ᠣᠢᠷ᠎ᠠ᠎ᠳᠤ᠂ ᠣᠯᠠᠨ ᠨᠠᠷᠠᠲᠤ ᠲᠡᠮᠳᠡᠭ᠌ᠲᠦ ᠴᠠᠬᠢᠯᠭᠠᠨ ᠴᠡᠨᠡᠭ᠌ᠯᠡᠭᠦᠷ ᠦᠨ ᠴᠡᠨᠡᠭ᠌ᠯᠡᠬᠦ᠌ ᠡᠷᠳᠡᠨᠢ ᠶ᠋ᠢᠨ ᠦᠢᠯᠡᠳᠪᠦᠷᠢ᠎ᠶ᠋ᠢᠨ᠎ᠬᠢᠨ ᠴᠠᠬᠢᠯᠭᠠᠨ ᠴᠠᠬᠢᠮ ᠳᠤ ᠠᠮᠤᠷ ᠲᠦᠪᠱᠢᠨ᠎ᠤ ᠲᠦᠭ᠌ᠰᠢᠭᠦᠷᠢ ᠣᠷᠣᠱᠢᠵᠤ ᠪᠠᠢᠭ᠎ᠠ᠎ᠠᠴᠠ ᠪᠣᠯᠵᠣ ᠣᠯᠠᠨ ᠪᠦᠭᠡᠮ ᠤᠳᠠᠭ᠎ᠠ ᠦᠶ᠋ᠯᠡᠳᠬᠦᠨ᠎ᠢ ᠡᠭᠡᠭᠦᠯᠦᠨ ᠠᠪᠴᠢᠷᠠᠪᠠ᠃ ᠤᠯᠤᠰ᠎ᠤ᠋ᠨ ᠵᠠᠬ᠎ᠠ ᠳᠡᠯᠭᠡᠭᠦᠷ᠎ᠦ᠋ᠨ ᠬᠢᠨᠠᠨ ᠬᠠᠮᠢᠶᠠᠷᠤᠯᠲᠠ᠎ᠶᠢᠨ ᠶᠡᠷᠦᠩᠬᠡᠢ ᠲᠣᠪᠴᠢᠶᠠᠠ᠋ᠴᠠ ᠴᠠᠬᠢᠯᠭᠠᠨ ᠴᠡᠨᠡᠭ᠌ᠯᠡᠭᠦᠷ ᠴᠡᠨᠡᠭ᠌ᠯᠡᠬᠦ᠌ ᠡᠷᠳᠡᠨᠢ ᠵᠢᠴᠢ ᠴᠡᠨᠡᠭ᠎ᠦᠨ ᠭᠣᠣᠯ᠎ᠤ᠋ᠨ ᠦᠢᠯᠡᠳᠪᠦᠷᠢ᠎ᠶᠢᠨ 3C ᠶ᠋ᠢᠨ ᠭᠡᠷᠡᠴᠢ᠎ᠶᠢ ᠬᠦᠴᠦᠨ ᠦᠭᠡᠢ ᠪᠣᠯᠭᠠᠬᠤ ᠪᠤᠶᠤ ᠲᠦᠷ ᠵᠣᠭ᠍ᠰᠣᠭᠠᠪᠠ᠃ ᠣᠳᠣᠬᠠᠨ᠎ᠳᠤ᠂ ᠣᠯᠠᠨ ᠭᠠᠵᠠᠷ᠎ᠤᠨ ᠨᠢᠰᠭᠡᠯ᠎ᠤᠨ ᠪᠠᠭᠤᠳᠠᠯ ᠬᠤᠯᠪᠣᠭ᠍ᠳᠠᠯ ᠪᠦᠬᠦᠢ ᠲᠥᠷᠥᠯ ᠲᠡᠮᠳᠡᠭ᠎ᠢᠶᠠᠨ ᠪᠤᠴᠠᠭᠠᠨ ᠠᠪᠴᠢᠷᠠᠬᠤ ᠬᠡᠯᠪᠡᠷᠢ ᠮᠠᠶᠢᠭ ᠵᠢᠴᠢ ᠪᠦᠯᠦᠭ ᠤᠳᠠᠭ᠎ᠠ᠎ᠶ᠋ᠢᠨ ᠴᠠᠬᠢᠯᠭᠠᠨ ᠴᠡᠨᠡᠭ᠌ᠯᠡᠭᠦᠷ ᠢᠶᠡᠨ ᠴᠡᠨᠡᠭ᠌ᠯᠡᠬᠦ᠌ ᠡᠷᠳᠡᠨᠢ᠎ᠪᠠᠨ ᠠᠪᠴᠤ᠌ ᠶᠠᠪᠤᠵᠤ ᠪᠣᠯᠬᠤ ᠦᠭᠡᠢ ᠶ᠋ᠢ ᠶᠠᠪᠤᠬᠤ᠎ᠶ᠋ᠢ ᠨᠢᠭᠡᠨᠲᠡ ᠲᠣᠳᠣᠷᠬᠠᠶ ᠲᠣᠭ᠍ᠲᠠᠭᠠᠪᠠ᠃
△ ᠷᠤᠮᠠᠱ ᠂ ᠠᠨᠺ ᠤᠨ ᠡᠭᠦᠨ᠎ᠡᠴᠡ ᠡᠮᠦᠨ᠎ᠡ ᠨᠡᠢᠲᠡᠯᠡᠭ᠌ᠰᠡᠨ ᠪᠤᠴᠠᠭᠠᠨ ᠠᠪᠴᠢᠷᠠᠬᠤ ᠵᠠᠷᠯᠠᠯ
ᠪᠠᠰᠠ ᠶᠠᠮᠠᠷ ᠶᠠᠮᠠᠷ ᠶᠠᠭᠤᠮ᠎ᠠ᠎ᠶ᠋ᠢ ᠨᠢᠰᠭᠡᠯ᠎ᠳᠦ ᠠᠪᠴᠤ᠌ ᠭᠠᠷᠴᠤ᠌ ᠪᠣᠯᠬᠤ ᠦᠭᠡᠢ ᠪᠤᠢ ?
ᠨᠣᠴᠣᠮᠠᠲᠠᠭᠠᠶ ᠳᠡᠯᠪᠡᠷᠡᠮᠡᠲᠡᠭᠡᠶ ᠪᠣᠳᠠᠰ
ᠨᠣᠴᠣᠮᠠᠲᠠᠭᠠᠶ ᠳᠡᠯᠪᠡᠷᠡᠮᠡᠲᠡᠭᠡᠶ ᠪᠣᠳᠠᠰ᠎ᠢ ᠨᠢᠰᠭᠡᠯ᠎ᠳᠤ ᠠᠪᠴᠤ᠌ ᠭᠠᠷᠬᠣ ᠪᠤᠶᠤ ᠨᠠᠢᠳᠠᠨ ᠲᠡᠭᠡᠭᠡᠪᠦᠷᠢᠯᠡᠬᠦ᠌᠎ᠶ᠋ᠢ ᠴᠢᠩᠭ᠎ᠠ ᠴᠠᠭᠠᠵᠠᠯᠠᠬᠤ ᠬᠡᠷᠡᠭ᠌ᠲᠡᠶ ᠴᠠᠭᠠᠵᠠᠯᠠᠨ᠎ᠠ᠃ ᠬᠤᠸᠠᠷ ᠫᠤᠤᠵᠢᠩ ᠂ ᠴᠢᠶᠢᠦ ᠲᠣᠰᠣ ᠂ ᠥᠨᠳᠥᠷ ᠥᠳᠭᠡᠴᠡ᠎ᠲᠦ ᠰᠫᠢᠷᠲ᠂ ᠡᠯ᠎ᠡ ᠲᠥᠷᠥᠯ᠎ᠦᠨ ᠭᠠᠯ ᠨᠣᠴᠣᠭᠠᠬᠤ ᠲᠣᠨᠣᠭ᠍ᠯᠠᠯ ᠵᠡᠷᠭᠡ᠎ᠶ᠋ᠢ ᠪᠠᠭ᠍ᠲᠠᠭᠠᠨ᠎ᠠ ᠃
ᠠᠩᠬᠠᠷ ! ᠡᠮᠡᠭ᠌ᠲᠡᠢᠴᠦᠳ ᠦᠨ ᠦᠷᠭᠦᠯᠵᠢ ᠬᠡᠷᠡᠭ᠌ᠯᠡᠳᠡᠭ ᠠᠪᠠᠬᠠᠢᠴᠤᠳᠤᠨ ᠬᠢᠮᠤᠰᠤᠨ ᠤ ᠪᠤᠳᠤᠭ ᠲᠣᠰᠣ ᠂ ᠬᠢᠮᠤᠰᠤᠨ ᠪᠤᠳᠤᠭ ᠠᠷᠢᠯᠭᠠᠬᠤ ᠬᠢᠮᠤᠰᠤ ᠤᠬᠢᠶᠠᠬᠤ ᠤᠰᠤ ᠶ᠋ᠢ ᠴᠤ᠌ ᠪᠠᠭ᠍ᠲᠠᠭᠠᠨ᠎ᠠ ᠂ ᠨᠣᠴᠣᠮᠠᠲᠠᠭᠠᠶ ᠡᠳ᠋ ᠠᠬᠤᠭᠤᠯᠬᠤ ᠪᠣᠯᠬᠣᠷ ᠨᠣᠴᠣᠮᠠᠲᠠᠭᠠᠶ ᠳᠡᠯᠪᠡᠷᠡᠮᠡᠲᠡᠭᠡᠶ ᠪᠣᠳᠠᠰ᠎ᠲᠤ ᠬᠠᠷᠢᠶᠠᠯᠠᠭ᠍ᠳᠠᠨ᠎ᠠ ᠂ ᠠᠪᠴᠤ᠌ ᠶᠠᠪᠤᠬᠤ ᠪᠤᠶᠤ ᠨᠠᠢᠳᠠᠨ ᠲᠡᠭᠡᠭᠡᠪᠦᠷᠢᠯᠡᠬᠦ᠌᠎ᠶ᠋ᠢ ᠴᠠᠭᠠᠵᠠᠯᠠᠨ᠎ᠠ ᠃
ᠫᠤᠤ ᠵᠡᠪᠰᠡᠭ᠂ ᠵᠠᠬᠢᠷᠤᠨ ᠬᠠᠮᠢᠶᠠᠷᠬᠤ ᠪᠠᠭᠠᠵᠢ ᠬᠡᠷᠡᠭ᠌ᠰᠡᠯ
ᠫᠤᠤ ᠵᠡᠷᠭᠡ ᠵᠡᠪᠰᠡᠭ ( ᠭᠣᠤᠯ ᠪᠣᠯᠬᠤ ᠰᠡᠯᠪᠢᠭ ᠲᠣᠨᠣᠭ ᠪᠠᠭ᠍ᠲᠠᠨ᠎ᠠ ) ᠵᠢᠴᠢ ᠳᠠᠭᠤᠷᠢᠶᠠᠮᠠᠯ ᠪᠣᠳᠠᠰ ; ᠵᠠᠬᠢᠷᠤᠨ ᠬᠠᠮᠢᠶᠠᠷᠬᠤ ᠪᠠᠭᠠᠵᠢ ᠬᠡᠷᠡᠭ᠌ᠰᠡᠯ ᠂ ᠵᠢᠱ᠌ᠢᠶᠡᠯᠡᠪᠡᠯ ᠵᠠᠬᠢᠷᠤᠨ ᠬᠠᠮᠢᠶᠠᠷᠬᠤ ᠬᠢᠲᠤᠭ᠎ᠠ ᠪᠠᠭᠠᠵᠢ ᠂ ᠴᠡᠷᠢᠭ ᠴᠠᠭ᠍ᠳᠠᠭ᠎ᠠ᠎ᠶ᠋ᠢᠨ ᠪᠠᠭᠠᠵᠢ ᠂ ᠤᠯᠤᠰ᠎ᠤᠨ ᠲᠣᠭ᠍ᠲᠠᠭᠠᠯ᠎ᠳᠤ ᠬᠠᠷᠢᠶᠠᠯᠠᠭ᠍ᠳᠠᠬᠤ ᠪᠤᠰᠤᠳ ᠵᠠᠬᠢᠷᠤᠨ ᠬᠠᠮᠢᠶᠠᠷᠬᠤ ᠪᠠᠭᠠᠵᠢ ᠬᠡᠷᠡᠭ᠌ᠰᠡᠯ ᠢ ᠪᠡᠶ᠎ᠡ᠎ᠳᠡᠭᠡᠨ ᠪᠡᠶ᠎ᠡ ᠳᠦ ᠪᠡᠨ ᠠᠪᠴᠤ᠌ ᠶᠠᠪᠤᠬᠤ ᠪᠠ ᠨᠠᠢᠳᠠᠨ ᠲᠡᠭᠡᠭᠡᠪᠦᠷᠢᠯᠡᠬᠦ᠌᠎ᠶ᠋ᠢ ᠴᠠᠭᠠᠵᠠᠯᠠᠨ᠎ᠠ ᠃
ᠠᠶᠤᠯ ᠲᠠᠢ ᠪᠣᠳᠠᠰ
ᠳᠠᠷᠤᠯᠲᠠᠲᠤ ᠲᠦᠩᠰᠡ᠎ᠳᠦ ᠰᠠᠪᠠᠯᠠᠭ᠍ᠰᠠᠨ ᠤᠰᠤ ᠨᠥᠬᠥᠪᠥᠷᠢᠯᠡᠵᠦ᠍ ᠰᠦᠷᠴᠢᠬᠦ᠌ ᠡᠳ᠋ ᠨᠦᠬᠦᠪᠦᠷᠢᠯᠡᠬᠦ᠌ ᠰᠦᠷᠴᠢᠮᠡᠯ ᠂ ᠱᠢᠷᠠᠭ᠍ᠳᠠᠬᠤᠶ᠋ᠢ ᠱᠢᠷᠠᠭ᠍ᠳᠠᠬᠤ ᠡᠴᠡ ᠰᠡᠷᠭᠡᠢᠯᠡᠬᠦ᠌ ᠰᠦᠷᠴᠢᠬᠦ᠌ ᠡᠳ᠋ ᠰᠦᠷᠴᠢᠮᠡᠯ ᠂ ᠭᠡᠵᠢᠭᠡᠨ ᠴᠠᠪᠠᠤ ᠵᠡᠷᠭᠡ ᠨᠢ ᠠᠶᠤᠯᠲᠠᠶ ᠪᠣᠳᠠᠰ᠎ᠲᠤ ᠬᠠᠷᠢᠶᠠᠯᠠᠭ᠍ᠳᠠᠨ᠎ᠠ ᠂ ᠨᠠᠢᠳᠠᠨ ᠲᠡᠭᠡᠭᠡᠪᠦᠷᠢᠯᠡᠬᠦ᠌ ᠪᠠ ᠠᠪᠴᠤ᠌ ᠶᠠᠪᠤᠬᠤ᠎ᠶ᠋ᠢ ᠴᠢᠩᠭ᠎ᠠ ᠴᠠᠭᠠᠵᠠᠯᠠᠨ᠎ᠠ ᠃
ᠰᠣᠨᠢᠨ ᠦᠨᠦᠷ᠎ᠲᠡᠶ ᠪᠣᠳᠠᠰ
ᠴᠢᠩᠭ᠎ᠠ ᠰᠡᠲᠡᠯᠲᠡ᠎ᠶ᠋ᠢᠨ ᠴᠢᠨᠠᠷᠲᠡᠢ ᠦᠨᠦᠷᠲᠡᠢ ᠪᠣᠳᠠᠰᠢ᠋ ᠠᠪᠴᠤ᠌ ᠶᠠᠪᠤᠬᠤ ᠪᠤᠶᠤ ᠨᠠᠢᠳᠠᠵᠤ ᠲᠡᠭᠡᠭᠡᠪᠦᠷᠢᠯᠡᠬᠦ᠌ ᠶᠢ ᠴᠠᠭᠠᠵᠠᠯᠠᠨ᠎ᠠ ᠂ ᠵᠢᠱ᠌ᠢᠶᠡᠯᠡᠪᠡᠯ ᠳ᠋ᠦᠷᠢᠦ ᠃
ᠬᠡᠷᠪᠡ ᠳᠡᠭᠡᠷ᠎ᠡ ᠳᠤᠷᠠᠳᠤᠭ᠍ᠰᠠᠨ ᠪᠤᠳᠠᠰ᠎ᠢ ᠬᠢᠴᠢᠶᠡᠮᠵᠢ ᠦᠭᠡᠢ ᠠᠪᠴᠤ᠌ ᠶᠠᠪᠤᠭ᠍ᠰᠠᠨ ᠪᠣᠯ ᠂ ᠪᠢᠲᠡᠭᠡᠢ ᠰᠠᠨᠳᠤᠷᠠᠭᠠᠷᠠᠢ ᠂ ᠬᠣᠶᠠᠷ ᠵᠦᠢᠯ᠎ᠦ᠋ᠨ ᠱᠢᠢᠳᠪᠦᠷᠢᠯᠡᠬᠦ᠌ ᠠᠷᠭ᠎ᠠ ᠬᠡᠯᠪᠡᠷᠢ ᠶ᠋ᠢ ᠲᠠᠨ ᠳ᠋ᠤ ᠳᠦ ᠵᠢᠭᠠᠵᠤ ᠥᠭ᠌ᠭᠦᠶ᠎ᠡ — ᠪᠤᠤᠭᠢᠶ᠎ᠠ ᠱᠢᠤᠳᠠᠨ ᠢᠶᠠᠷ ᠶᠠᠪᠤᠭᠤᠯᠬᠤ ᠭᠦᠢᠴᠡᠳᠭᠡᠬᠦ᠌ ᠂ ᠪᠤᠭᠤᠳᠠᠯ ᠬᠠᠳᠠᠭᠠᠯᠠᠬᠤ ᠃
ᠡᠯ᠎ᠡ ᠲᠣᠮᠣ ᠨᠢᠰᠭᠡᠯ᠎ᠦᠨ ᠪᠠᠭᠤᠳᠠᠯ᠎ᠳᠤ ᠴᠥᠮ ᠪᠤᠤᠭᠢᠶ᠎ᠠ ᠱᠢᠤᠳᠠᠨ᠎ᠤ ᠭᠠᠵᠠᠷ ᠪᠤᠶᠤ ᠪᠤᠭᠤᠳᠠᠯ ᠬᠠᠳᠠᠭᠠᠯᠠᠬᠤ ᠭᠠᠵᠠᠷ᠎ᠲᠠᠢ ᠂ ᠶᠠᠭᠤᠮ᠎ᠠ ᠪᠠᠨ ᠪᠤᠤᠭᠢᠶ᠎ᠠ ᠱᠢᠤᠳᠠᠨ᠎ᠢᠶᠠᠷ ᠵᠣᠷᠢᠭ᠍ᠰᠠᠨ ᠭᠠᠵᠠᠷ᠎ᠲᠤ᠎ᠪᠠᠨ ᠶᠠᠪᠤᠭᠤᠯᠬᠤ ᠪᠤᠶᠤ ᠨᠢᠰᠭᠡᠯ᠎ᠦᠨ ᠪᠠᠭᠤᠳᠠᠯ᠎ᠳᠤ ᠪᠣᠭᠣᠳᠠᠯ᠎ᠢᠶᠠᠨ ᠬᠠᠳᠠᠭᠠᠯᠠᠭᠤᠯᠵᠤ ᠂ ᠪᠤᠴᠠᠬᠤ ᠵᠠᠮ᠎ᠳᠠᠭᠠᠨ ᠳᠤ ᠪᠠᠨ ᠳᠠᠬᠢᠨ ᠢᠷᠡᠵᠦ᠍ ᠠᠪᠴᠤ᠌ ᠪᠣᠯᠣᠨ᠎ᠠ ᠃