ᠶᠠᠭ ᠶᠡᠬᠡ ᠬᠡᠮᠵᠢᠶ᠎ᠡ᠎ᠪᠡᠷ ᠵᠠᠬ᠎ᠠ ᠳᠡᠯᠭᠡᠭᠦᠷ᠎ᠲᠦ ᠭᠠᠷᠴᠦ᠍ ᠪᠠᠢᠨ᠎ᠠ᠂ ᠶᠠᠭᠠᠬᠢᠭ᠍ᠰᠠᠨ ᠴᠤ᠌ ᠢᠩᠭ᠌ᠢᠵᠦ᠍ ᠢᠳᠡᠵᠦ᠍ ᠪᠣᠯᠬᠤ ᠦᠭᠡᠢ →
2025-11-04

ᠠᠮᠲᠠᠲᠤ ᠵᠦᠷᠵᠢᠯᠢᠭ ᠨᠢᠭᠡᠨᠲᠡ ᠶᠡᠬᠡ ᠬᠡᠮᠵᠢᠶ᠎ᠡ᠎ᠪᠡᠷ ᠵᠠᠬ᠎ᠠ ᠳᠡᠯᠭᠡᠭᠦᠷ᠎ᠲᠦ᠍ ᠭᠠᠷᠴᠠᠢ᠂ ᠭᠡᠪᠡᠴᠦ᠍ ᠵᠦᠷᠵᠢᠯᠢᠭ ᠢᠳᠡᠬᠦ᠌ ᠎ᠳᠤ ᠪᠠᠰᠠ ᠮᠠᠰᠢ ᠠᠩᠬᠠᠷᠬᠤ ᠬᠡᠷᠡᠭ᠌ᠲᠡᠢ᠂ ᠴᠢ ᠮᠡᠳᠡᠨ᠎ᠡ ᠤᠤ ?

ᠨᠠᠮᠤᠷ ᠡᠪᠤᠯ ᠵᠦᠷᠵᠢᠯᠢᠭ ᠢᠳᠡᠪᠡᠯ ᠣᠯᠠᠨ ᠰᠠᠢᠨ ᠲᠠᠯ᠎ᠠ ᠲᠠᠢ᠂ ᠵᠦᠷᠵᠢᠯᠢᠭ ᠠᠮᠲᠠᠲᠠᠢ ᠮᠦᠷᠲᠡᠬᠡᠨ ᠨᠡᠩ ᠣᠯᠠᠨ ᠪᠡᠶ᠎ᠡ ᠰᠣᠪᠢᠯᠠᠬᠣ ᠦᠨ᠎ᠡ ᠥᠷᠳᠡᠭ ᠲᠠᠢ᠃

 

 

ᠵᠢᠷᠤᠬᠡ ᠰᠤᠳᠠᠯ᠎ᠢ ᠬᠠᠮᠠᠭᠠᠯᠠᠨ᠎ᠠ

ᠵᠦᠷᠵᠢᠯᠢᠭ᠎ᠲᠤ ᠵᠦᠷᠵᠢᠯᠢᠭ᠎ᠤᠨ ᠬᠠᠯᠢᠰᠤ ᠡᠯᠪᠡᠭ ᠠᠭᠤᠯᠤᠭ᠍ᠳᠠᠨ᠎ᠠ᠂ ᠢᠰᠦᠯᠳᠦᠬᠦ᠌᠎ᠶ᠋ᠢ ᠰᠡᠷᠭᠡᠢᠯᠡᠬᠦ᠂ ᠦᠷᠪᠢᠰᠦᠯ᠎ᠢ ᠡᠰᠡᠷᠭᠦᠴᠡᠬᠦ᠌ ᠦᠢᠯᠡᠳᠦᠯ᠎ᠲᠠᠢ᠂ ᠴᠢᠰᠤᠨ᠎ᠤ ᠡᠷᠭᠢᠯᠲᠡ᠎ᠶ᠋ᠢ ᠰᠠᠢᠵᠢᠷᠠᠭᠤᠯᠵᠤ᠂ ᠰᠦᠰᠦᠨ᠎ᠦ ᠭᠤᠨᠠᠨ ᠠᠯᠺᠣᠣᠯ᠎ᠢ ᠪᠠᠭᠤᠷᠠᠭᠤᠯᠳᠠᠭ᠃ ᠲᠡᠭᠦᠨ᠎ᠳᠤ ᠠᠭᠤᠯᠤᠭ᠍ᠳᠠᠵᠤ ᠪᠠᠢᠭ᠎ᠠ ᠪᠤᠷᠴᠠᠭ᠍ᠲᠤ ᠡᠳ᠋᠎ᠤᠨ ᠲᠥᠷᠥᠯ᠎ᠤᠨ ᠨᠢᠭᠡᠳᠪᠦᠷᠢ ᠪᠣᠳᠠᠰ᠎ᠨᠢ ᠴᠢᠰᠤ ᠪᠦᠯᠤᠩᠲᠤᠬᠦ᠌᠎ᠶ᠋ᠢ ᠡᠰᠡᠷᠭᠦᠴᠡᠬᠦ᠌ ᠴᠢᠳᠠᠪᠬᠢ᠎ᠲᠠᠢ ᠪᠠᠢᠵᠤ᠂ ᠴᠢᠰᠤᠨ᠎ᠤ ᠪᠦᠯᠦᠩ᠎ᠶ᠋ᠢ ᠰᠡᠷᠭᠡᠢᠯᠡᠬᠦ᠌᠎ᠳᠤ ᠲᠤᠰᠠᠯᠠᠳᠠᠭ᠃

ᠳᠠᠷᠣᠯᠲᠠ᠎ᠶ᠋ᠢ ᠬᠢᠵᠠᠭᠠᠷᠯᠠᠬᠤ ᠱᠢᠬᠢᠷ᠎ᠢ ᠬᠢᠵᠠᠭᠠᠷᠯᠠᠬᠤ᠎ᠶ᠋ᠢ ᠲᠤᠰᠠᠯᠠᠨ᠎ᠠ

ᠦᠨᠳᠦᠷ ᠺᠠᠯᠢ ᠳᠣᠣᠷ᠎ᠠ ᠨᠠᠲ᠋ᠷᠢ ᠵᠢᠮᠢᠰ ᠪᠣᠯᠣᠭ᠍ᠰᠠᠨ᠎ᠤ ᠬᠤᠪᠢ᠎ᠳᠤ᠂ ᠵᠦᠷᠵᠢᠯᠢᠭ ᠥᠨᠳᠥᠷ ᠴᠢᠰᠤᠨ ᠳᠠᠷᠤᠯᠲᠠ᠎ᠶᠢᠨ ᠡᠪᠡᠳᠴᠢᠲᠡᠨ᠎ᠤ ᠴᠢᠰᠤᠨ ᠳᠠᠷᠤᠯᠲᠠ᠎ᠶ᠋ᠢᠨ ᠲᠣᠭ᠍ᠲᠠᠪᠤᠷᠢ᠎ᠶᠢ ᠪᠠᠲᠤᠯᠠᠬᠤ᠎ᠳ᠋ᠤ ᠲᠤᠰᠠᠲᠠᠢ᠃ ᠳᠣᠣᠷ᠎ᠠ GI ᠣᠨᠴᠠᠯᠢᠭ ᠨᠢ ᠡᠯᠪᠡᠭ ᠢᠳᠡᠭᠡᠨ᠎ᠦ᠌ ᠱᠢᠷᠬᠡᠭ᠎ᠡᠴᠡ ᠴᠢᠰᠤᠨ ᠱᠢᠬᠢᠷ ᠥᠰᠬᠦ᠌᠎ᠶᠢ ᠣᠳᠠᠭᠠᠱᠢᠷᠠᠭᠤᠯᠵᠤ᠂ ᠱᠢᠬᠢᠷ ᠱᠢᠵᠢᠩ ᠡᠪᠡᠳᠴᠢᠲᠡᠨ᠎ᠳ᠋ᠦ᠍ ᠲᠣᠬᠢᠷᠠᠨ᠎ᠠ᠃ ᠡᠳ᠋ᠦᠷ ᠪᠦᠷᠢ 200 - 350 ᠭᠷᠠᠮ  ᠱᠢᠩᠭᠡᠭᠡᠨ ᠠᠪᠬᠤ᠎ᠶ᠋ᠢ ᠰᠠᠨᠠᠭᠤᠯᠤᠶ᠎ᠠ᠃

ᠵᠢᠰᠦ ᠭᠤᠶᠤᠯᠠᠵᠤ ᠬᠠᠯᠠᠭᠣᠨ᠎ᠢ ᠳᠠᠷᠤᠨ᠎ᠠ

ᠵᠦᠷᠵᠢᠯᠢᠭ᠎ᠦ᠋ᠨ ᠠᠭᠤᠯᠤᠭ᠍ᠳᠠᠬᠤ ᠤᠰᠤᠨ᠎ᠤ᠋ ᠬᠡᠮᠵᠢᠶ᠎ᠡ 90%᠎ᠳ᠋ᠤ ᠬᠦᠷᠴᠦ᠍᠂ ᠸᠢᠲ᠋ᠠᠮᠢᠨ C ᠡᠯᠪᠡᠭ ᠠᠭᠤᠯᠤᠭ᠍ᠳᠠᠵᠤ᠂ ᠨᠠᠮᠤᠷ᠎ᠤ᠋ᠨ ᠭᠠᠩ ᠬᠠᠭᠤᠷᠠᠢ ᠴᠠᠩᠭᠠᠬᠤ᠎ᠶ᠋ᠢ ᠨᠠᠮᠳᠠᠭᠠᠬᠤ ᠪᠣᠯᠤᠨ᠎ᠠ᠃ ᠸᠢᠲ᠋ᠠᠮᠢᠨ C ᠨᠢ ᠪᠠᠰᠠ ᠬᠠᠷ᠎ᠠ ᠦᠩᠭᠡᠰᠦ ᠡᠭᠦᠰᠭᠦ᠎ᠶᠢ ᠬᠣᠷᠢᠭ᠍ᠯᠠᠵᠤ᠂ ᠴᠠᠪᠠᠤᠯᠢᠭ ᠤᠭᠤᠷᠠᠭ ᠨᠡᠢᠯᠡᠬᠦ᠌᠎ᠶᠢ ᠠᠬᠢᠭᠤᠯᠵᠤ᠂ ᠠᠷᠠᠰᠤᠨ᠎ᠤ᠋ ᠥᠩᠭᠡ᠎ᠶᠢ ᠭᠣᠶᠣ ᠪᠣᠯᠭᠠᠵᠤ ᠂ ᠠᠷᠠᠰᠤᠨ᠎ᠤ᠋ ᠤᠶᠠᠨ ᠬᠠᠷᠢᠮᠠᠬᠠᠢ ᠴᠢᠨᠠᠷ᠎ᠢ᠋ ᠪᠠᠲᠤᠯᠠᠳᠠᠭ᠃

ᠱᠢᠩᠭᠡᠭᠡᠯᠲᠡ᠎ᠶ᠋ᠢ ᠠᠬᠢᠭᠤᠯᠤᠨ᠎ᠠ

ᠵᠦᠷᠵᠢᠯᠢᠭ ᠦᠨᠦᠷ ᠨᠢ ᠬᠦᠴᠢᠯᠯᠢᠭ ᠴᠢᠨᠠᠷᠲᠠᠢ ᠬᠦᠢᠲᠡᠨ᠂  ᠢᠳᠡᠰᠢ ᠎ᠶ᠋ᠢ ᠱᠢᠩᠭᠡᠭᠡᠵᠦ᠍ ᠠᠷᠢᠬᠢ ᠶ᠋ᠢ ᠲᠠᠢᠯᠬᠤ ᠦᠢᠯᠡᠳᠦᠯ᠎ᠲᠡᠢ ᠪᠣᠯᠬᠣᠷ ᠨᠠᠮᠤᠷ᠎ᠤ᠋ᠨ ᠤᠯᠠᠷᠢᠯ᠎ᠤ᠋ᠨ ᠢᠳᠡᠱᠢᠨ᠎ᠳᠦ ᠱᠢᠷᠠᠲᠤᠵᠤ ᠴᠠᠳᠣᠭᠠᠳ ᠭᠡᠳᠡᠰᠦ ᠴᠢᠨᠣᠬᠦ᠌ ᠠᠰᠠᠭᠣᠳᠠᠯ᠎ᠢ᠋ ᠨᠠᠮᠳᠠᠭᠤᠯᠤᠨ᠎ᠠ᠃ ᠵᠢᠷᠮᠦᠰᠦᠨ᠎ᠦ ᠡᠬᠢᠨ᠎ᠦ ᠦᠶ᠎ᠡ᠎ᠶ᠋ᠢᠨ ᠡᠮᠡᠭ᠌ᠲᠡᠢᠴᠦᠳ᠎ᠤᠨ ᠵᠢᠷᠮᠣᠰᠣᠯᠡᠵᠤ ᠣᠭ᠍ᠰᠢᠭᠤᠯᠬᠤ᠎ᠶ᠋ᠢ ᠰᠡᠷᠭᠡᠢᠯᠡᠬᠦ᠌  ᠣᠢᠯᠡᠳᠣᠯ ᠲᠡᠢ ᠪᠠᠢᠳᠠᠭ᠃

ᠪᠡᠶ᠎ᠡ᠎ᠶ᠋ᠢᠨ ᠬᠦᠨᠳᠦ᠍ ᠶ᠋ᠢ ᠬᠢᠵᠠᠭᠠᠷᠯᠠᠨ᠎ᠠ

100 ᠭᠷᠠᠮ ᠵᠦᠷᠵᠢᠯᠢᠭ ᠪᠦᠷᠢ ᠨᠢ ᠵᠥᠪᠬᠡᠨ 42 ᠺᠢᠯᠦᠭ᠌ᠷᠡᠮ᠎ᠤᠨ ᠢᠯᠴᠢ ᠠᠭᠤᠯᠤᠭ᠍ᠳᠠᠵᠤ᠂ ᠢᠳᠡᠭᠡᠨ᠎ᠤ ᠱᠢᠷᠬᠡᠭ᠎ᠨᠢ ᠡᠯᠪᠡᠭ᠂ ᠭᠡᠳᠡᠰᠦ ᠴᠠᠳᠭᠤᠯᠠᠩ ᠲᠥᠷᠥᠭ᠌ᠳᠡᠯ᠎ᠢᠶᠡᠷ ᠴᠢᠩᠭ᠎ᠠ ᠪᠠᠢᠵᠤ᠂ ᠰᠠᠨᠠᠭᠠᠨ᠎ᠳᠤ ᠲᠠᠭᠠᠷᠠᠭ᠍ᠰᠠᠨ ᠳᠣᠣᠷ᠎ᠠ ᠺᠠᠯᠣᠷᠢ ᠡᠷᠡᠭᠦᠯ ᠵᠢᠮᠢᠰ ᠪᠣᠯᠤᠨ᠎ᠠ᠃

ᠢᠳᠡᠱᠢᠨ᠎ᠦ  ᠴᠡᠭᠡᠷᠯᠡᠯ

ᠵᠦᠷᠵᠢᠯᠢᠭ᠎ᠢ ᠲᠡᠳᠡᠨ᠎ᠲᠠᠢ ᠬᠠᠮᠳᠤ ᠢᠳᠡᠬᠦ᠌᠎ᠳᠦ ᠲᠣᠬᠢᠷᠠᠮᠵᠢ ᠦᠬᠡᠢ

① ᠨᠠᠢ᠍ᠮᠠᠯᠵᠢ ᠪᠠ ᠵᠦᠷᠵᠢᠯᠢᠭ ᠎ᠢ ᠬᠠᠮᠳᠤ ᠢᠳᠡᠬᠦ᠌᠎ᠨᠢ ᠬᠤᠳᠤᠭᠤᠳᠦ ᠬᠡᠳᠡᠰᠤ᠎ᠶ᠋ᠢ ᠰᠡᠲᠦᠵᠦ᠍᠂ ᠭᠡᠳᠡᠰᠤᠨ ᠡᠪᠡᠷᠱᠢᠶᠡᠬᠦ᠂  ᠳᠤᠷ᠎ᠠ ᠪᠣᠯᠭᠢᠬᠤ᠂ ᠪᠦᠭᠡᠯᠵᠢᠬᠦ᠌ ᠵᠡᠷᠭᠡ ᠢᠯᠡᠷᠡᠯ᠎ᠲᠠᠢ ᠪᠠᠢᠳᠠᠭ᠃

② ᠬᠤᠯᠤᠤᠪᠠᠩ᠂ ᠥᠷᠭᠡᠰᠦᠲᠦ ᠬᠡᠮᠬᠡ᠂ ᠯᠠᠩᠭᠤᠸᠠ ᠵᠡᠷᠭᠡ᠎ᠳᠤ ᠴᠥᠮ ᠶᠡᠭᠡ ᠬᠡᠮᠵᠢᠶᠡᠨ᠎ᠤ ᠸᠢᠲ᠋ᠠᠮᠢᠨ C ᠵᠠᠳᠠᠷᠠᠬᠤ ᠢᠰᠭᠡᠭᠦᠷ ᠠᠭᠤᠯᠤᠭ᠍ᠳᠠᠵᠤ ᠪᠠᠢᠨ᠎ᠠ᠂ ᠬᠡᠷᠪᠡ ᠵᠦᠷᠵᠢᠯᠢᠭ᠎ᠢ ᠳᠡᠭᠡᠷᠡᠬᠢ ᠢᠳᠡᠭᠡᠨ᠎ᠲᠠᠢ ᠵᠡᠷᠭᠡ᠎ᠪᠠᠷ ᠢᠳᠡᠪᠡᠯ ᠸᠢᠲ᠋ᠠᠮᠢᠨ C ᠎ᠤᠨ ᠱᠢᠮ᠎ᠡ ᠲᠡᠵᠢᠭᠡᠯ᠎ᠤᠨ ᠦᠨ᠎ᠡ ᠥᠷᠲᠡᠭ᠎ᠢ ᠡᠪᠳᠡᠬᠦ᠌ ᠪᠣᠯᠤᠨ᠎ᠠ᠃

ᠵᠦᠷᠵᠢᠯᠢᠭ᠎ᠢ ᠡᠳᠡᠭᠡᠷ ᠡᠮ ᠲᠠᠢ  ᠬᠠᠮᠲᠦ ᠢᠳᠡᠬᠦ᠌᠎ᠳᠤ ᠲᠣᠬᠢᠷᠠᠬᠤ ᠦᠭᠡᠢ

ᠵᠦᠷᠵᠢᠯᠢᠭ᠎ᠲᠦ᠍ ᠹᠦᠷᠠᠨ ᠠᠮᠲᠠᠲᠤ ᠪᠤᠷᠴᠠᠭ᠎ᠤ᠋ᠨ ᠡᠳ᠋ ᠠᠭᠤᠯᠤᠭ᠍ᠳᠠᠵᠤ ᠪᠠᠢᠳᠠᠭ᠂ ᠡᠢᠮᠦᠷᠬᠦᠦ ᠪᠣᠳᠠᠰ ᠨᠢ ᠡᠮ᠎ᠦ᠋ᠨ ᠰᠣᠯᠢᠯᠴᠠᠭ᠎ᠠ᠎ᠶᠢ ᠨᠥᠯᠥᠭᠡᠯᠡᠳᠡᠭ᠂ ᠤᠤᠯ ᠨᠢ ᠲᠣᠬᠢᠷᠠᠮᠵᠢᠲᠠᠢ ᠡᠮ᠎ᠦ᠋ᠨ ᠬᠡᠮᠵᠢᠶ᠎ᠡ ᠲᠡᠭᠦᠨ᠎ᠦ᠌ ᠣᠷᠣᠯᠴᠠᠭ᠍ᠰᠠᠨ᠎ᠠᠴᠠ ᠪᠣᠯᠵᠤ᠂ ᠡᠮ᠎ᠦ᠋ᠨ ᠬᠡᠮᠵᠢᠶ᠎ᠡ᠎ᠶᠢ ᠨᠡᠮᠡᠭ᠌ᠳᠡᠭᠦᠯᠦᠭ᠌ᠰᠡᠨ ᠲᠠᠢ ᠲᠡᠩᠴᠡᠵᠦ᠍᠂  ᠮᠠᠰᠢ ᠠᠶᠤᠯ᠎ᠲᠠᠢ ᠪᠠᠢᠳᠠᠭ᠃

ᠡᠢᠮᠤ᠎ᠠᠴᠠ᠂ ᠡᠳᠡᠬᠡᠷ ᠡᠮ ᠎ᠢ ᠣᠣᠭᠣᠬᠣ ᠦᠶ᠎ᠡ᠎ᠳᠤ᠂ ᠵᠦᠷᠵᠢᠯᠢᠭ᠎ᠢ ᠪᠤᠤ ᠢᠳᠡ

① ᠥᠭᠡᠬᠦ᠌ ᠪᠠᠭᠤᠷᠠᠭᠤᠯᠬᠤ ᠡᠮ ( ᠲᠠ ᠲᠢᠩ ᠲᠥᠷᠥᠯ )᠄ ᠪᠤᠯᠴᠢᠩ᠎ᠤᠨ ᠡᠪᠡᠳᠬᠦ᠂ ᠬᠥᠨᠳᠡᠯᠡᠨ ᠪᠤᠯᠴᠢᠩ᠎ᠤᠨ ᠠᠭᠤᠰᠭᠤ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ

② ᠴᠢᠰᠣᠨ ᠳᠠᠷᠤᠯᠲᠠ᠎ᠶ᠋ᠢ ᠪᠠᠭᠤᠷᠠᠭᠤᠯᠬᠤ ᠡᠮ  ( ᠱᠢᠶᠤᠤ ᠪᠸᠨ ᠳ᠋ᠢ  ᠫᠢᠩ ᠵᠡᠷᠭᠡ )᠄ ᠴᠢᠰᠤᠨ ᠳᠠᠷᠤᠯᠲᠠ᠎ᠶ᠋ᠢ ᠬᠡᠲᠦ ᠳᠣᠤᠷ᠎ᠠ ᠪᠣᠯᠭᠠᠵᠤ᠂ ᠵᠢᠷᠦᠬᠡᠨ ᠬᠡᠮᠨᠡᠯ᠎ᠢ ᠲᠡᠭ᠌ᠰᠢ ᠪᠤᠰᠤ ᠪᠣᠯᠭᠠᠵᠤ ᠮᠡᠳᠡᠨ᠎ᠡ᠃

③ ᠲᠣᠭ᠍ᠲᠠᠭᠣᠨ ᠤᠨᠲᠠᠭᠤᠯᠬᠤ ᠡᠮ ᠄ ᠲᠤᠯᠤᠭᠠᠢ ᠡᠷᠭᠢᠬᠦ᠂ ᠨᠣᠢᠷᠮᠣᠭ᠍ᠯᠠᠬᠤ ᠵᠡᠷᠭᠡ ᠨᠠᠵᠠᠭᠠᠢ ᠦᠢᠯᠡᠳᠦᠯ᠎ᠢ ᠬᠤᠷᠴᠠᠳᠭᠠᠨ᠎ᠠ

④ ᠬᠠᠷᠱᠢᠬᠤ ᠶ᠋ᠢ ᠡᠰᠡᠷᠭᠦᠴᠡᠬᠦ᠌ ᠡᠮ᠄ ᠬᠠᠷᠱᠢᠬᠤ᠎ᠶ᠋ᠢ ᠡᠰᠡᠷᠭᠦᠴᠡᠬᠦ᠌ ᠵᠠᠷᠢᠮ ᠡᠮ᠎ᠢᠶᠠᠷ ( ᠵᠢᠱ᠌ᠢᠶᠡᠯᠡᠪᠡᠯ ᠲᠧ ᠹᠧᠢ ᠨᠠ ᠳ᠋ᠢᠩ ) ᠰᠣᠯᠢᠯᠴᠠᠭ᠎ᠠ᠎ᠶ᠋ᠢ ᠨᠦᠯᠦᠭᠡᠯᠡᠵᠦ᠍᠂ ᠡᠷᠡᠭᠦᠯ ᠪᠤᠰᠤ ᠲᠤᠰᠭᠠᠯ᠎ᠤᠨ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ

⑤ ᠴᠠᠷᠣᠯᠲᠠ ᠎ᠶ᠋ᠢ ᠰᠠᠭᠠᠳᠠᠭᠠᠬᠤ ᠡᠳ᠋᠄ ᠴᠠᠭᠠᠷᠢᠭ ᠰᠫᠤᠷ ᠡᠳ᠋ ᠵᠡᠷᠭᠡ ᠴᠠᠷᠣᠯᠲᠠ᠎ᠶ᠋ᠢ ᠰᠠᠭᠠᠳᠠᠭᠠᠬᠤ ᠡᠳ᠋᠎ᠦᠨ ᠴᠢᠰᠤᠨ᠎ᠤ  ᠡᠮ᠎ᠦᠨ ᠥᠳᠭᠡᠴᠡ᠎ᠶ᠋ᠢ ᠨᠡᠮᠡᠭ᠌ᠳᠡᠭᠦᠯᠵᠦ᠍᠂ ᠡᠯᠢᠭᠡ ᠪᠥᠭᠡᠷᠡᠨ᠎ᠤ ᠬᠣᠣᠷᠲᠤ ᠴᠢᠨᠠᠷ᠎ᠢ ᠨᠡᠮᠡᠭ᠌ᠳᠡᠭᠦᠯᠵᠦ᠍ ᠮᠡᠳᠡᠨ᠎ᠡ᠃

ᠬᠡᠷᠬᠢᠨ ᠨᠢᠭᠡ ᠰᠠᠢᠨ ᠵᠦᠷᠵᠢᠯᠢᠭ᠎ᠢ ᠰᠣᠩᠭᠣᠵᠣ ᠠᠪᠬᠣ ᠪᠣᠢ

ᠬᠡᠯᠪᠡᠷᠢ ᠳᠦᠷᠰᠦ᠎ᠶ᠋ᠢ ᠨᠢ ᠦᠵᠡᠬᠦ᠌᠄  《 ᠪᠠᠮᠪᠠᠷᠳᠣᠣ 》᠎ᠶ᠋ᠢᠨ ᠵᠠᠷᠴᠢᠮ

ᠨᠢᠭᠡ  ᠪᠣᠯᠪᠠᠰᠣᠷᠠᠩᠭᠣᠢ᠂ ᠵᠢᠮᠢᠰ᠎ᠦ᠋ᠨ ᠮᠢᠬ᠎ᠠ ᠳᠦᠭᠦᠷᠡᠩ ᠵᠦᠷᠵᠢᠯᠢᠭ᠂ ᠭᠠᠳᠠᠷ ᠬᠡᠯᠪᠡᠷᠢ ᠨᠢ ᠳᠡᠭᠡᠷ᠎ᠡ ᠨᠢ ᠱᠣᠪᠣᠭᠣᠷ ᠳᠣᠣᠷ᠎ᠠ ᠨᠢ ᠥᠷᠭᠡᠨ ᠪᠠᠢᠵᠦ᠍ ᠂ ᠶᠠᠭ ᠨᠢᠭᠡ ᠵᠢᠭ᠌ᠳᠡ 《 ᠪᠠᠮᠪᠠᠷᠳᠣᠣ》 ᠱᠢᠭ᠋᠂ ᠬᠦᠵᠦᠭᠦᠨ᠎ᠦ᠌ ᠬᠡᠰᠡᠭ ᠨᠢ ᠬᠡᠲᠦᠷᠬᠡᠢ ᠤᠷᠲᠤ ᠪᠠᠢᠵᠤ ᠪᠣᠯᠬᠤ ᠦᠭᠡᠢ᠂ ᠡᠰᠡ ᠲᠡᠭᠡᠪᠡᠯ ᠵᠢᠮᠢᠰ᠎ᠦ᠋ᠨ ᠮᠢᠬ᠎ᠠ ᠪᠠᠭ᠎ᠠ ᠪᠠᠢᠵᠤ ᠮᠡᠳᠡᠨ᠎ᠡ᠃

ᠭᠠᠳᠠᠷ ᠬᠠᠯᠢᠰᠤ ᠎ᠶ᠋ᠢ ᠨᠢ ᠲᠡᠮᠲᠡᠷᠢᠭᠦ᠌᠄ 《 ᠬᠦᠷᠦᠯᠴᠡᠬᠦ᠌ ᠮᠡᠳᠡᠷᠡᠮᠵᠢ 》 ᠎ᠶ᠋ᠢᠨ ᠨᠢᠭᠤᠴᠠ ᠲᠡᠮᠳᠡᠭ

ᠭᠠᠷ᠎ᠢᠶᠠᠷ᠎ᠢᠶᠠᠨ ᠵᠦᠷᠵᠢᠯᠢᠭ ᠎ᠦᠨ ᠬᠠᠯᠢᠰᠤ᠎ᠶᠢ ᠬᠥᠩᠭᠡᠬᠡᠨ ᠳᠠᠷᠤᠬᠤ᠎ᠳ᠋ᠤ ᠴᠢᠩᠭ᠎ᠠ ᠂ ᠬᠠᠷᠢᠮᠠᠬᠠᠢ ᠴᠢᠨᠠᠷ᠎ᠲᠠᠢ ᠪᠠᠢᠪᠠᠯ ᠰᠠᠢᠨ᠃ ᠬᠡᠷᠪᠡ ᠠᠷᠠᠰᠤ ᠵᠥᠭᠡᠯᠡᠨ᠂ ᠳᠣᠷᠣᠭ᠍ᠰᠢ ᠰᠠᠭᠤᠭ᠍ᠰᠠᠨ ᠪᠣᠯ ᠤᠰᠤ ᠠᠯᠳᠠᠭ᠍ᠰᠠᠨ ᠪᠤᠶᠤ ᠵᠢᠮᠢᠰ᠎ᠦᠨ ᠮᠢᠬ᠎ᠠ ᠨᠢᠭᠡᠨᠲᠡ ᠬᠠᠲᠠᠴᠢᠬᠠᠭ᠍ᠰᠠᠨ ᠪᠠᠢᠵᠤ ᠮᠡᠳᠡᠨ᠎ᠡ᠃

ᠭᠠᠳᠠᠷ᠎ᠨᠢ ᠭᠥᠯᠢᠭᠡᠷ᠂ ᠨᠠᠷᠢᠯᠢᠭ᠂ ᠲᠣᠰᠣᠯᠢᠭ ᠡᠰ ( ᠲᠡᠳᠡᠭᠡᠷ ᠵᠢᠵᠢᠭ ᠲᠣᠯᠪᠤ ) ᠎ᠤᠨ ᠲᠠᠷᠬᠠᠴᠠ᠎ᠨᠢ ᠵᠢᠭ᠌ᠳᠡ ᠪᠠᠢᠳᠠᠭ᠃ ᠠᠷᠠᠰᠤ ᠬᠡᠲᠦᠷᠬᠡᠢ ᠪᠦᠳᠦᠭᠦᠯᠢᠭ ᠪᠤᠶᠤ ᠬᠡᠲᠦᠷᠬᠡᠢ ᠵᠤᠵᠠᠭᠠᠨ ᠨᠢ ᠵᠢᠮᠢᠰ᠎ᠦ᠋ᠨ ᠮᠢᠬᠠᠨ᠎ᠤ᠋ ᠡᠵᠡᠯᠡᠬᠦ᠌ ᠬᠠᠷᠢᠴᠠᠯ ᠪᠠᠭ᠎ᠠ ᠪᠠᠢᠬᠤ᠎ᠶᠢ ᠬᠠᠷᠠᠭᠤᠯᠵᠤ ᠪᠠᠢᠨ᠎ᠠ ᠃

ᠬᠦᠨᠳᠦ᠍᠎ᠶ᠋ᠢᠨ ᠬᠡᠮᠵᠢᠶ᠎ᠡ᠎ᠶ᠋ᠢ ᠪᠠᠷᠤᠭ᠍ᠯᠠᠬᠤ᠄  《 ᠬᠤᠪᠢ᠎ᠶ᠋ᠢᠨ ᠵᠢᠩ 》 ᠎ᠤᠨ ᠬᠠᠤᠯᠢ

ᠶᠡᠬᠡ ᠪᠠᠭ᠎ᠠ ᠨᠢ ᠣᠢᠷᠠᠯᠴᠠᠭ᠎ᠠ ᠵᠦᠷᠵᠢᠯᠢᠭ᠌ ᠳᠣᠲᠣᠷ᠎ᠠ᠂ ᠨᠡᠩ ᠬᠦᠨᠳᠦ ᠰᠡᠷᠡᠭ᠌ᠳᠡᠯ ᠲᠠᠢ ᠎ᠶ᠋ᠢ ᠨᠢ ᠰᠣᠩᠭᠣᠨ᠎ᠠ᠃ ᠡᠨᠡ᠎ᠨᠢ ᠭᠤᠣᠯᠳᠠᠭᠤ ᠲᠡᠭᠦᠨ᠎ᠤ ᠣᠰᠣᠨ᠎ᠤ ᠬᠡᠮᠵᠢᠶ᠎ᠡ ᠨᠡᠩ ᠭᠦᠢᠴᠡᠳ ᠪᠠᠢᠬᠤ᠎ᠶ᠋ᠢ ᠬᠠᠷᠠᠭᠤᠯᠵᠤ ᠪᠠᠢᠨ᠎ᠠ᠂ ᠵᠢᠮᠢᠰ᠎ᠤᠨ ᠮᠢᠬ᠎ᠠ ᠨᠡᠩ ᠡᠯᠪᠡᠭ ᠪᠠᠢᠳᠠᠭ᠃

 

ᠢᠷᠡᠯᠲᠡ᠄ ᠠᠨᠾᠦ᠋ᠢ᠎ᠶ᠋ᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠂ ᠭᠤᠸᠠᠩᠵᠸᠤ᠎ᠶ᠋ᠢᠨ ᠡᠳᠦᠷ᠎ᠤᠨ ᠰᠣᠨᠢᠨ