᠳᠠᠵᠤ ᠵᠠᠭ᠋ᠠᠯᠳᠤᠵᠤ ᠪᠣᠯᠣᠨ᠎ᠠ᠃

 

 

ᠢᠷᠡᠯᠲᠡ᠄ ᠶᠠᠰᠤ ᠴᠢᠨᠠᠷ᠎ᠤᠨ ᠬᠢᠨᠠᠯᠲᠠ ᠲᠠᠯᠪᠢᠬᠤ ᠭᠠᠵᠠᠷ᠂ ᠰᠢᠷᠬᠡᠭᠯᠢᠭ᠎ᠤᠨ ᠶᠠᠰᠤ ᠴᠢᠨᠠᠷ᠎ᠤᠨ ᠬᠢᠨᠠᠨ ᠰᠢᠯᠭ᠋ᠠᠬᠤ ᠲᠥᠪ