ᠪᠠᠴᠢᠮ ᠰᠠᠨᠠᠭᠤᠯᠤᠮᠵᠢ᠄ ᠨᠠᠶᠢᠵᠠ ᠶᠢᠨ ᠲᠣᠭᠤᠷᠢᠭ ᠲᠤ ᠨᠡᠶᠢᠲᠡᠯᠡᠵᠦ ᠪᠣᠯᠬᠤ ᠦᠭᠡᠢ︕ ᠨᠡᠶᠢᠲᠡᠯᠡᠵᠦ ᠪᠣᠯᠬᠤ ᠦᠭᠡᠢ︕ ᠨᠡᠶᠢᠲᠡᠯᠡᠵᠦ ᠪᠣᠯᠬᠤ ᠦᠭᠡᠢ︕
ᠨᠡᠶᠢᠲᠡᠯᠡᠭᠰᠡᠨ ᠴᠠᠭ᠄
2024/2/20

ᠴᠠᠭᠠᠨ ᠰᠠᠷ᠎ᠠ ᠪᠣᠯ ᠨᠠᠶᠢᠵᠠ ᠶᠢᠨ ᠲᠣᠭᠤᠷᠢᠭ ᠲᠤ ᠡᠯ᠎ᠡ ᠵᠦᠢᠯ ᠤᠨ ᠠᠭᠤᠯᠭ᠎ᠠ ᠨᠡᠶᠢᠲᠡᠯᠡᠵᠦ ᠬᠤᠪᠢᠶᠠᠯᠴᠠᠬᠤ ᠣᠷᠭᠢᠯ ᠤᠨ ᠬᠤᠭᠤᠴᠠᠭ᠎ᠠ ᠪᠣᠯᠤᠨ᠎ᠠ᠃ ᠡᠳᠡᠭᠡᠷ ᠠᠵᠢᠯᠯᠠᠭ᠎ᠠ ᠨᠢ ᠬᠤᠪᠢ ᠬᠥᠮᠦᠨ ᠤ ᠬᠤᠯᠪᠣᠭᠳᠠᠯ ᠪᠦᠬᠦᠢ ᠮᠡᠳᠡᠭᠡ ᠵᠠᠩᠭᠢ ᠶᠢ ᠵᠠᠳᠠᠷᠠᠭᠤᠯᠵᠤ ᠮᠡᠳᠡᠨ᠎ᠡ ᠭᠡᠰᠡᠨ ᠢ ᠲᠠ ᠮᠡᠳᠡᠨ᠎ᠡ ᠦᠦ᠂ ᠬᠡᠷᠪᠡ ᠣᠨᠳᠣᠣ ᠰᠠᠨᠠᠭ᠎ᠠ ᠪᠦᠬᠦᠢ ᠬᠥᠮᠥᠨ ᠳᠤ ᠦᠵᠡᠭᠳᠡᠬᠦ ᠪᠤᠶᠤ ᠠᠰᠢᠭᠯᠠᠭᠳᠠᠪᠠᠯ ᠭᠡᠷ ᠡᠷᠦᠬᠡ ᠪᠤᠶᠤ ᠬᠤᠪᠢ ᠬᠥᠮᠦᠨ ᠤ ᠡᠳ᠋ ᠪᠣᠳᠠᠰ᠂ ᠴᠢᠨᠠᠭᠰᠢᠯᠠᠪᠠᠯ ᠥᠪᠡᠷ ᠤᠨ ᠪᠡᠶ᠎ᠡ ᠪᠠ ᠭᠡᠷ ᠤᠨ ᠬᠥᠮᠦᠰ ᠤᠨ ᠢᠶᠠᠨ ᠠᠮᠤᠷ ᠲᠦᠪᠰᠢᠨ ᠢ ᠬᠤᠬᠢᠷᠠᠭᠤᠯᠵᠤ ᠮᠡᠳᠡᠨ᠎ᠡ᠃

ᠨᠢᠭᠤᠴᠠ ᠶᠢ ᠵᠠᠳᠠᠷᠠᠭᠤᠯᠵᠤ ᠠᠶᠤᠯ ᠬᠥᠨᠥᠭᠡᠯ ᠲᠠᠲᠠᠬᠤ ᠠᠴᠠ ᠰᠡᠷᠭᠡᠶᠢᠯᠡᠬᠦ ᠬᠡᠷᠡᠭᠲᠡᠢ

ᠭᠠᠯᠲᠤ ᠲᠡᠷᠭᠡᠨ ᠪᠢᠯᠧᠲ᠂ ᠨᠢᠰᠭᠡᠯ ᠤᠨ ᠪᠢᠯᠧᠲ᠂ ᠨᠢᠰᠭᠡᠯ ᠳᠤ ᠭᠠᠷᠬᠤ ᠫᠠᠶᠢᠰᠠ ᠶᠢ ᠨᠡᠶᠢᠲᠡᠯᠡᠵᠦ ᠪᠣᠯᠬᠤ ᠦᠭᠡᠢ

ᠮᠠᠰᠢ ᠣᠯᠠᠨ ᠬᠥᠮᠦᠨ ᠠᠵᠢᠯ ᠢᠶᠠᠷ ᠭᠠᠷᠬᠤ᠂ ᠵᠢᠭᠤᠯᠴᠢᠯᠠᠬᠤ ᠳᠠᠭᠠᠨ ᠭᠠᠯᠲᠤ ᠲᠡᠷᠭᠡᠨ ᠤ ᠪᠢᠯᠧᠲ᠂ ᠨᠢᠰᠭᠡᠯ ᠳᠤ ᠭᠠᠷᠬᠤ ᠫᠠᠢᠰᠠ ᠵᠡᠷᠭᠡ ᠪᠠᠨ ᠰᠡᠭᠦᠳᠡᠷᠯᠡᠵᠦ᠂ ᠨᠠᠶᠢᠵᠠ ᠶᠢᠨ ᠲᠣᠭᠤᠷᠢᠭ ᠲᠤ ᠪᠠᠨ ᠨᠡᠶᠢᠲᠡᠯᠡᠬᠦ ᠳᠤᠷᠠᠲᠠᠢ ᠪᠠᠶᠢᠳᠠᠭ᠃ ᠥᠪᠡᠷ ᠢ ᠪᠠᠨ ᠬᠠᠮᠠᠭᠠᠯᠠᠬᠤ ᠤᠬᠠᠮᠰᠠᠷ ᠨᠢ ᠴᠢᠩᠭ᠎ᠠ ᠵᠠᠷᠢᠮ ᠬᠥᠮᠥᠨ ᠨᠢ ᠣᠪᠣᠭ ᠨᠡᠷ᠎ᠡ ᠶᠢ ᠪᠠᠯᠠᠷᠬᠠᠢ ᠪᠣᠯᠭᠠᠵᠤ ᠨᠡᠶᠢᠲᠡᠯᠡᠳᠡᠭ᠂ ᠭᠡᠪᠡᠴᠦ ᠫᠢᠶᠣᠣ ᠳᠡᠭᠡᠷᠡᠬᠢ ᠠᠭᠤᠯᠭ᠎ᠠ ᠶᠢ ᠠᠩᠬᠠᠷᠳᠠᠭ ᠦᠭᠡᠢ᠃

ᠣᠨᠴᠠᠭᠠᠶᠢᠯᠠᠨ ᠰᠠᠨᠠᠭᠤᠯᠬᠤ ᠴᠢᠬᠤᠯᠠ ᠲᠠᠢ ᠵᠦᠢᠯ ᠭᠡᠪᠡᠯ᠂ ᠨᠢᠰᠬᠡᠯ ᠤᠨ ᠪᠢᠯᠧᠲ ᠪᠣᠯᠣᠨ ᠭᠠᠯᠲᠤ ᠲᠡᠷᠭᠡᠨ ᠤ ᠪᠢᠯᠧᠲ ᠤᠨ ᠵᠢᠷᠤᠭᠠᠰᠤᠨ ᠲᠡᠮᠳᠡᠭ ᠪᠤᠶᠤ ᠬᠤᠶᠠᠷ ᠬᠡᠮᠵᠢᠯᠳᠦ ᠺᠣᠳ᠋ ᠳᠤ ᠠᠶᠠᠨᠴᠢᠳ ᠤᠨ ᠬᠤᠪᠢ ᠬᠥᠮᠥᠨ ᠤ ᠪᠡᠶ᠎ᠡ ᠶᠢᠨ ᠦᠨᠡᠮᠯᠡᠯ ᠤᠨ ᠨᠣᠮᠧᠷ ᠵᠡᠷᠭᠡ ᠮᠡᠳᠡᠭᠡ ᠵᠠᠩᠭᠢ ᠠᠭᠤᠯᠤᠭᠳᠠᠵᠤ᠂ ᠬᠤᠪᠢ ᠬᠥᠮᠥᠨ ᠤ ᠮᠡᠳᠡᠭᠡ ᠵᠠᠩᠭᠢ ᠨᠢ ᠳᠡᠭᠡᠳᠦ ᠰᠢᠨᠵᠢᠯᠡᠬᠦ ᠤᠬᠠᠭᠠᠨ ᠮᠡᠷᠭᠡᠵᠢᠯ ᠢᠶᠠᠷ ᠬᠤᠯᠠᠭᠠᠶᠢᠯᠠᠭᠳᠠᠬᠤ ᠪᠣᠯᠣᠯᠴᠠᠭ᠎ᠠ ᠲᠠᠢ᠃

ᠡᠶᠢᠮᠦ ᠠᠴᠠ᠂ ᠠᠮᠤᠷ ᠲᠦᠪᠰᠢᠨ ᠤ ᠲᠥᠯᠥᠭᠡ᠂ ᠨᠢᠰᠭᠡᠯ ᠳᠤ ᠭᠠᠷᠬᠤ ᠫᠠᠶᠢᠰᠠ ᠶᠢ ᠨᠠᠶᠢᠵᠠ ᠶᠢᠨ ᠲᠣᠭᠤᠷᠢᠭ ᠲᠤ ᠨᠡᠶᠢᠲᠡᠯᠡᠵᠦ ᠪᠣᠯᠬᠤ ᠦᠭᠡᠢ ᠮᠥᠷᠲᠡᠭᠡᠨ ᠪᠠᠰᠠ ᠳᠤᠷ᠎ᠠ ᠪᠠᠷ ᠬᠠᠶᠠᠵᠤ ᠪᠣᠯᠬᠤ ᠦᠭᠡᠢ᠂ ᠬᠠᠮᠤᠭ ᠲᠣᠬᠢᠷᠠᠮᠵᠢᠲᠠᠢ ᠰᠢᠢᠳᠪᠦᠷᠢᠯᠡᠬᠦ ᠠᠷᠭ᠎ᠠ ᠪᠣᠯ ᠤᠷᠠᠵᠤ ᠬᠠᠶᠠᠨ᠎ᠠ︕

ᠫᠠᠰᠫᠣᠷᠲ᠂ ᠡᠭᠦᠳᠡᠨ ᠲᠦᠯᠬᠢᠭᠦᠷ᠂ ᠲᠡᠷᠭᠡᠨ ᠤ ᠫᠠᠶᠢᠰᠠ ᠶᠢ ᠨᠡᠶᠢᠲᠡᠯᠡᠵᠦ ᠪᠣᠯᠬᠤ ᠦᠭᠡᠢ

ᠡᠳᠡᠭᠡᠷ ᠮᠡᠳᠡᠭᠡ ᠵᠠᠩᠭᠢ ᠠᠭᠤᠯᠤᠭᠰᠠᠨ ᠭᠡᠷᠡᠯ ᠵᠢᠷᠤᠭ ᠲᠠᠨ ᠤ ᠣᠨᠴᠠᠭᠠᠢ ᠴᠠᠭ ᠬᠤᠭᠤᠴᠠᠭᠠᠨ ᠳᠤ ᠪᠠᠶᠢᠭ᠎ᠠ ᠣᠨᠴᠠᠭᠠᠢ ᠪᠠᠶᠢᠷᠢᠰᠢᠯ ᠵᠢᠴᠢ ᠠᠮᠢᠳᠤᠷᠠᠯ ᠤᠨ ᠬᠦᠷᠢᠶ᠎ᠡ ᠬᠡᠪᠴᠢᠶ᠎ᠡ ᠶᠢ ᠵᠠᠳᠠᠷᠠᠭᠤᠯᠬᠤ ᠪᠣᠯᠤᠨ᠎ᠠ᠃

ᠣᠷᠣᠨ ᠪᠠᠶᠢᠷᠢᠰᠢᠯ ᠢᠶᠠᠨ ᠨᠡᠶᠢᠲᠡᠯᠡᠵᠦ ᠪᠣᠯᠬᠤ ᠦᠭᠡᠢ

ᠴᠠᠭᠠᠨ ᠰᠠᠷ᠎ᠠ ᠶᠢᠨ ᠬᠤᠭᠤᠴᠠᠭᠠᠨ ᠳᠤ ᠶᠡᠬᠡᠩᠬᠢ ᠬᠦᠮᠦᠰ ᠨᠤᠲᠤᠭ ᠪᠤᠴᠠᠳᠠᠭ᠃

ᠬᠡᠷᠪᠡ ᠨᠠᠶᠢᠵᠠ ᠶᠢᠨ ᠲᠣᠭᠤᠷᠢᠭ ᠲᠤ ᠣᠷᠣᠨ ᠪᠠᠶᠢᠷᠢᠰᠢᠯ ᠲᠠᠢ ᠮᠡᠳᠡᠭᠡ ᠵᠠᠩᠭᠢ ᠶᠢ ᠨᠡᠶᠢᠲᠡᠯᠡᠪᠡᠯ᠂ ᠮᠠᠰᠢ ᠦᠨᠡᠨ ᠪᠣᠳᠠᠲᠠᠢ ᠬᠤᠪᠢ ᠬᠥᠮᠥᠨ ᠤ ᠮᠡᠳᠡᠭᠡ ᠵᠠᠩᠭᠢ ᠶᠢ ᠢᠯᠡᠷᠡᠭᠦᠯᠵᠦ᠂ ᠮᠠᠭᠤ ᠬᠥᠮᠥᠨ ᠳᠤ ᠠᠰᠢᠭᠯᠠᠭᠳᠠᠨ᠎ᠠ᠃

ᠬᠡᠦᠬᠡᠳ ᠤᠨ ᠰᠡᠭᠦᠳᠡᠷ ᠪᠠ ᠨᠡᠷ᠎ᠡ ᠶᠢ ᠨᠡᠶᠢᠲᠡᠯᠡᠵᠦ ᠪᠣᠯᠬᠤ ᠦᠭᠡᠢ

ᠪᠣᠳᠠᠲᠤ ᠠᠬᠤᠢ ᠳᠤᠮᠳᠠ᠂ ᠮᠠᠰᠢ ᠣᠯᠠᠨ ᠮᠡᠬᠡᠯᠡᠭᠴᠢ ᠨᠢ ᠬᠤᠣᠷᠯᠠᠭᠳᠠᠭᠴᠢ ᠲᠠᠢ ᠲᠠᠨᠢᠯᠴᠠᠬᠤ ᠦᠭᠡᠢ᠂ ᠲᠡᠭᠡᠪᠡᠯ ᠶᠠᠭᠠᠬᠢᠭᠠᠳ ᠬᠡᠦᠬᠡᠳ ᠪᠣᠯᠣᠨ ᠡᠵᠢ ᠶᠢᠨ ᠬᠢᠨ ᠨᠡᠷ᠎ᠡ ᠶᠢ ᠬᠡᠯᠡᠵᠦ ᠭᠠᠷᠭᠠᠵᠤ ᠳᠡᠶᠢᠯᠳᠡᠭ ᠪᠣᠢ︖ ᠲᠡᠳᠡᠨ ᠳᠤ ᠶᠠᠭᠠᠬᠢᠭᠠᠳ ᠪᠠᠰᠠ ᠬᠤᠶᠠᠭᠤᠯᠠ ᠶᠢᠨ ᠰᠡᠭᠦᠳᠡᠷ ᠪᠠᠶᠢᠳᠠᠭ ᠪᠤᠢ ᠭᠡᠪᠡᠯ ᠰᠢᠯᠲᠠᠭᠠᠨ ᠨᠢ ᠳᠠᠷᠤᠢ ᠸᠢᠴᠠᠲ ᠳᠤᠮᠳᠠᠬᠢ ︽ᠣᠶᠢᠷ᠎ᠠ ᠬᠠᠪᠢ ᠶᠢᠨ ᠬᠦᠮᠦᠨ︾ ᠭᠡᠬᠦ ᠴᠢᠳᠠᠮᠵᠢ ᠳᠤ ᠪᠠᠶᠢᠨ᠎ᠠ᠃

ᠬᠡᠦᠬᠡᠳ ᠤᠨ ᠭᠡᠷᠡᠯ ᠵᠢᠷᠤᠭ ᠢᠶᠠᠨ ᠨᠡᠶᠢᠲᠡᠯᠡᠬᠦ ᠳᠤᠷᠠᠲᠠᠢ ᠠᠪᠤ ᠡᠵᠢ ᠨᠠᠷ᠂ ᠬᠤᠪᠢᠶᠠᠯᠴᠠᠬᠤ ᠬᠦᠷᠢᠶ᠎ᠡ ᠬᠡᠪᠴᠢᠶ᠎ᠡ ᠶᠢ ᠬᠢᠵᠠᠭᠠᠷᠯᠠᠵᠤ᠂ ᠳᠤᠭᠤᠶᠢᠯᠠᠩ ᠬᠤᠪᠢᠶᠠᠭᠰᠠᠨ ᠬᠡᠯᠪᠡᠷᠢ ᠪᠠᠷ ᠲᠥᠷᠥᠯ ᠰᠠᠳᠤᠨ ᠳᠠᠭᠠᠨ ᠬᠤᠪᠢᠶᠠᠨ ᠥᠭᠴᠦ ᠦᠵᠡᠭᠦᠯᠵᠦ ᠪᠣᠯᠣᠨ᠎ᠠ᠃

ᠨᠠᠰᠤᠲᠠᠨ ᠤ ᠪᠠᠨ ᠰᠡᠭᠦᠳᠡᠷ ᠢ ᠨᠡᠶᠢᠲᠡᠯᠡᠵᠦ ᠪᠣᠯᠬᠤ ᠦᠭᠡᠢ

ᠨᠠᠰᠤᠲᠠᠨ ᠤ ᠰᠡᠭᠦᠳᠡᠷ ᠢᠶᠠᠨ ᠨᠡᠶᠢᠲᠡᠯᠡᠬᠦ ᠨᠢ ᠮᠠᠭᠤ ᠬᠥᠮᠥᠨ ᠳᠤ ᠨᠡᠩ ᠠᠮᠠᠷᠬᠠᠨ ᠠᠰᠢᠭᠯᠠᠭᠳᠠᠨ᠎ᠠ᠃ ᠬᠡᠷᠪᠡ ᠶᠠᠮᠠᠷ ᠨᠢᠭᠡᠨ ᠬᠥᠮᠦᠨ ᠭᠡᠨᠡᠳᠲᠡ ᠨᠠᠰᠤᠲᠠᠨ ᠤ ᠣᠮᠪᠣᠯ ᠤᠨ ᠬᠢᠨ ᠨᠡᠷ᠎ᠡ ᠶᠢ ᠬᠡᠯᠡᠵᠦ ᠭᠠᠷᠭᠠᠭᠠᠳ᠂ ᠳᠠᠬᠢᠭᠠᠳ ᠶᠠᠮᠠᠷ ᠨᠢᠭᠡᠨ ᠬᠤᠳᠠᠯ ᠦᠭᠡ ᠲᠠᠢ ᠬᠠᠪᠰᠤᠷᠭᠠᠪᠠᠯ ᠨᠠᠰᠤᠲᠠᠨ ᠤ ᠬᠠᠳᠠᠭᠠᠯᠠᠮᠵᠢ ᠶᠢ ᠮᠠᠰᠢ ᠳᠥᠭᠦᠮᠬᠡᠨ ᠮᠡᠬᠡᠯᠡᠴᠢᠬᠡᠨ᠎ᠡ᠃

ᠡᠳᠦᠷ ᠳᠤᠲᠤᠮ ᠤᠨ ᠦᠢᠯᠡ ᠠᠵᠢᠯᠯᠠᠭ᠎ᠠ ᠳᠤ ᠪᠠᠨ ᠰᠡᠷᠡᠮᠵᠢᠯᠡᠬᠦ ᠬᠡᠷᠡᠭᠲᠡᠢ

ᠭᠠᠳᠠᠭᠰᠢ ᠭᠠᠷᠬᠤ ᠳᠤ ᠪᠠᠨ

ᠬᠡᠵᠢᠶ᠎ᠡ᠂ ᠬᠠᠮᠢᠶ᠎ᠠ ᠶᠠᠪᠤᠬᠤ ᠵᠡᠷᠭᠡ ᠮᠡᠳᠡᠭᠡ ᠵᠠᠩᠭᠢ ᠶᠢ ᠠᠯᠢ ᠴᠢᠳᠠᠬᠤ ᠪᠠᠷ ᠵᠠᠳᠠᠷᠠᠭᠤᠯᠵᠤ ᠪᠣᠯᠬᠤ ᠥᠬᠡᠢ᠂ ᠬᠤᠯᠠᠭᠠᠶᠢᠴᠢ ᠬᠤᠯᠠᠭᠠᠶᠢᠯᠠᠬᠤ ᠶᠢ ᠰᠡᠷᠭᠡᠶᠢᠯᠡᠬᠦ ᠬᠡᠷᠡᠭᠲᠡᠢ᠃

ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠤᠨ ᠵᠢᠭᠤᠯᠴᠢᠯᠠᠯ

ᠬᠡᠷᠪᠡ ᠬᠥᠮᠦᠰ ᠰᠢᠬᠠᠯᠳᠤᠬᠤ᠂ ᠵᠠᠮ ᠪᠥᠭᠯᠡᠷᠡᠬᠦ᠂ ᠵᠠᠮ ᠬᠠᠷᠢᠯᠴᠠᠭᠠᠨ ᠤ ᠠᠳᠡᠯ ᠭᠠᠷᠬᠤ ᠵᠡᠷᠭᠡ ᠠᠰᠠᠭᠤᠳᠠᠯ ᠲᠤᠯᠭᠠᠷᠠᠪᠠᠯ᠂ ᠦᠨᠡᠨ ᠪᠣᠳᠠᠲᠠᠶ ᠪᠠᠶᠢᠳᠠᠯ ᠢ ᠨᠢ ᠮᠡᠳᠡᠬᠦ ᠠᠴᠠ ᠡᠮᠦᠨ᠎ᠡ ᠰᠣᠬᠤᠷ ᠪᠠᠯᠠᠶ ᠪᠠᠷ ᠲᠠᠷᠬᠠᠭᠠᠨ ᠳᠠᠮᠵᠢᠭᠤᠯᠵᠤ ᠪᠣᠯᠬᠤ ᠦᠭᠡᠶ᠃

ᠰᠡᠳᠬᠢᠯᠭᠡ ᠶᠢᠨ ᠠᠰᠠᠭᠤᠳᠠᠯ

ᠰᠡᠳᠬᠢᠯᠭᠡ ᠶᠢᠨ ᠲᠠᠯ᠎ᠠ ᠪᠠᠷ ᠬᠢ ᠳᠤᠷ᠎ᠠ ᠦᠭᠡᠶᠢᠴᠡᠭᠰᠡᠨ ᠵᠡᠷᠭᠡ ᠮᠡᠳᠡᠭᠡ ᠵᠠᠩᠭᠢ ᠶᠢ ᠴᠦ ᠪᠠᠭ᠎ᠠ ᠨᠡᠶᠢᠲᠡᠯᠡᠪᠡᠯ ᠵᠣᠬᠢᠨ᠎ᠠ᠃ ᠡᠨᠡ ᠨᠢ ᠴᠤ ᠣᠨᠳᠣᠣ ᠰᠠᠨᠠᠭ᠎ᠠ ᠪᠦᠬᠦᠢ ᠬᠥᠮᠥᠨ ᠳᠤ ᠠᠰᠢᠭᠯᠠᠭᠳᠠᠵᠤ ᠮᠡᠳᠡᠬᠦ ᠪᠥᠭᠡᠳ ᠬᠥᠮᠥᠨ ᠤ ᠬᠤᠭᠤᠷᠣᠨᠳᠤᠬᠢ ᠬᠠᠷᠢᠴᠠᠭ᠎ᠠ ᠶᠢ ᠨᠥᠯᠥᠭᠡᠯᠡᠵᠦ ᠮᠡᠳᠡᠨ᠎ᠡ᠃

ᠭᠠᠷ ᠤᠲᠠᠰᠤ ᠶᠢᠨ ᠡᠳᠡᠭᠡᠷ ᠴᠢᠳᠠᠮᠵᠢ ᠶᠢ ᠡᠵᠡᠮᠰᠢᠭᠡᠷᠡᠢ

︽ᠣᠶᠢᠷ᠎ᠠ ᠬᠠᠪᠢ ᠶᠢᠨ ᠬᠥᠮᠦᠨ︾  ᠴᠢᠳᠠᠮᠵᠢ ᠪᠠᠨ ᠬᠠᠭᠠᠭᠠᠷᠠᠢ

ᠸᠢᠴᠠᠲ ᠳᠡᠭᠡᠷᠡᠬᠢ ︽ᠣᠶᠢᠷ᠎ᠠ ᠬᠠᠪᠢ ᠶᠢᠨ ᠬᠥᠮᠦᠨ︾ ᠴᠢᠳᠠᠮᠵᠢ ᠨᠢ ᠴᠢᠨᠦ ᠪᠠᠶᠢᠷᠢᠰᠢᠯ ᠢ‌‍ᠲ᠋ᠣᠭᠲᠠᠭᠠᠵᠤ ᠪᠣᠯᠤᠨ᠎ᠠ᠃ ︽ᠪᠠᠶᠢᠷᠢᠰᠢᠯ - ᠨᠡᠶᠢᠳᠡᠮ ᠬᠡᠷᠡᠭᠯᠡᠬᠦ — ᠣᠯᠵᠤ ᠮᠡᠳᠡᠬᠦ ᠨᠢᠭᠤᠷ ᠤᠨ ᠬᠠᠮᠢᠶᠠᠷᠤᠯᠲᠠ — ᠣᠶᠢᠷ᠎ᠠ ᠬᠠᠪᠢ ᠶᠢᠨ ᠬᠥᠮᠥᠨ︾ ᠭᠡᠬᠦ ᠳᠡᠰ ᠳᠠᠷᠠᠭᠠᠯᠠᠯ ᠢᠶᠠᠷ ︽ᠣᠯᠵᠤ ᠮᠡᠳᠡᠬᠦ ᠨᠢᠭᠤᠷ ᠤᠨ ᠣᠷᠣᠬᠤ ᠡᠭᠦᠳᠡ︾ ᠶᠢ ᠬᠠᠭᠠᠭᠠᠷᠠᠢ᠃

︽ᠨᠡᠩᠵᠢᠬᠦ ᠶᠢ ᠵᠥᠪᠰᠢᠶᠡᠷᠡᠬᠦ︾ ᠴᠢᠳᠠᠮᠵᠢ ᠪᠠᠨ ᠬᠠᠭᠠᠭᠠᠷᠠᠢ

ᠸᠢᠴᠠᠲ ᠤᠨ ︽ᠬᠤᠪᠢ ᠶᠢᠨ ᠨᠢᠭᠤᠴᠠ︾ ᠳᠤ᠂ ︽QQ ᠪᠠᠷ ᠳᠠᠮᠵᠢᠨ ᠨᠠᠮᠠᠶᠢ ᠬᠠᠶᠢᠬᠤ︾ ᠪᠠ ︽ᠭᠠᠷ ᠤᠲᠠᠰᠤᠨ ᠨᠣᠮᠧᠷ ᠢᠶᠠᠷ ᠲᠠᠮᠵᠢᠨ ᠨᠠᠮᠠᠶᠢ ᠬᠠᠶᠢᠬᠤ︾ ᠶᠢ ᠬᠠᠭᠠᠭᠠᠷᠠᠢ᠃

︽ᠪᠠᠶᠢᠴᠠᠭᠠᠨ ᠦᠵᠡᠬᠦ ᠶᠢ ᠵᠥᠪᠰᠢᠶᠡᠷᠡᠨ᠎ᠡ︾ ᠴᠢᠳᠠᠮᠵᠢ ᠪᠠᠨ ᠬᠠᠭᠠᠭᠠᠷᠠᠢ

ᠸᠢᠴᠠᠲ ᠤᠨ ︽ᠬᠤᠪᠢ ᠶᠢᠨ ᠨᠢᠭᠤᠴᠠ︾ ᠳᠠᠬᠢ ︽ᠲᠠᠨᠢᠯ ᠪᠤᠰᠤ ᠬᠥᠮᠦᠨ ᠠᠷᠪᠠᠨ ᠵᠤᠷᠪᠤᠰ ᠨᠠᠶᠢᠵᠠ ᠶᠢᠨ ᠲᠣᠭᠤᠷᠢᠭ ᠢ ᠪᠠᠶᠢᠴᠠᠭᠠᠨ ᠦᠵᠡᠬᠦ ᠶᠢ ᠵᠥᠪᠰᠢᠶᠡᠷᠡᠨ᠎ᠡ︾ ᠶᠢ ᠬᠠᠭᠠᠭᠠᠷᠠᠢ᠃

ᠭᠠᠷ ᠤᠲᠠᠰᠤ ᠪᠠᠨ ᠭᠡᠭᠡᠪᠡᠯ ᠪᠦᠦ ᠰᠠᠨᠳᠤᠷ ᠡ

ᠡᠵᠡᠩᠨᠡᠯᠲᠡ ᠶᠢᠨ ᠠᠷᠠᠯᠵᠢᠶᠠᠴᠢᠨ ︵ᠳᠤᠮᠳᠠᠳᠤ ᠤᠯᠤᠰ ᠤᠨ ᠴᠠᠬᠢᠯᠭᠠᠨ ᠬᠤᠯᠪᠣᠭ᠎ᠠ 10000᠂ ᠳᠤᠮᠳᠠᠳᠤ ᠤᠯᠤᠰ ᠤᠨ ᠰᠢᠯᠵᠢᠮᠡᠯ ᠬᠤᠯᠪᠣᠭ᠎ᠠ 10086᠂  ᠳᠤᠮᠳᠠᠳᠤ ᠤᠯᠤᠰ ᠤᠨ ᠨᠢᠭᠡᠳᠦᠭᠰᠡᠨ ᠬᠤᠯᠪᠣᠭ᠎ᠠ 10010︶ ᠳᠤ ᠤᠲᠠᠰᠤᠳᠠᠵᠤ᠂ ᠭᠠᠷ ᠤᠲᠠᠰᠤ ᠪᠠᠨ ᠭᠡᠭᠡᠭᠰᠡᠨ ᠢᠶᠠᠨ ᠳᠠᠩᠰᠠᠯᠠᠭᠤᠯᠤᠨ᠎ᠠ︔ ᠪᠠᠩᠬᠢ ᠳᠤ ᠤᠲᠠᠰᠤᠳᠠᠵᠤ ᠰᠦᠯᠵᠢᠶᠡᠨ ᠤ ᠮᠥᠩᠭᠦ ᠪᠠᠨ ᠴᠡᠪᠳᠡᠭᠯᠡᠭᠦᠯᠦᠨ᠎ᠡ︔ ᠲᠣᠭᠠᠴᠠᠭ᠎ᠠ ᠬᠢᠬᠦ ᠡᠷᠳᠡᠨᠢ ᠶᠢ ᠲᠠᠶᠢᠯᠬᠤ 95188︔ ᠸᠢᠴᠠᠲ ᠢ ᠲᠠᠶᠢᠯᠬᠤ 110.qq. com᠃

ᠢᠷᠡᠯᠲᠡ᠄ ᠲᠤᠮᠳᠠᠳᠤ ᠤᠯᠤᠰ ᠤᠨ ᠬᠠᠤᠯᠢ ᠲᠦᠭᠡᠮᠡᠯᠵᠢᠯ