2024 ᠣᠨ ᠤ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ᠤᠨ ᠪᠠᠶᠠᠷ ᠤᠨ ᠡᠳᠦᠷ ᠤᠨ ᠢᠳᠡᠭᠡᠨ ᠤᠮᠳᠠᠭᠠᠨ ᠤ ᠬᠡᠷᠡᠭᠯᠡᠭᠡᠨ ᠤ ᠰᠠᠨᠠᠭᠤᠯᠤᠮᠵᠢ
ᠨᠡᠶᠢᠲᠡᠯᠡᠭᠰᠡᠨ ᠴᠠᠭ᠄
2024/2/23

ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ᠤᠨ ᠪᠠᠶᠠᠷ ᠪᠣᠯ ᠳᠤᠮᠳᠠᠳᠤ ᠤᠯᠤᠰ ᠤᠨ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠳᠠᠷᠠᠭᠠᠬᠢ ᠠᠩᠬᠠᠳᠠᠭᠴᠢ ᠴᠢᠬᠤᠯᠠ ᠪᠠᠶᠠᠷ ᠤᠨ ᠡᠳᠦᠷ ᠪᠣᠯᠤᠨ᠎ᠠ᠂ ᠥᠩᠭᠡᠲᠦ ᠳ᠋ᠧᠩᠯᠦ᠂ ᠳ᠋ᠧᠩᠯᠦ ᠶᠢᠨ ᠣᠨᠢᠰᠤᠭ᠎ᠠ ᠲᠠᠭᠠᠬᠤ ᠵᠡᠷᠭᠡ ᠬᠥᠳᠡᠯᠭᠡᠭᠡᠨ ᠠᠴᠠ ᠭᠠᠳᠠᠨ᠎ᠠ᠂ ︽ᠴᠠᠰᠤᠨ ᠪᠥᠮᠪᠦᠭᠡ︾ ᠮᠡᠲᠦ ᠥᠯᠵᠡᠶᠢᠲᠦ ᠪᠣᠤᠪᠤ ᠠᠮᠲᠠᠯᠠᠵᠤ᠂ ᠪᠠᠶᠠᠷ ᠤᠨ ᠡᠳᠦᠷ ᠲᠤ ᠨᠡᠩ ᠤᠯᠠᠨ ᠪᠠᠶᠠᠷ ᠪᠠᠭ᠋ᠠᠳᠤᠯ ᠨᠡᠮᠡᠷᠢᠯᠡᠪᠡ᠃ ᠵᠠᠬ᠎ᠠ ᠳᠡᠯᠭᠡᠭᠦᠷ ᠳᠡᠭᠡᠷᠡᠬᠢ ᠬᠠᠷᠠᠭ᠎ᠠ ᠳᠦᠭᠦᠷᠡᠩ ᠦᠢᠯᠡᠳᠬᠦᠨ ᠢ ᠬᠡᠷᠡᠭᠯᠡᠭᠴᠢᠳ ᠬᠡᠷᠬᠢᠨ ᠰᠣᠩᠭᠤᠵᠤ ᠬᠤᠳᠠᠯᠳᠤᠨ ᠠᠪᠬᠤ ᠪᠤᠢ︖ ᠦᠢᠯᠡᠳᠬᠦᠨ ᠤ ᠲᠡᠮᠳᠡᠭ ᠢ ᠦᠵᠡᠵᠦ ᠲᠠᠨᠢᠬᠤ ᠲᠠᠯ᠎ᠠ ᠠᠴᠠ ᠳᠤᠤᠷᠠᠬᠢ ᠮᠡᠲᠦ ᠬᠡᠷᠡᠭᠯᠡᠭᠡᠨ ᠤ ᠰᠠᠨᠠᠭᠤᠯᠤᠮᠵᠢ ᠥᠭᠭᠦᠶ᠎ᠡ᠃

︽ᠥᠯᠵᠡᠶᠢᠲᠦ ᠪᠣᠭᠤᠷᠰᠤᠭ︾ ᠪᠤᠯᠤᠨ ︽ᠥᠯᠵᠡᠶᠢᠲᠦ ᠪᠣᠤᠪᠤ︾ ᠬᠡᠬᠦ ᠲᠦᠭᠦᠬᠡᠢ ᠮᠠᠲ᠋ᠧᠷᠢᠶᠠᠯ᠂ ᠨᠠᠶᠢᠷᠠᠯᠭ᠎ᠠ ᠨᠢ ᠦᠨᠲᠦᠰᠦᠨ ᠳᠤ ᠪᠠᠨ ᠠᠳᠠᠯᠢᠬᠠᠨ ᠪᠤᠯᠪᠠᠴᠦ ᠤᠶᠢᠯᠡᠳᠬᠦ ᠮᠡᠷᠭᠡᠵᠢᠯ ᠨᠢ ᠵᠢᠭᠠᠬᠠᠨ ᠠᠳᠠᠯᠢ ᠪᠤᠰᠤ ᠪᠠᠶᠢᠵᠦ᠂ ᠠᠮᠲᠠ ᠨᠢ ᠴᠦ ᠢᠯᠭᠠᠭ᠎ᠠ ᠲᠠᠢ ᠪᠠᠶᠢᠳᠠᠭ᠃ ᠬᠡᠷᠡᠭᠯᠡᠭᠴᠢᠳ ᠥᠪᠡᠷ ᠤᠨ ᠳᠤᠷ᠎ᠠ ᠪᠠᠬ᠎ᠠ ᠪᠠᠨ ᠦᠨᠳᠦᠰᠦᠯᠡᠨ᠂ ᠦᠢᠯᠡᠳᠬᠦᠨ ᠤ ᠳᠡᠭᠡᠷᠡᠬᠢ ᠨᠡᠷ᠎ᠡ ᠶᠢ ᠦᠨᠳᠦᠰᠦᠯᠡᠨ᠂ ᠰᠣᠩᠭᠤᠵᠤ ᠬᠤᠳᠠᠯᠳᠤᠨ ᠠᠪᠴᠤ ᠪᠣᠯᠣᠨ᠎ᠠ᠃

ᠱᠤᠰᠢᠭ᠎ᠠ ᠶᠢᠨ ᠮᠡᠳᠡᠭᠡ ᠵᠠᠩᠭᠢ ᠨᠢ ᠪᠦᠷᠢᠨ ᠭᠦᠢᠴᠡᠳ ᠪᠠᠶᠢᠵᠤ᠂ ︽9 +︾ ᠵᠦᠢᠯ ᠳᠤᠲᠠᠭᠳᠠᠵᠤ ᠪᠣᠯᠤᠰᠢ ᠦᠭᠡᠢ

︽ᠢᠳᠡᠭᠡᠨ ᠤ ᠠᠮᠤᠷ ᠲᠦᠪᠰᠢᠨ ᠤ ᠤᠯᠤᠰ ᠤᠨ ᠪᠠᠷᠢᠮᠵᠢᠶ᠎ᠠ ᠶᠢᠨ ᠤᠷᠢᠳᠴᠢᠯᠠᠨ ᠪᠣᠭᠤᠳᠠᠯᠯᠠᠬᠤ ᠢᠳᠡᠭᠡᠨ ᠤ ᠱᠣᠰᠢᠭ᠎ᠠ ᠶᠢᠨ ᠶᠡᠷᠦᠩᠬᠡᠶ ᠳᠦᠷᠢᠮ︾ ︵GB7718 — 2011︶ ᠤᠨ ᠱᠠᠭᠠᠷᠳᠠᠯᠭ᠎ᠠ ᠶᠣᠰᠣᠭᠠᠷ᠂ ᠬᠡᠷᠡᠭᠯᠡᠭᠴᠢᠳ ᠲᠤ ᠰᠢᠭᠤᠳ ᠬᠠᠩᠭᠠᠭᠰᠠᠨ ᠤᠷᠢᠳᠴᠢᠯᠠᠨ ᠪᠣᠭᠤᠳᠠᠯᠯᠠᠭᠰᠠᠨ ᠢᠳᠡᠭᠡᠨ ᠤ ᠱᠣᠰᠢᠭ᠎ᠠ ᠳᠤ᠄ ᠢᠳᠡᠭᠡᠨ ᠤ ᠨᠡᠷᠡᠶᠢᠳᠦᠯ᠂ ᠨᠠᠶᠢᠷᠠᠯᠭ᠎ᠠ ᠶᠢᠨ ᠬᠦᠰᠦᠨᠦᠭᠲᠦ᠂ ᠴᠡᠪᠡᠷ ᠠᠭᠤᠯᠤᠭᠳᠠᠴᠠ ᠪᠠ ᠪᠠᠷᠢᠮᠵᠢᠶ᠎ᠠ᠂ ᠦᠢᠯᠡᠳᠪᠦᠷᠢᠯᠡᠭᠴᠢ ᠪᠣᠯᠤᠨ ︵ᠪᠤᠶᠤ︶ ᠪᠣᠷᠣᠯᠠᠭᠤᠯᠤᠭᠴᠢ ᠶᠢᠨ ᠨᠡᠷᠡᠶᠢᠳᠦᠯ᠂ ᠬᠠᠶ᠋ᠢᠭ ᠪᠣᠯᠤᠨ ᠬᠠᠷᠢᠯᠴᠠᠬᠤ ᠠᠷᠭ᠎ᠠ ᠮᠠᠶ᠋ᠢᠭ᠂ ᠦᠢᠯᠡᠳᠪᠦᠷᠢᠯᠡᠭᠰᠡᠨ ᠡᠳᠦᠷ ᠬᠤᠭᠤᠴᠠᠭ᠎ᠠ ᠪᠣᠯᠤᠨ ᠴᠢᠨᠠᠷ ᠢ ᠪᠠᠲᠤᠯᠠᠬᠤ ᠬᠤᠭᠤᠴᠠᠭ᠎ᠠ᠂ ᠬᠠᠳᠠᠭᠠᠯᠠᠬᠤ ᠨᠥᠬᠦᠴᠡᠯ᠂ ᠢᠳᠡᠭᠡᠨ ᠦᠢᠯᠡᠳᠪᠦᠷᠢᠯᠡᠬᠦ ᠵᠥᠪᠰᠢᠶᠡᠷᠡᠯ ᠤᠨ ᠦᠨᠡᠮᠯᠡᠯ ᠤᠨ ᠨᠣᠮᠧᠷ᠂ ᠦᠢᠯᠡᠳᠬᠦᠨ ᠤ ᠪᠠᠷᠢᠮᠵᠢᠶ᠎ᠠ ᠶᠢᠨ ᠣᠷᠣᠯᠠᠬᠤ ᠨᠣᠮᠧᠷ ᠵᠡᠷᠭᠡ 9 ᠶᠡᠭᠡ ᠲᠥᠷᠥᠯ ᠵᠦᠢᠯ ᠵᠢᠴᠢ ᠪᠤᠰᠤᠳ ᠲᠣᠳᠣᠷᠬᠠᠶᠢᠯᠠᠬᠤ ᠴᠢᠬᠤᠯᠠᠲᠠᠶ ᠠᠭᠤᠯᠭ᠎ᠠ ᠶᠢ ᠪᠠᠭᠲᠠᠭᠠᠨ᠎ᠠ᠃

ᠬᠡᠲᠦ ᠳᠡᠯᠭᠡᠭᠦᠷ ᠵᠡᠷᠭᠡ ᠵᠢᠩᠬᠢᠨᠢ ᠢᠳᠡᠭᠡᠨ ᠪᠣᠷᠣᠯᠠᠭᠤᠯᠬᠤ ᠲᠠᠯᠠᠪᠤᠷ ᠲᠤ ᠪᠣᠷᠣᠯᠠᠭᠤᠯᠬᠤ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠨᠢ᠂ ᠱᠣᠰᠢᠭ᠎ᠠ ᠳᠡᠭᠡᠷ᠎ᠡ ᠪᠠᠨ ᠳᠡᠭᠡᠷ᠎ᠡ ᠳᠤᠷᠠᠳᠤᠭᠰᠠᠨ ᠮᠡᠳᠡᠭᠡ ᠵᠠᠩᠭᠢ ᠶᠢ ᠪᠠᠭᠲᠠᠭᠠᠬᠤ ᠬᠡᠷᠡᠭᠲᠡᠶ᠃ ᠬᠡᠷᠡᠭᠯᠡᠭᠴᠢᠳ ᠱᠣᠰᠢᠭ᠎ᠠ ᠦᠭᠡᠶ ᠪᠤᠶᠤ ᠱᠣᠰᠢᠭ᠎ᠠ ᠶᠢᠨ ᠮᠡᠳᠡᠭᠡ ᠵᠠᠩᠭᠢ ᠨᠢ ᠪᠦᠷᠢᠨ ᠪᠤᠰᠤ᠂ ᠠᠭᠤᠯᠭ᠎ᠠ ᠨᠢ ᠲᠣᠳᠣᠷᠬᠠᠶ ᠦᠭᠡᠶ᠂ ᠪᠦᠲᠡᠭᠡᠨ ᠳᠠᠯᠳᠠᠯᠠᠭᠰᠠᠨ᠂ ᠨᠥᠬᠦᠨ ᠳᠠᠷᠤᠮᠠᠯᠯᠠᠭᠰᠠᠨ ᠪᠤᠶᠤ ᠥᠭᠡᠷᠡᠲᠦᠭᠦᠯᠦᠨ ᠬᠤᠪᠢᠷᠠᠭᠠᠭᠰᠠᠨ ᠦᠢᠯᠡᠳᠬᠦᠨ ᠢ ᠬᠤᠳᠠᠯᠳᠤᠨ ᠠᠪᠴᠤ ᠪᠣᠯᠬᠤ ᠦᠭᠡᠶ᠃

ᠨᠠᠶᠢᠷᠠᠯᠭ᠎ᠠ ᠶᠢᠨ ᠳᠡᠰ ᠳᠠᠷᠠᠭᠠᠯᠠᠯ ᠨᠢ ᠶᠡᠭᠡ ᠴᠢᠬᠤᠯᠠ᠂ ᠬᠠᠷᠰᠢᠭᠤᠯᠬᠤ ᠪᠣᠯᠣᠮᠵᠢ ᠪᠦᠬᠦᠢ ᠨᠠᠶᠢᠷᠠᠯᠭ᠎ᠠ ᠶᠢᠨ ᠮᠡᠳᠡᠭᠡ ᠵᠠᠩᠭᠢ ᠶᠢ ᠠᠩᠬᠠᠷᠬᠤ ᠬᠡᠷᠡᠭᠲᠡᠢ

ᠤᠯᠤᠰ ᠤᠨ ᠬᠠᠮᠢᠶ᠎ᠠ ᠪᠦᠬᠦᠢ ᠪᠠᠷᠢᠮᠵᠢᠶ᠎ᠠ ᠶᠢᠨ ᠱᠠᠭᠠᠷᠳᠠᠯᠭ᠎ᠠ ᠶᠣᠰᠣᠭᠠᠷ᠂ ᠢᠳᠡᠭᠡᠨ ᠦᠢᠯᠡᠳᠬᠦ ᠪᠤᠶᠤ ᠡᠳ᠋ᠰᠢᠭᠦᠯᠬᠦ ᠳᠡᠭᠡᠨ ᠬᠡᠷᠡᠭᠯᠡᠬᠦ ᠶᠢᠨ ᠬᠠᠮᠲᠤ ᠦᠢᠯᠡᠳᠬᠦᠨ ᠳᠤ ᠣᠷᠣᠰᠢᠵᠤ ᠪᠠᠶᠢᠬᠤ ᠪᠣᠳᠠᠰ ︵ᠢᠳᠡᠭᠡᠨ ᠤ ᠨᠡᠮᠡᠯᠲᠡ ᠡᠳ᠋ ᠪᠠᠭᠲᠠᠨ᠎ᠠ︶ ᠢ ᠴᠥᠮ ᠢᠳᠡᠭᠡᠨ ᠤ ᠨᠠᠶᠢᠷᠠᠯᠭ᠎ᠠ ᠶᠢᠨ ᠬᠦᠰᠦᠨᠦᠭᠲᠦ ᠳᠤ ᠨᠢᠭᠡᠳ ᠨᠢᠭᠡ ᠪᠠᠷ ᠲᠣᠳᠣᠷᠬᠠᠶᠢᠯᠠᠬᠤ ᠬᠡᠷᠡᠭᠲᠡᠶ᠃ ᠡᠭᠦᠨ ᠤ ᠬᠠᠮᠲᠤ ᠨᠡᠮᠡᠵᠦ ᠣᠷᠣᠭᠤᠯᠤᠭᠰᠠᠨ ᠬᠡᠮᠵᠢᠶ᠎ᠡ ᠨᠢ 2% ᠢ ᠳᠠᠪᠠᠭᠰᠠᠨ ᠡᠯ᠎ᠡ ᠵᠦᠢᠯ ᠤᠨ ᠨᠠᠶᠢᠷᠠᠭᠤᠯᠭ᠎ᠠ ᠢ ᠢᠳᠡᠭᠡᠨ ᠦᠢᠯᠡᠳᠬᠦ ᠪᠤᠶᠤ ᠪᠣᠯᠪᠠᠰᠤᠷᠠᠭᠤᠯᠬᠤ ᠦᠶ᠎ᠡ ᠳᠤ ᠨᠡᠮᠡᠵᠦ ᠣᠷᠣᠭᠤᠯᠤᠭᠰᠠᠨ ᠬᠡᠮᠵᠢᠶ᠎ᠡ ᠨᠢ ᠥᠨᠳᠥᠷ ᠠᠴᠠ ᠳᠣᠤᠷ᠎ᠠ ᠬᠦᠷᠲᠡᠯᠡᠬᠢ ᠳᠡᠰ ᠳᠠᠷᠠᠭᠠᠯᠠᠯ ᠢᠶᠠᠷ ᠵᠢᠭᠰᠠᠭᠠᠬᠤ ᠬᠡᠷᠡᠭᠲᠡᠶ᠃ ᠡᠶᠢᠮᠦ ᠠᠴᠠ ᠬᠡᠷᠡᠭᠯᠡᠭᠴᠢᠳ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠬᠤᠳᠠᠯᠳᠤᠨ ᠠᠪᠬᠤ ᠳᠠᠭᠠᠨ ᠤᠷᠢᠳᠠᠪᠡᠷ ᠨᠠᠶᠢᠷᠠᠯᠭ᠎ᠠ ᠶᠢᠨ ᠬᠦᠰᠦᠨᠦᠭᠲᠦ ᠶᠢ ᠪᠠᠶᠢᠴᠠᠭᠠᠨ ᠦᠵᠡᠵᠦ᠂ ᠦᠢᠯᠡᠳᠬᠦᠨ ᠤ ᠨᠠᠶᠢᠷᠠᠯᠭ᠎ᠠ ᠶᠢᠨ ᠪᠠᠶᠢᠳᠠᠯ ᠢ ᠣᠶᠢᠯᠠᠭᠠᠭᠰᠠᠨ ᠤ ᠳᠠᠷᠠᠭ᠎ᠠ ᠠᠯᠢ ᠵᠦᠢᠯ ᠤᠨ ᠦᠢᠯᠡᠳᠬᠦᠨ ᠢ ᠬᠤᠳᠠᠯᠳᠤᠨ ᠠᠪᠬᠤ ᠪᠠᠨ ᠲᠣᠭᠲᠠᠵᠤ ᠪᠣᠯᠤᠨ᠎ᠠ᠃

ᠡᠭᠦᠨ ᠠᠴᠠ ᠭᠠᠳᠠᠨ᠎ᠠ᠂ ᠮᠠᠲ᠋ᠧᠷᠢᠶᠠᠯ ᠳᠤ ᠬᠡᠷᠪᠡ ᠬᠠᠷᠰᠢᠮᠠᠲᠠᠭᠠᠢ ᠲᠤᠰᠬᠠᠯ ᠡᠭᠦᠰᠭᠡᠬᠦ ᠪᠣᠯᠤᠮᠵᠢ ᠪᠦᠬᠦᠢ ᠢᠳᠡᠭᠡᠨ ᠪᠠ ᠲᠡᠭᠦᠨ ᠤ ᠪᠦᠲᠦᠭᠡᠭᠳᠡᠬᠦᠨ᠂  ᠵᠢᠱᠢᠶᠡᠯᠡᠪᠡᠯ ᠠᠭᠠᠬᠢᠮ᠎ᠠ ᠪᠠ ᠠᠮᠤ ᠪᠤᠳᠠᠭᠠᠨ ᠤ ᠲᠥᠷᠥᠯ᠂ ᠯᠣᠬᠠᠱᠧᠩ ᠬᠢᠭᠡᠳ ᠲᠡᠭᠦᠨ ᠤ ᠪᠥᠲᠥᠭᠡᠭᠳᠡᠬᠦᠨ ᠵᠡᠷᠭᠡ ᠠᠭᠤᠯᠤᠭᠳᠠᠵᠤ ᠪᠠᠶᠢᠪᠠᠯ᠂ ᠦᠢᠯᠡᠳᠪᠦᠷᠢᠯᠡᠭᠴᠢ ︵ᠵᠠᠪᠠᠯ ᠱᠠᠭᠠᠷᠳᠠᠬᠤ ᠦᠭᠡᠢ︶ ᠨᠢ ᠨᠠᠶᠢᠷᠠᠯᠭ᠎ᠠ ᠶᠢᠨ ᠬᠦᠰᠦᠨᠦᠭᠲᠦ ᠳᠤ ᠠᠮᠠᠷᠬᠠᠨ ᠢᠯᠭᠠᠨ ᠲᠠᠨᠢᠭᠳᠠᠬᠤ ᠨᠡᠷᠡᠶᠢᠳᠦᠯ ᠬᠡᠷᠡᠭᠯᠡᠵᠦ᠂ ᠡᠰᠡᠬᠦᠯ᠎ᠡ ᠨᠠᠶᠢᠷᠠᠯᠭ᠎ᠠ ᠶᠢᠨ ᠬᠦᠰᠦᠨᠦᠭᠲᠦ ᠶᠢᠨ ᠬᠠᠵᠠᠭᠤ ᠳᠤ ᠰᠠᠨᠠᠭᠤᠯᠤᠮᠵᠢ ᠬᠢᠬᠦ ᠬᠡᠷᠡᠭᠲᠡᠢ︔ ᠪᠣᠯᠪᠠᠰᠤᠷᠠᠭᠤᠯᠬᠤ ᠶᠠᠪᠤᠴᠠ ᠳᠤ ᠳᠡᠭᠡᠷ᠎ᠡ ᠳᠤᠷᠠᠳᠤᠭᠰᠠᠨ ᠢᠳᠡᠭᠡᠨ ᠪᠤᠶᠤ ᠪᠦᠲᠦᠭᠡᠭᠳᠡᠬᠦᠨ ᠢ ᠣᠷᠣᠭᠤᠯᠬᠤ ᠪᠣᠯᠣᠮᠵᠢ ᠲᠠᠢ ᠪᠣᠯ ᠪᠠᠰᠠ ᠨᠠᠶᠢᠷᠠᠯᠭ᠎ᠠ ᠶᠢᠨ ᠬᠦᠰᠦᠨᠦᠭᠲᠦ ᠶᠢᠨ ᠬᠠᠵᠠᠭᠤ ᠳᠤ ᠰᠠᠨᠠᠭᠤᠯᠤᠮᠵᠢ ᠬᠢᠬᠦ ᠬᠡᠷᠡᠭᠲᠡᠢ᠃ ᠬᠠᠷᠰᠢᠮᠠᠲᠠᠭᠠᠢ ᠬᠡᠷᠡᠭᠯᠡᠭᠴᠢᠳ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠰᠣᠩᠭᠤᠨ ᠠᠪᠬᠤ ᠦᠶᠡᠰ ᠨᠠᠶᠢᠷᠠᠯᠭ᠎ᠠ ᠶᠢᠨ ᠬᠦᠰᠦᠨᠦᠭᠲᠦ ᠶᠢ ᠨᠠᠷᠢᠨ ᠨᠢᠮᠪᠠᠢ ᠪᠠᠶᠢᠴᠠᠭᠠᠨ ᠦᠵᠡᠵᠦ᠂ ᠨᠠᠶᠢᠷᠠᠯᠭ᠎ᠠ ᠶᠢᠨ ᠬᠦᠰᠦᠨᠦᠭᠲᠦ ᠶᠢᠨ ᠬᠠᠵᠠᠭᠤ ᠳᠤ ᠰᠠᠨᠠᠭᠤᠯᠤᠮᠵᠢ ᠪᠠᠢᠬᠤ ᠡᠰᠡᠬᠦ ᠶᠢ ᠠᠩᠬᠠᠷᠬᠤ ᠬᠡᠷᠡᠭᠲᠡᠢ᠃

ᠬᠤᠶᠠᠷ ᠡᠳᠤᠷ ᠬᠤᠭᠤᠴᠠᠭ᠎ᠠ ᠶᠢ ᠨᠠᠷᠢᠨ ᠠᠵᠢᠭᠯᠠᠵᠤ᠂ ᠲᠣᠳᠣᠷᠬᠠᠶᠢᠯᠠᠯ ᠶᠣᠰᠣᠭᠠᠷ ᠪᠣᠯᠭᠤᠵᠤ ᠴᠢᠨᠠᠬᠤ ᠬᠡᠷᠡᠭᠲᠡᠢ

ᠦᠢᠯᠡᠳᠬᠦᠨ ᠤ ᠱᠣᠰᠢᠭ᠎ᠠ ᠳᠡᠭᠡᠷᠡᠬᠢ ᠦᠢᠯᠡᠳᠪᠦᠷᠢᠯᠡᠭᠰᠡᠨ ᠡᠳᠦᠷ ᠬᠤᠭᠤᠴᠠᠭ᠎ᠠ ᠪᠣᠯᠤᠨ ᠴᠢᠨᠠᠷ ᠢ ᠪᠠᠲᠤᠯᠠᠬᠤ ᠬᠤᠭᠤᠴᠠᠭ᠎ᠠ ᠶᠢ ᠭᠤᠤᠯᠳᠠᠯᠭ᠎ᠠ ᠲᠠᠢ ᠪᠠᠶᠢᠴᠠᠭᠠᠨ ᠦᠵᠡᠬᠦ ᠬᠡᠷᠡᠭᠲᠡᠶ᠃ ᠵᠢᠩᠬᠢᠨᠢ ᠠᠷᠭ᠎ᠠ ᠵᠠᠮ ᠢᠶᠠᠷ ᠪᠣᠷᠣᠯᠠᠭᠤᠯᠤᠭᠰᠠᠨ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠤᠨ ᠪᠣᠭᠤᠳᠠᠯ ᠪᠠᠭᠯᠠᠭ᠎ᠠ ᠳᠡᠭᠡᠷ᠎ᠡ ᠦᠢᠯᠡᠳᠪᠦᠷᠢᠯᠡᠭᠰᠡᠨ ᠡᠳᠦᠷ ᠬᠤᠭᠤᠴᠠᠭ᠎ᠠ ᠪᠠ ᠴᠢᠨᠠᠷ ᠢ ᠪᠠᠲᠤᠯᠠᠬᠤ ᠬᠤᠭᠤᠴᠠᠭ᠎ᠠ ᠶᠢ ᠲᠣᠳᠣᠷᠬᠠᠶ ᠲᠡᠮᠳᠡᠭᠯᠡᠭᠰᠡᠨ ᠪᠠᠶᠢᠳᠠᠭ᠃ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠬᠤᠳᠠᠯᠳᠤᠨ ᠠᠪᠬᠤ ᠳᠤ ᠪᠠᠨ ᠨᠢᠭᠡᠨᠲᠡ ᠴᠢᠨᠠᠷ ᠪᠠᠲᠤᠯᠠᠬᠤ ᠬᠤᠭᠤᠴᠠᠭᠠᠨ ᠠᠴᠠ ᠬᠡᠲᠦᠷᠡᠭᠰᠡᠨ ᠪᠦᠲᠦᠭᠡᠭᠳᠡᠬᠦᠨ ᠢ ᠬᠤᠳᠠᠯᠳᠤᠨ ᠠᠪᠴᠤ ᠪᠣᠯᠬᠤ ᠦᠭᠡᠢ᠃

ᠬᠠᠤᠯᠢ ᠲᠣᠭᠲᠠᠭᠠᠯ ᠤᠨ ᠱᠠᠭᠠᠷᠳᠠᠯᠭ᠎ᠠ ᠶᠣᠰᠣᠭᠠᠷ᠂ ᠤᠷᠢᠳᠴᠢᠯᠠᠨ ᠪᠣᠭᠤᠳᠠᠯᠯᠠᠭᠰᠠᠨ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠤᠨ ᠦᠢᠯᠡᠳᠬᠦᠨ ᠤ ᠱᠣᠰᠢᠭ᠎ᠠ ᠳᠡᠭᠡᠷ᠎ᠡ ᠴᠥᠮ ᠬᠠᠳᠠᠭᠠᠯᠠᠬᠤ ᠨᠥᠬᠦᠴᠡᠯ ᠢ ᠲᠣᠳᠣᠷᠬᠠᠶᠢᠯᠠᠭᠰᠠᠨ ᠪᠠᠶᠢᠳᠠᠭ᠃ ᠵᠢᠱᠢᠶᠡᠯᠡᠪᠡᠯ ᠲᠦᠷᠭᠡᠨ ᠬᠥᠯᠳᠡᠭᠡᠭᠰᠡᠨ ᠥᠯᠵᠡᠶᠢᠲᠦ ᠪᠣᠭᠤᠷᠰᠤᠭ ᠢ ᠲᠡᠭ ᠠᠴᠠ ᠳᠣᠭᠤᠭᠰᠢ 18 ᠭᠷᠡᠳᠦ᠋ᠰ ᠤᠨ ᠨᠥᠬᠦᠴᠡᠯ ᠳᠣᠣᠷ᠎ᠠ ᠬᠠᠳᠠᠭᠠᠯᠠᠵᠤ᠂ ᠴᠢᠨᠠᠷ ᠢ ᠪᠠᠲᠤᠯᠠᠬᠤ ᠬᠤᠭᠤᠴᠠᠭᠠᠨ ᠳᠤ ᠲᠣᠭᠲᠠᠭᠤᠨ ᠴᠢᠨᠠᠷ ᠢ ᠪᠠᠲᠤᠯᠠᠬᠤ ᠬᠡᠷᠡᠭᠲᠡᠢ ᠭᠡᠵᠦ ᠱᠠᠭᠠᠷᠳᠠᠪᠠ᠃ ᠡᠶᠢᠮᠦ ᠠᠴᠠ ᠦᠢᠯᠡᠳᠬᠦᠨ ᠬᠤᠳᠠᠯᠳᠤᠨ ᠠᠪᠬᠤ ᠪᠠ ᠬᠤᠳᠠᠯᠳᠤᠨ ᠠᠪᠤᠭᠰᠠᠨ ᠤ ᠳᠠᠷᠠᠭ᠎ᠠ ᠬᠠᠳᠠᠭᠠᠯᠠᠵᠤ ᠦᠶ᠎ᠡ ᠳᠤ᠂ ᠦᠢᠯᠡᠳᠬᠦᠨ ᠤ ᠱᠣᠰᠢᠭ᠎ᠠ ᠲᠡᠮᠳᠡᠭ ᠳᠡᠭᠡᠷᠡᠬᠢ ᠬᠠᠳᠠᠭᠠᠯᠠᠬᠤ ᠨᠥᠬᠦᠴᠡᠯ ᠳᠣᠣᠷ᠎ᠠ ᠬᠠᠳᠠᠭᠠᠯᠠᠬᠤ ᠬᠡᠷᠡᠭᠲᠡᠶ᠃

ᠬᠠᠳᠠᠭᠠᠯᠠᠬᠤ ᠨᠥᠬᠦᠴᠡᠯ ᠠᠴᠠ ᠭᠠᠳᠠᠨ᠎ᠠ᠂ ᠡᠩ ᠤᠨ ᠪᠠᠶᠢᠳᠠᠯ ᠳᠤ ᠵᠢᠩᠬᠢᠨᠢ ᠦᠢᠯᠡᠳᠪᠦᠷᠢ ᠶᠢᠨ ᠦᠢᠯᠡᠳᠪᠦᠷᠢᠯᠡᠭᠰᠡᠨ ᠤᠷᠢᠳᠴᠢᠯᠠᠨ ᠪᠣᠭᠤᠳᠠᠯᠯᠠᠭᠰᠠᠨ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠤᠨ ᠦᠢᠯᠡᠳᠬᠦᠨ ᠤ ᠱᠣᠰᠢᠭ᠎ᠠ ᠲᠡᠮᠳᠡᠭ ᠳᠡᠭᠡᠷ᠎ᠡ᠂ ᠶᠡᠷᠦ ᠳᠡᠭᠡᠨ ᠵᠥᠪ ᠣᠨᠣᠪᠴᠢᠲᠠᠢ ᠪᠠᠷ ᠪᠣᠯᠭᠤᠵᠤ ᠴᠢᠨᠠᠬᠤ ᠰᠠᠨᠠᠭᠤᠯᠤᠮᠵᠢ ᠶᠢ ᠲᠣᠳᠣᠷᠬᠠᠶᠢᠯᠠᠭᠰᠠᠨ ᠪᠠᠶᠢᠳᠠᠭ᠃ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠢ ᠴᠢᠨᠠᠬᠤ ᠦᠶ᠎ᠡ ᠳᠤ ᠬᠡᠷᠡᠭᠯᠡᠭᠴᠢᠳ ᠲᠡᠷᠡ ᠰᠠᠨᠠᠭᠤᠯᠤᠮᠵᠢ ᠪᠠᠷ ᠴᠢᠨᠠᠪᠠᠯ ᠵᠣᠬᠢᠨ᠎ᠠ᠃

ᠦᠢᠯᠡᠳᠭᠦᠨ ᠤ ᠱᠣᠰᠢᠭ᠎ᠠ ᠶᠢ ᠤᠩᠰᠢᠵᠤ᠂ ᠰᠢᠮ᠎ᠡ ᠲᠡᠵᠢᠭᠡᠯ ᠤᠨ ᠱᠣᠰᠢᠭ᠎ᠠ ᠪᠠᠷ ᠯᠠᠪᠯᠠᠯᠲᠠ ᠪᠣᠯᠭᠠᠵᠤ ᠪᠣᠯᠣᠨ᠎ᠠ

ᠡᠮᠦᠨ᠎ᠡ ᠳᠤᠷᠠᠳᠤᠭᠰᠠᠨ ᠢᠳᠡᠭᠡᠨ ᠤ ᠱᠣᠰᠢᠭ᠎ᠠ ᠠᠴᠠ ᠭᠠᠳᠠᠨ᠎ᠠ ︽ᠢᠳᠡᠭᠡᠨ ᠤ ᠠᠮᠤᠷ ᠲᠦᠪᠰᠢᠨ ᠤ ᠤᠯᠤᠰ ᠤᠨ ᠪᠠᠷᠢᠮᠵᠢᠶ᠎ᠠ ᠶᠢᠨ ᠤᠷᠢᠳᠴᠢᠯᠠᠨ ᠪᠣᠭᠤᠳᠠᠯᠯᠠᠭᠰᠠᠨ ᠢᠳᠡᠭᠡᠨ ᠤ ᠰᠢᠮ᠎ᠡ ᠲᠡᠵᠢᠭᠡᠯ ᠤᠨ ᠱᠣᠰᠢᠭ᠎ᠠ ᠲᠡᠮᠳᠡᠭ ᠤᠨ ᠶᠡᠷᠦᠩᠬᠡᠶ ᠳᠦᠷᠢᠮ︾ ︵GB28050 — 2011︶ ᠤᠨ ᠱᠠᠭᠠᠷᠳᠠᠯᠭ᠎ᠠ ᠶᠢ ᠦᠨᠳᠦᠰᠦᠯᠡᠪᠡᠯ᠂ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠤᠨ ᠱᠣᠰᠢᠭ᠎ᠠ ᠳᠡᠭᠡᠷ᠎ᠡ ᠪᠠᠰᠠ ᠰᠢᠮ᠎ᠡ ᠲᠡᠵᠢᠭᠡᠯ ᠤᠨ ᠱᠣᠰᠢᠭ᠎ᠠ ᠲᠡᠮᠳᠡᠭ ᠢ ᠭᠤᠤᠯᠳᠠᠭᠤ ︽ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ︾ ᠪᠠᠷ ᠲᠣᠳᠣᠷᠬᠠᠶᠢᠯᠠᠭᠰᠠᠨ ᠪᠠᠶᠢᠳᠠᠭ᠃ ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠳᠤ ᠨᠠᠭᠠᠳᠤ ᠵᠠᠬ᠎ᠠ ᠳᠠᠭᠠᠨ 5 ᠲᠥᠷᠥᠯ ᠵᠦᠢᠯ ︵ᠡᠨᠧᠷᠭᠢ᠂ ᠤᠭᠤᠷᠠᠭ᠂ ᠥᠭᠡᠬᠦ᠂ ᠨᠡᠭᠦᠷᠡᠰᠦ ᠤᠰᠤᠨ ᠤ ᠨᠢᠭᠡᠳᠪᠦᠷᠢ᠂ ᠨᠠᠲᠷᠢ︶ ᠤᠨ ᠠᠭᠤᠯᠤᠭᠳᠠᠴᠠ ᠵᠢᠴᠢ ᠰᠢᠮ᠎ᠡ ᠲᠡᠵᠢᠭᠡᠯ ᠤᠨ ᠡᠳ᠋ ᠤᠨ ᠯᠠᠪᠯᠠᠯᠲᠠ ᠶᠢᠨ ᠬᠡᠮᠵᠢᠭᠳᠡᠯ ︵NRV︶ ᠶᠢᠨ ᠵᠠᠭᠤᠨ ᠤ ᠬᠤᠪᠢ ᠶᠢᠨ ᠬᠠᠷᠢᠴᠠᠯ ᠢ ᠲᠣᠳᠣᠷᠬᠠᠶᠢᠯᠠᠭᠰᠠᠨ ᠪᠠᠶᠢᠬᠤ ᠬᠡᠷᠡᠭᠲᠡᠶ᠃ ᠬᠡᠷᠡᠭᠯᠡᠭᠴᠢᠳ ᠲᠣᠰ ᠬᠦᠰᠦᠨᠦᠭᠲᠦ ᠪᠣᠯᠤᠨ ᠪᠡᠶ᠎ᠡ ᠶᠢᠨ ᠪᠠᠶᠢᠳᠠᠯ ᠢᠶᠠᠨ ᠦᠨᠳᠦᠰᠦᠯᠡᠨ ᠰᠣᠩᠭᠤᠨ ᠠᠪᠴᠤ ᠪᠣᠯᠤᠨ᠎ᠠ᠃

ᠴᠠᠭᠠᠨ ᠰᠠᠷ᠎ᠠ ᠶᠢᠨ ᠥᠯᠵᠡᠢᠲᠦ ᠡᠳᠦᠷ ᠤᠨ ᠥᠯᠵᠡᠶᠢᠲᠦ ᠪᠣᠭᠤᠷᠰᠤᠭ ᠨᠢ ᠠᠮᠲᠠᠲᠤ ᠰᠠᠶᠢᠬᠠᠨ ᠢᠳᠡᠭᠡᠨ ᠪᠣᠯᠪᠠᠴᠤ᠂ ᠣᠨᠴᠠᠭᠠᠢ ᠬᠥᠮᠦᠰ ᠠᠩᠬᠠᠷᠬᠤ ᠬᠡᠷᠡᠭᠲᠡᠢ

ᠶᠡᠷᠦᠳᠡ ᠶᠢᠨ ᠪᠠᠶᠢᠳᠠᠯ ᠳᠤ᠂ ᠰᠢᠬᠢᠷᠯᠢᠭ ᠠᠮᠳᠠ ᠲᠠᠢ ᠥᠯᠵᠡᠶᠢᠲᠦ ᠪᠣᠭᠤᠷᠰᠤᠭ ︵ᠥᠯᠵᠡᠶᠢᠲᠦ ᠪᠣᠣᠪᠤ︶ ᠳᠤ ᠰᠢᠯᠦᠬᠡᠢ ᠪᠤᠳᠠᠭᠠᠨ ᠨᠤᠨᠳᠠᠭ᠂ ᠬᠤᠪᠢᠷᠠᠮᠠᠯ ᠴᠠᠷᠳᠠᠭᠤᠯ᠂ ᠴᠠᠭᠠᠨ ᠰᠢᠬᠢᠷ ᠠᠭᠤᠯᠤᠭᠳᠠᠵᠤ᠂ ᠰᠢᠬᠢᠷ ᠪᠠ ᠲᠣᠰᠣᠨ ᠤ ᠤᠨ ᠠᠭᠤᠯᠤᠭᠳᠠᠴᠠ ᠨᠢ ᠬᠠᠷᠢᠴᠠᠩᠭᠤᠢ ᠥᠨᠳᠥᠷ ᠪᠠᠶᠢᠵᠤ᠂ ᠬᠡᠷᠡᠭᠯᠡᠭᠴᠢᠳ ᠵᠤᠬᠢᠬᠤ ᠬᠡᠮᠵᠢᠶ᠎ᠡ ᠪᠠᠷ ᠢᠳᠡᠭᠦ ᠶᠢ ᠰᠠᠨᠠᠭᠤᠯᠤᠶ᠎ᠠ᠂ ᠢᠯᠠᠩᠭᠤᠶ᠎ᠠ ᠰᠢᠩᠭᠡᠭᠡᠯᠲᠡ ᠶᠢᠨ ᠰᠢᠰᠲ᠋ᠧᠮ ᠨᠢ ᠬᠠᠷᠢᠴᠠᠩᠭᠤᠢ ᠪᠠᠭᠤᠷᠠᠢ ᠨᠠᠰᠤᠲᠠᠶᠢᠴᠤᠳ ᠪᠠ ᠬᠡᠣᠬᠡᠳ ᠤᠳ ᠢᠳᠡᠬᠦ ᠬᠡᠮᠵᠢᠶ᠎ᠡ ᠶᠢ ᠨᠡᠩ ᠠᠩᠬᠠᠷᠴᠤ᠂ ᠰᠢᠬᠢᠷ ᠰᠢᠵᠢᠩ ᠡᠪᠡᠳᠴᠢᠨ ᠪᠠ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠲᠡᠨ ᠵᠡᠷᠭᠡ ᠣᠨᠴᠠᠭᠠᠢ ᠡᠪᠡᠳᠴᠢᠨ ᠲᠠᠢ ᠡᠪᠡᠳᠴᠢᠲᠡᠨ ᠨᠡᠩ ᠪᠣᠯᠭᠤᠮᠵᠢᠲᠠᠢ ᠪᠠᠷ ᠢᠳᠡᠬᠦ ᠶᠢ ᠰᠠᠨᠠᠭᠤᠯᠤᠶ᠎ᠠ᠃

ᠲᠤᠰᠬᠠᠢ ᠮᠡᠷᠭᠡᠵᠢᠯᠲᠡᠨ᠄

ᠰᠢᠶᠧ ᠵᠢᠩ  ᠱᠠᠩᠬᠠᠶ ᠶᠢᠨ ᠲᠡᠯᠡᠶ ᠲᠠᠩᠭᠢᠰ ᠤᠨ ᠶᠡᠭᠡ ᠰᠤᠷᠭᠠᠭᠤᠯᠢ ᠶᠢᠨ ᠢᠳᠡᠭᠡᠨ ᠤ ᠳᠡᠭᠡᠳᠦ ᠰᠤᠷᠭᠠᠭᠤᠯᠢ ᠶᠢᠨ ᠵᠠᠬᠢᠷᠤᠯ᠂ ᠫᠷᠤᠹᠧᠰᠰᠤᠷ

ᠱᠧᠨ ᠴᠢᠶᠦ᠋ᠨ  ᠲᠤᠮᠳᠠᠳᠥ ᠤᠯᠤᠰ ᠤᠨ ᠲᠠᠷᠢᠶᠠᠯᠠᠩ ᠤᠨ ᠶᠡᠭᠡ ᠰᠣᠷᠭᠠᠭᠤᠯᠢ ᠶᠢᠨ ᠢᠳᠡᠭᠡᠨ ᠤ ᠰᠢᠨᠵᠢᠯᠡᠬᠦ ᠣᠬᠠᠭᠠᠨ ᠬᠢᠭᠡᠳ ᠰᠢᠮ᠎ᠡ ᠳᠡᠵᠢᠭᠡᠯ ᠤᠨ ᠢᠨᠵᠧᠨᠧᠷᠢᠩ ᠤᠨ ᠲᠡᠭᠡᠲᠦ ᠰᠣᠷᠭᠠᠭᠤᠯᠢ ᠶᠢᠨ ᠫᠷᠦᠹᠧᠰᠰᠥᠷ

ᠬᠤᠸᠠᠩ ᠵᠦᠩ ᠮᠢᠠ  ᠾᠧᠨᠠᠨ ᠤ ᠲᠠᠷᠢᠶᠠᠯᠠᠩ ᠤᠨ ᠶᠡᠭᠡ ᠰᠣᠷᠭᠠᠭᠤᠯᠢ ᠶᠢᠨ ᠢᠳᠡᠭᠡᠨ ᠤ ᠰᠢᠠᠵᠢᠯᠠᠭᠦ ᠣᠬᠠᠭᠠᠨ ᠮᠠᠷᠭᠡᠵᠢᠯ ᠤᠨ ᠲᠠᠭᠡᠲᠤ ᠰᠣᠷᠭᠠᠭᠤᠯᠢ ᠶᠢᠨ ᠫᠷᠣᠹᠧᠰᠰᠣᠷ

ᠢᠷᠡᠯᠲᠡ᠄ ᠳᠤᠮᠳᠠᠳᠤ ᠤᠯᠤᠰ ᠤᠨ ᠢᠳᠡᠭᠡᠨ ᠤ ᠰᠢᠨᠵᠢᠯᠡᠬᠦ ᠤᠬᠠᠭᠠᠨ ᠮᠡᠷᠭᠡᠵᠢᠯ ᠤᠨ ᠰᠢᠨᠵᠢᠯᠡᠭᠡᠨ ᠤ ᠨᠡᠶᠢᠭᠡᠮᠯᠢᠭ