ᠰᠢᠨᠵᠢᠯᠡᠬᠦ ᠤᠬᠠᠭ᠋ᠠᠨᠴᠢ ᠴᠤᠤᠷᠬᠠᠯ ᠨᠢᠴᠣᠭ᠋ᠠᠬᠣ ᠴᠠᠭ ᠶᠠᠭ ᠶᠠᠪᠤᠭᠳᠠᠵᠤ ᠪᠠᠢ᠌ᠨ᠎ᠠ
ᠶᠠᠭ᠋ᠠᠬᠢᠭᠰᠠᠨ ᠴᠤ᠌ ᠪᠢᠲᠡᠭᠡᠢ ᠢᠩᠭᠢᠭᠡᠷᠡᠢ᠃ ᠮᠠᠰᠢ ᠣᠯᠠᠨ ᠵᠢᠭ᠋ᠠᠰᠤᠨ (ᠦᠷᠭᠦᠯᠵᠢ ᠲᠤᠬᠢᠶᠠᠯᠳᠣᠳᠠᠭ ᠮᠠᠰᠢ ᠣᠯᠠᠨ ᠢᠳᠡᠰᠢᠨ᠎ᠤ ᠵᠢᠭ᠋ᠠᠰᠤ ᠵᠢ ᠪᠠᠭᠲᠠᠭ᠋ᠠᠨ᠎ᠠ ) ᠰᠦᠰᠥ᠎ᠨᠢ ᠪᠦᠷ ᠬᠣᠣᠷᠲᠠᠢ ᠪᠠᠢ᠌ᠳᠠᠭ — ᠣᠰᠤᠳᠦ᠋ᠷᠦᠭᠴᠢ ᠼᠢᠶᠠᠨ ᠬᠦᠴᠢᠯ (ᠬᠣᠣᠷᠲᠤ ᠴᠢᠨᠠᠷ᠎ᠨᠢ ᠭᠦᠨᠴᠢᠯᠠᠴᠠ ᠳᠠᠪᠠᠨ᠎ᠠ )᠂ ᠮᠥᠷᠭᠥ ᠠᠯᠺᠣᠣᠯ ᠬᠦᠬᠦᠷ ᠬᠦᠴᠢᠯ᠎ᠤᠨ ᠡᠰᠲ᠋ᠧᠷ ᠨᠠᠲᠷᠢ ᠵᠡᠷᠭᠡ ᠲᠣᠭᠰᠢᠨ ᠬᠣᠣᠷᠲᠤ ᠪᠣᠳᠠᠰ᠎ᠢ ᠠᠭᠤᠯᠵᠤ ᠂ ᠬᠠᠯᠠᠭ᠋ᠠᠬᠤ᠂ ᠠᠷᠢᠬᠢᠨ᠎ᠳᠤ ᠳᠡᠪᠲᠦᠭᠡᠬᠦ᠎ᠨᠢ ᠴᠥᠮ ᠬᠣᠣᠷᠲᠤ ᠴᠢᠨᠠᠷ᠎ᠢ ᠡᠪᠳᠡᠵᠦ ᠴᠢᠳᠠᠬᠤ ᠦᠭᠡᠢ᠃ ᠬᠣᠣᠷᠳᠠᠯᠭ᠎ᠠ ᠵᠢᠨ ᠨᠢᠭᠤᠭᠳᠠᠮᠠᠯ ᠬᠤᠭᠤᠴᠠᠭ᠎ᠠ᠎ᠨᠢ ᠵᠥᠪᠬᠡᠨ 0.5 ~ 6 ᠴᠠᠭ ᠪᠠᠢ᠌ᠵᠦ᠂ ᠠᠩᠬᠠᠨ᠎ᠤ ᠬᠤᠭᠤᠴᠠᠭ᠋ᠠᠨ᠎ᠤ ᠢᠯᠡᠷᠡᠯ᠎ᠨᠢ ᠪᠥᠭᠡᠯᠵᠢᠰᠦ ᠬᠦᠷᠦᠨ ᠴᠢᠴᠠᠭ᠎ᠠ ᠠᠯᠳᠠᠵᠤ ᠂ ᠳᠠᠷᠠᠭ᠎ᠠ᠎ᠨᠢ ᠣᠯᠠᠨ ᠡᠷᠬᠡᠲᠡᠨ᠎ᠢ ᠮᠠᠭᠣᠳᠠᠭᠣᠯᠵᠦ᠂ ᠦᠬᠦᠭᠦᠯᠬᠦ ᠨᠣᠷᠮ᠎ᠠ ᠥᠨᠳᠥᠷ ᠪᠠᠢ᠌ᠳᠠᠭ᠃
ᠦᠢ᠍ᠷ᠎ᠠ᠎ᠳᠤ᠂ ᠦᠬᠠᠨ᠎ᠳᠤ 2 ᠡᠪᠡᠳᠴᠢᠲᠡᠨ ᠵᠢᠭ᠋ᠠᠰᠣᠨ ᠰᠦᠰᠥ ᠵᠢ ᠲᠦᠭᠦᠬᠡᠢ᠎ᠪᠠᠷ ᠵᠠᠯᠭᠢᠨ ᠬᠣᠣᠷᠳᠠᠭᠳᠠᠭ᠋ᠠᠳ ᠡᠮᠨᠡᠯᠭᠡ᠎ᠳᠤ ᠬᠦᠷᠭᠡᠭᠳᠡᠵᠦ ᠪᠠᠴᠢᠮ ᠠᠪᠤᠷᠠᠯᠲᠠ ᠬᠢᠵᠡᠢ ᠃ ᠪᠢᠳᠡ ᠶᠡᠷᠦ᠎ᠳᠤ᠎ᠪᠠᠨ ᠵᠢᠭ᠋ᠠᠰᠤ ᠢᠳᠡᠬᠦ᠎ᠳᠤ᠎ᠪᠠᠨ ᠵᠢᠭ᠋ᠠᠰᠤ ᠵᠢ ᠨᠢᠲᠤᠯᠬᠤ ᠦᠶ᠎ᠡ᠎ᠳᠤ ᠵᠢᠭ᠋ᠠᠰᠤᠨ ᠰᠥᠰᠥ ᠵᠢ ᠲᠦᠢ᠍ᠯᠪᠤᠷᠢᠲᠠᠶ ᠠᠷᠢᠯᠭ᠋ᠠᠬᠣ ᠬᠡᠷᠡᠭᠲᠡᠢ᠂ ᠵᠢᠭ᠋ᠠᠰᠤᠨ᠎ᠤ ᠮᠢᠬ᠎ᠠ ᠵᠢ᠎ᠨᠢ ᠪᠣᠬᠢᠷᠳᠣᠭᠣᠯᠪᠠᠯ ᠬᠠᠶᠠᠬᠤ ᠴᠢᠬᠤᠯᠠᠲᠠᠶ ; 《ᠵᠢᠭ᠋ᠠᠰᠤᠨ ᠰᠥᠰᠥ ᠬᠠᠷᠠᠭ᠎ᠠ ᠵᠢ ᠲᠤᠩᠭ᠋ᠠᠯᠠᠭᠰᠢᠭᠤᠯᠬᠤ 》 ᠵᠡᠷᠭᠡ ᠣᠨᠴᠠ ᠵᠣᠷ᠎ᠢ ᠢᠲᠡᠭᠡᠵᠦ ᠪᠣᠯᠬᠤ ᠦᠭᠡᠢ ; ᠵᠢᠭ᠋ᠠᠰᠤᠨ ᠰᠥᠰᠥᠨ᠎ᠤ ᠰᠢᠩᠭᠡᠨ᠎ᠢ ᠨᠢᠳᠦᠨ᠎ᠳᠤ ᠦᠰᠦᠷᠬᠡᠪᠡᠯ ᠬᠠᠷᠠᠭ᠎ᠠ ᠠᠯᠳᠠᠬᠤ ᠲᠦᠭᠰᠢᠭᠦᠷᠢ᠎ᠲᠠᠢ ᠪᠠᠢ᠌ᠵᠤ᠂ ᠳᠠᠷᠤᠢ᠌ᠬᠠᠨ ᠤᠬᠢᠶᠠᠵᠤ ᠡᠮᠨᠡᠭᠦᠯᠬᠦ ᠴᠢᠬᠤᠯᠠᠲᠠᠶ᠃ ᠵᠢᠭ᠋ᠠᠰᠤᠨ ᠰᠥᠰᠥᠨ᠎ᠤ ᠬᠤᠤᠷᠳᠠᠭᠳᠠᠯ ᠭᠡᠵᠦ ᠰᠡᠵᠢᠭᠯᠡᠪᠡᠯ ᠳᠠᠷᠤᠶ᠋ᠢᠬᠠᠨ ᠡᠮᠨᠡᠯᠭᠡ ᠵᠢᠨ ᠬᠣᠷᠢᠶᠠᠨ᠎ᠳᠤ ᠬᠦᠷᠴᠦ ᠂ ᠬᠤᠳᠤᠭᠤᠳᠦ᠎ᠪᠠᠨ ᠤᠭᠢᠶᠠᠯᠭ᠋ᠠᠬᠤ ᠴᠢᠨᠠᠭᠰᠢᠯᠠᠪᠠᠯ ᠴᠢᠰᠤ ᠨᠡᠪᠴᠢᠭᠦᠯᠣᠨ ᠢᠯᠭ᠋ᠠᠷᠠᠭᠣᠯᠬᠣ ᠵᠠᠰᠠᠯ ᠬᠢᠯᠭᠡᠪᠡᠯ ᠰᠠᠶᠢ ᠪᠡᠶ᠎ᠡ ᠵᠢᠨ ᠳᠣᠲᠣᠷᠠᠬᠢ ᠬᠤᠤᠷᠲᠦ ᠡᠳ᠋᠎ᠢ ᠠᠷᠢᠯᠭ᠋ᠠᠵᠤ ᠲᠡᠶ᠋ᠢᠯᠦᠨ᠎ᠡ᠃
ᠵᠤᠬᠢᠶᠠᠭᠴᠢ᠄ ᠵᠢᠶᠠᠩ ᠶᠥᠩ ᠶᠤᠸᠠᠨ
ᠭᠣᠷᠪᠠᠳᠣᠭ᠋ᠠᠷ ᠴᠡᠷᠢᠭ᠎ᠤᠨ ᠡᠮᠨᠡᠯᠭᠡ ᠵᠢᠨ ᠶᠡᠬᠡ ᠰᠣᠷᠭ᠋ᠠᠭᠣᠯᠢ ᠵᠢᠨ ᠳᠣᠲᠣᠷ ᠰᠠᠯᠠᠭ᠋ᠠᠨ᠎ᠤ ᠮᠠᠰᠲ᠋ᠧᠷ
ᠬᠢᠨᠠᠨ ᠬᠠᠷᠭᠣᠭᠣᠯᠣᠭᠴᠢ᠄ ᠯᠢ ᠳ᠋ᠦᠩ ᠼᠧᠩ
ᠪᠡᠭᠡᠵᠢᠩ᠎ᠤᠨ ᠶᠧᠦ ᠠᠨ ᠡᠮᠨᠡᠯᠭᠡ ᠵᠢᠨ ᠬᠣᠷᠢᠶᠠᠨ᠎ᠤ ᠠᠮᠢᠰᠬᠣᠯ ᠪᠠ ᠬᠠᠯᠳᠠᠪᠣᠷᠢᠲᠣ ᠡᠪᠡᠳᠴᠢᠨ᠎ᠤ ᠰᠠᠯᠠᠭ᠋ᠠᠨ᠎ᠤ ᠡᠷᠬᠢᠯᠡᠭᠴᠢ ᠡᠮᠴᠢ