ᠬᠠᠪᠤᠷ ᠤᠨ ᠠᠯᠬᠤᠭ᠎ᠠ ᠤᠯᠠᠮ ᠠᠴᠠ ᠤᠯᠠᠮ ᠣᠶᠢᠷᠠᠲᠤᠵᠤ᠂ ᠬᠥᠮᠥᠰ ᠵᠤᠵᠠᠭᠠᠨ ᠥᠳᠥᠨ ᠬᠤᠪᠴᠠᠰᠤ ᠪᠠᠨ ᠲᠠᠶᠢᠯᠵᠤ ᠴᠡᠪᠡᠷᠯᠡᠨ ᠤᠬᠢᠶᠠᠭᠰᠠᠨ ᠤ ᠳᠠᠷᠠᠭ᠎ᠠ ᠬᠤᠷᠢᠶᠠᠵᠤ ᠲᠠᠯᠪᠢᠬᠤ ᠪᠣᠯᠣᠭᠰᠠᠨ᠃ ᠥᠲᠥᠨ ᠬᠤᠪᠴᠠᠰᠤ ᠶᠢ ᠰᠢᠭᠤᠳ ᠬᠤᠪᠴᠠᠰᠤ ᠤᠬᠢᠶᠠᠨ ᠮᠠᠰᠢᠨ ᠢᠶᠠᠷ ᠤᠬᠢᠶᠠᠵᠤ ᠪᠣᠯᠣᠨ᠎ᠠ ᠤᠤ︖ ᠥᠲᠥᠨ ᠬᠤᠪᠴᠠᠰᠤ ᠶᠢ ᠤᠬᠢᠶᠠᠬᠤ ᠳᠤ ᠶᠠᠮᠠᠷ ᠠᠩᠬᠠᠷᠬᠤ ᠵᠦᠢᠯ ᠪᠠᠶᠢᠬᠤ ᠪᠤᠢ︖
ᠳᠣᠣᠷ᠎ᠠ ᠪᠢᠳᠡ ᠬᠠᠮᠲᠤ ᠣᠶᠢᠯᠠᠭᠠᠶ᠎ᠠ
ᠤᠬᠢᠶᠠᠬᠤ ᠮᠠᠰᠢᠨ ᠢᠶᠠᠷ ᠥᠲᠥᠨ ᠬᠤᠪᠴᠠᠰᠤ ᠶᠢ ᠤᠬᠢᠶᠠᠪᠠᠯ ᠲᠡᠯᠪᠡᠷᠡᠵᠦ ᠮᠡᠳᠡᠨ᠎ᠡ
ᠡᠩ ᠤᠨ ᠪᠠᠶᠢᠳᠠᠯ ᠳᠣᠣᠷ᠎ᠠ᠂ ᠥᠲᠥᠨ ᠬᠤᠪᠴᠠᠰᠤᠨ ᠤ ᠳᠤᠯᠠᠭᠠᠯᠠᠬᠤ ᠦᠷ᠎ᠡ ᠪᠦᠲᠦᠮᠵᠢ ᠶᠢ ᠨᠡᠮᠡᠭᠳᠡᠭᠦᠯᠬᠦ ᠶᠢᠨ ᠲᠥᠯᠥᠭᠡ᠂ ᠦᠷᠭᠦᠯᠵᠢ ᠳᠣᠲᠣᠷ ᠳᠠᠪᠬᠤᠷᠭ᠎ᠠ ᠳᠤ ᠨᠢ ᠤᠰᠤ ᠰᠡᠷᠭᠡᠶᠢᠯᠡᠬᠦ ᠲᠦᠷᠬᠢᠴᠡ ᠲᠠᠢ ᠪᠠᠶᠢᠳᠠᠭ᠂ ᠢᠩᠭᠢᠪᠡᠯ ᠬᠤᠪᠴᠠᠰᠤᠨ ᠤ ᠠᠭᠠᠷ ᠨᠡᠪᠲᠡᠷᠡᠬᠦ ᠴᠢᠳᠠᠮᠵᠢ ᠶᠢ ᠪᠠᠭᠤᠷᠠᠭᠤᠯᠵᠤ᠂ ᠤᠰᠤᠨ ᠳᠤ ᠳᠡᠪᠲᠦᠭᠡᠭᠳᠡᠭᠰᠡᠨ ᠤ ᠳᠠᠷᠠᠭ᠎ᠠ ᠳᠣᠲᠣᠷᠠᠬᠢ ᠥᠳᠥ ᠨᠢ ᠪᠥᠭᠡᠮᠨᠡᠷᠡᠵᠦ ᠶᠡᠭᠡ ᠬᠡᠪᠴᠢᠶᠡᠨ ᠤ ᠵᠠᠢ ᠭᠠᠷᠴᠤ᠂ ᠥᠨᠳᠥᠷ ᠬᠤᠷᠳᠤᠴᠠ ᠪᠠᠷ ᠰᠢᠪᠬᠠᠨ ᠬᠠᠲᠠᠭᠠᠬᠤ ᠦᠶ᠎ᠡ ᠳᠤ ᠤᠰᠤ ᠰᠣᠷᠣᠵᠤ ᠭᠦᠢᠴᠡᠭᠰᠡᠨ ᠥᠳᠥ ᠲᠠᠰᠤᠷᠠᠯᠲᠠ ᠦᠭᠡᠢ ᠲᠡᠯᠡᠵᠦ᠂ ᠥᠲᠥᠨ ᠬᠤᠪᠴᠠᠰᠤ ᠳᠣᠲᠣᠷᠠᠬᠢ ᠠᠭᠠᠷ ᠨᠢ ᠰᠢᠬᠠᠭᠳᠠᠵᠤ᠂ ᠤᠰᠤ ᠰᠡᠷᠭᠡᠶᠢᠯᠡᠬᠦ ᠳᠠᠪᠬᠤᠷᠭ᠎ᠠ ᠨᠢ ᠠᠭᠠᠷ ᠤᠨ ᠭᠠᠳᠠᠭᠰᠢᠯᠠᠬᠤ ᠶᠢ ᠬᠠᠷᠰᠢᠯᠠᠭᠰᠠᠨ ᠠᠴᠠ ᠪᠣᠯᠵᠤ᠂ ᠥᠲᠥᠨ ᠬᠤᠪᠴᠠᠰᠤ ᠨᠢ ᠲᠠᠰᠤᠷᠠᠯᠲᠠ ᠦᠭᠡᠢ ᠲᠡᠯᠡᠨ ᠶᠡᠬᠡᠰᠬᠡᠵᠦ᠂ ᠬᠤᠪᠴᠠᠰᠤ ᠤᠬᠢᠶᠠᠬᠤ ᠮᠠᠰᠢᠨ ᠤ ᠳᠣᠲᠣᠷ ᠲᠦᠩᠰᠡ ᠶᠢ ᠳᠦᠭᠦᠷᠭᠡᠵᠦ ᠳᠡᠯᠪᠡᠷᠡᠵᠦ ᠮᠡᠳᠡᠨ᠎ᠡ᠃ ᠨᠢᠯᠦᠨ ᠪᠦᠰ ᠪᠣᠯᠤᠨ ᠥᠳᠥ ᠨᠢ ᠲᠠᠰᠤᠷᠠᠯᠲᠠ ᠦᠭᠡᠢ ᠦᠷᠦᠯᠲᠡ ᠡᠭᠦᠰᠴᠦ ᠲᠠᠶᠢᠪᠤᠩ ᠴᠠᠬᠢᠯᠭᠠᠨ ᠡᠭᠦᠰᠭᠡᠳᠡᠭ ᠪᠥᠭᠡᠳ ᠬᠤᠪᠴᠠᠰᠤ ᠤᠬᠢᠶᠠᠬᠤ ᠮᠠᠰᠢᠨ ᠤ ᠳᠣᠲᠣᠭᠠᠳᠤ ᠲᠦᠩᠰᠡᠨ ᠤ ᠶᠡᠭᠡ ᠪᠠᠭ᠎ᠠ ᠨᠢ ᠬᠢᠵᠠᠭᠠᠷ ᠲᠠᠢ ᠠᠴᠠ ᠪᠣᠯᠵᠤ᠂ ᠠᠭᠠᠷ ᠤᠨ ᠳᠠᠷᠤᠯᠲᠠ ᠨᠢ ᠵᠣᠬᠢᠬᠤ ᠬᠡᠮᠵᠢᠶᠡᠨ ᠳᠤ ᠬᠦᠷᠦᠭᠰᠡᠨ ᠤ ᠳᠠᠷᠠᠭ᠎ᠠ ᠳᠡᠯᠪᠡᠷᠡᠵᠦ ᠮᠡᠳᠡᠨ᠎ᠡ᠃ ᠡᠩ ᠤᠨ ᠪᠠᠶᠢᠲᠠᠯ ᠳᠤ ᠡᠲᠠᠭᠡᠷ ᠨᠦᠭᠦᠴᠠᠯ ᠳᠣᠩ ᠠᠮᠠᠷᠬᠠᠨ ᠪᠦᠷᠢᠯᠳᠦᠵᠦ ᠴᠢᠲᠠᠬᠤ ᠣᠢᠭᠡᠢ᠂ ᠡᠶᠢᠮᠤ ᠠᠴᠠ ᠬᠡᠲᠦ ᠠᠶᠤᠭᠰᠠᠨ ᠤ ᠴᠢᠬᠤᠯᠠ ᠣᠢᠭᠡᠢ᠂ ᠬᠡᠲᠠᠯ᠎ᠠ ᠬᠡᠷᠰᠡᠦᠯᠡᠬᠦ ᠣᠢᠭᠡᠢ ᠪᠤᠯ ᠠᠶᠣᠯ ᠲᠦᠭᠰᠢᠭᠦᠷᠢ ᠪᠠᠰᠠ ᠣᠷᠣᠰᠢᠵᠤ ᠪᠠᠶᠢᠲᠠᠭ᠃
ᠥᠳᠥᠨ ᠬᠤᠪᠴᠠᠰᠤ ᠶᠢ ᠳᠣᠣᠷᠠᠬᠢ ᠠᠷᠭ᠎ᠠ ᠪᠠᠷ ᠤᠬᠢᠶᠠᠵᠤ ᠪᠣᠯᠣᠨ᠎ᠠ
ᠥᠳᠥᠨ ᠬᠤᠪᠴᠠᠰᠤ ᠶᠢ ᠠᠶᠤᠯ ᠦᠭᠡᠢ ᠪᠠᠷ ᠤᠬᠢᠶᠠᠶ᠎ᠠ ᠭᠡᠪᠡᠯ ᠡᠷᠬᠡᠪᠰᠢ ᠦᠢᠯᠡᠳᠬᠦᠨ ᠤ ᠲᠣᠳᠣᠷᠬᠠᠢᠯᠠᠯᠲᠠ ᠪᠠ ᠬᠤᠪᠴᠠᠰᠤᠨ ᠤ ᠱᠣᠰᠢᠭ᠎ᠠ ᠲᠡᠮᠳᠡᠭ ᠢ ᠨᠠᠷᠢᠨ ᠨᠢᠮᠪᠠᠢ ᠦᠵᠡᠬᠦ ᠬᠡᠷᠡᠭᠲᠡᠢ᠃
① ᠦᠢᠯᠡᠳᠬᠦᠨ ᠤ ᠲᠣᠳᠣᠷᠬᠠᠶᠢᠯᠠᠯᠲᠠ ᠶᠢᠨ ᠪᠢᠴᠢᠭ ᠢ ᠦᠵᠡᠬᠦ ᠬᠡᠷᠡᠭᠲᠡᠢ᠃ ᠣᠳᠣᠬᠠᠨ ᠳᠤ᠂ ᠵᠠᠬ᠎ᠠ ᠳᠡᠯᠭᠡᠭᠦᠷ ᠳᠡᠭᠡᠷ᠎ᠡ ᠴᠥᠭᠡᠨ ᠪᠤᠰᠤ ᠥᠳᠥᠨ ᠬᠤᠪᠴᠠᠰᠤ ᠶᠢ ᠤᠬᠢᠶᠠᠬᠤ ᠴᠢᠳᠠᠮᠵᠢ ᠪᠥᠬᠦᠢ ᠬᠤᠪᠴᠠᠰᠤ ᠤᠬᠢᠶᠠᠬᠤ ᠮᠠᠰᠢᠨ ᠭᠠᠷᠴᠤ ᠢᠷᠡᠭᠰᠡᠨ ᠪᠠᠶᠢᠨ᠎ᠠ᠃ ᠡᠨᠡ ᠲᠥᠷᠥᠯ ᠤᠨ ᠬᠤᠪᠴᠠᠰᠤ ᠤᠬᠢᠶᠠᠬᠤ ᠮᠠᠰᠢᠨ ᠨᠢ ᠮᠢᠨᠦ᠋ᠲ ᠪᠦᠷᠢ 600 ᠪᠤᠶᠤ 800 ᠡᠷᠭᠢᠯᠲᠡ ᠲᠠᠢ ᠳᠣᠣᠷ᠎ᠠ ᠡᠷᠭᠢᠯᠲᠡ ᠶᠢᠨ ᠬᠤᠷᠳᠤᠴᠠ ᠲᠣᠬᠢᠷᠠᠭᠤᠯᠵᠠᠢ᠂ ᠤᠬᠢᠶᠠᠬᠤ ᠫᠷᠣᠭ᠍ᠭ᠍ᠷᠠᠮ ᠤᠨ ᠰᠣᠩᠭᠤᠯᠲᠠ ᠠᠴᠠ ᠣᠯᠵᠤ ᠦᠵᠡᠵᠦ ᠪᠣᠯᠣᠨ᠎ᠠ᠃ ᠠᠩᠬᠠᠷᠬᠤ ᠴᠢᠬᠤᠯᠠ ᠲᠠᠢ ᠵᠦᠢᠯ ᠭᠡᠪᠡᠯ᠂ ᠠᠯᠢᠪᠠ ᠬᠤᠪᠴᠠᠰᠤ ᠤᠬᠢᠶᠠᠬᠤ ᠮᠠᠰᠢᠨ ᠨᠢ ᠪᠦᠷ ᠳᠡᠯᠪᠡᠷᠡᠬᠦ ᠦᠵᠡᠭᠳᠡᠯ ᠭᠠᠷᠬᠤ ᠪᠢᠰᠢ᠂ ᠳᠡᠯᠪᠡᠷᠡᠯᠲᠡ ᠭᠠᠷᠤᠭᠰᠠᠨ ᠨᠢ ᠣᠯᠠᠩᠬᠢ ᠨᠢ ᠬᠠᠭᠤᠴᠢᠨ ᠮᠠᠶ᠋ᠢᠭ ᠤᠨ ᠬᠤᠣᠰ ᠭᠠᠩᠲᠤ ᠳᠣᠯᠭᠢᠶᠠᠨ ᠬᠦᠷᠳᠦᠲᠦ ᠬᠤᠪᠴᠠᠰᠤ ᠤᠬᠢᠶᠠᠬᠤ ᠮᠠᠰᠢᠨ ᠪᠣᠯᠤᠨ᠎ᠠ᠂ ᠬᠡᠷᠪᠡ ᠬᠤᠪᠴᠠᠰᠤ ᠤᠬᠢᠶᠠᠬᠤ ᠮᠠᠰᠢᠨ ᠤ ᠲᠣᠳᠣᠷᠬᠠᠢᠯᠠᠯᠲᠠ ᠶᠢᠨ ᠪᠢᠴᠢᠭ ᠳᠡᠭᠡᠷ᠎ᠡ ︽ᠤᠰᠤ ᠰᠡᠷᠭᠡᠶᠢᠯᠡᠬᠦ ᠴᠢᠨᠠᠷᠲᠠᠢ ᠬᠤᠪᠴᠠᠰᠤ ᠤᠬᠢᠶᠠᠵᠤ ᠪᠣᠯᠬᠤ ᠦᠭᠡᠢ︾ ᠭᠡᠵᠦ ᠲᠣᠳᠣᠷᠬᠠᠢ ᠰᠠᠨᠠᠭᠤᠯᠵᠤ ᠪᠠᠶᠢᠪᠠᠯ ᠲᠣᠰ ᠮᠠᠰᠢᠨ ᠢᠶᠠᠷ ᠥᠳᠥᠨ ᠬᠤᠪᠴᠠᠰᠤ ᠶᠢ ᠤᠬᠢᠶᠠᠵᠤ ᠪᠣᠯᠬᠤ ᠦᠭᠡᠢ᠃
② ᠬᠤᠪᠴᠠᠰᠤ ᠬᠤᠨᠠᠷ ᠤᠨ ᠱᠣᠰᠢᠭ᠎ᠠ ᠲᠡᠮᠳᠡᠭ ᠶᠢ ᠦᠵᠡᠬᠦ ᠬᠡᠷᠡᠭᠲᠡᠢ᠃ ᠵᠠᠷᠢᠮ ᠬᠤᠪᠴᠠᠰᠤ ᠬᠤᠨᠠᠷ ᠤᠨ ᠱᠣᠰᠢᠭ᠎ᠠ ᠳᠡᠭᠡᠷ᠎ᠡ ︽ᠡᠷᠭᠢᠯᠳᠦᠭᠦᠯᠦᠨ ᠰᠢᠪᠬᠠᠵᠤ ᠬᠠᠲᠠᠭᠠᠵᠤ ᠪᠣᠯᠬᠤ ᠦᠭᠡᠢ︾ ᠭᠡᠵᠦ ᠲᠣᠳᠣᠷᠬᠠᠢ ᠪᠢᠴᠢᠭᠰᠡᠨ ᠪᠠᠶᠢᠳᠠᠭ᠂ ᠵᠠᠷᠢᠮ ᠨᠢ ︽ᠮᠠᠰᠢᠨ ᠢᠶᠠᠷ ᠤᠬᠢᠶᠠᠵᠤ ᠪᠣᠯᠣᠨ᠎ᠠ︾᠂ ︽ᠳᠣᠣᠷ᠎ᠠ ᠬᠤᠷᠳᠤᠴᠠᠲᠤ ᠤᠰᠤ ᠬᠡᠷᠡᠭᠯᠡᠬᠦ ᠴᠢᠬᠤᠯᠠᠲᠠᠢ︾ ᠭᠡᠵᠦ ᠲᠣᠳᠣᠷᠬᠠᠶᠢᠯᠠᠭᠰᠠᠨ ᠪᠠᠶᠢᠳᠠᠭ᠃ ᠡᠭᠦᠨ ᠠᠴᠠ ᠭᠠᠳᠠᠨ᠎ᠠ᠂ ᠡᠷᠭᠢᠯᠳᠦᠭᠦᠯᠦᠨ ᠰᠢᠪᠬᠠᠨ ᠬᠠᠲᠠᠭᠠᠬᠤ ᠦᠶ᠎ᠡ ᠳᠤ ᠲᠣᠣᠷ ᠤᠭᠤᠲᠠᠨ ᠳᠤ ᠥᠳᠥᠨ ᠬᠤᠪᠴᠠᠰᠤ ᠪᠠᠨ ᠬᠢᠪᠡᠯ᠂ ᠲᠦᠷᠭᠡᠨ ᠬᠤᠷᠳᠤᠴᠠ ᠪᠠᠷ ᠡᠷᠭᠢᠯᠳᠦᠬᠦ ᠦᠶ᠎ᠡ ᠳᠤ ᠬᠤᠷᠣᠮᠬᠠᠨ ᠵᠠᠭᠤᠷ᠎ᠠ ᠶᠢᠨ ᠲᠡᠯᠡᠯᠲᠡ ᠡᠭᠦᠰᠬᠦ ᠶᠢ ᠰᠡᠷᠭᠡᠶᠢᠯᠡᠵᠦ ᠴᠢᠳᠠᠳᠠᠭ᠃ ᠡᠭᠦᠨ ᠠᠴᠠ ᠭᠠᠳᠠᠨ᠎ᠠ᠂ ᠬᠡᠳᠦᠨ ᠲᠣᠣᠷ ᠪᠥᠮᠪᠦᠭᠡ ᠪᠤᠶᠤ ᠪᠤᠰᠤᠳ ᠬᠠᠲᠠᠭᠤ ᠪᠥᠬᠡ ᠪᠥᠮᠪᠦᠭᠡ ᠶᠢ ᠥᠲᠥᠨ ᠬᠤᠪᠴᠠᠰᠤ ᠳᠤ ᠬᠢᠵᠦ᠂ ᠮᠠᠰᠢᠨ ᠢᠶᠠᠷ ᠤᠬᠢᠶᠠᠬᠤ ᠦᠶ᠎ᠡ ᠳᠤ ᠪᠥᠮᠪᠥᠭᠡᠯᠢᠭ ᠨᠢ ᠲᠠᠰᠤᠷᠠᠯᠲᠠ ᠦᠭᠡᠢ ᠪᠥᠮᠪᠥᠷᠢᠨ ᠥᠷᠥᠯᠲᠡ ᠡᠭᠦᠰᠴᠦ᠂ ᠥᠲᠥᠨ ᠬᠤᠪᠴᠠᠰᠤ ᠳᠣᠲᠣᠷᠠᠬᠢ ᠥᠳᠥ ᠨᠢ ᠰᠢᠬᠠᠭᠳᠠᠵᠤ ᠪᠥᠭᠡᠮᠨᠡᠷᠡᠯ ᠭᠠᠷᠬᠤ ᠶᠢ ᠰᠡᠷᠭᠡᠶᠢᠯᠡᠵᠦ᠂ ᠡᠭᠦᠨ ᠤ ᠤᠯᠠᠮ ᠠᠴᠠ ᠳᠡᠯᠪᠡᠷᠡᠯᠲᠡ ᠡᠭᠦᠰᠬᠦ ᠲᠦᠭᠰᠢᠭᠦᠷᠢ ᠶᠢ ᠪᠠᠭᠠᠰᠬᠠᠳᠠᠭ᠃
ᠥᠲᠥᠨ ᠬᠤᠪᠴᠠᠰᠤ ᠶᠢ ᠢᠩᠭᠢᠵᠦ ᠬᠠᠳᠠᠭᠠᠯᠠᠬᠤ ᠨᠢ ᠳᠤᠯᠠᠭᠠᠯᠠᠬᠤ ᠴᠢᠨᠠᠷ ᠢ ᠨᠢ ᠪᠠᠭᠤᠷᠠᠭᠤᠯᠤᠨ᠎ᠠ︕
ᠬᠠᠭᠤᠷᠠᠢ ᠪᠠᠷ ᠤᠬᠢᠶᠠᠬᠤ ᠦᠶ᠎ᠡ ᠳᠤ ᠬᠡᠷᠡᠭᠯᠡᠳᠡᠭ ᠣᠷᠭᠠᠨᠢᠭ ᠠᠭᠤᠰᠤᠮᠠᠯ ᠨᠢ ᠥᠳᠥᠨ ᠬᠤᠪᠴᠠᠰᠤ ᠶᠢᠨ ᠲᠦᠷᠬᠢᠴᠡ ᠳᠠᠪᠬᠤᠷᠭ᠎ᠠ ᠵᠢᠴᠢ ᠥᠳᠥ ᠨᠣᠣᠯᠣᠭᠤᠷ ᠢ ᠠᠮᠠᠷᠬᠠᠨ ᠡᠪᠳᠡᠳᠡᠭ᠂ ᠭᠠᠷ ᠢᠶᠠᠷ ᠢᠶᠠᠨ ᠬᠥᠩᠭᠡᠨ ᠤᠬᠢᠶᠠᠬᠤ ᠶᠢ ᠰᠠᠨᠠᠭᠤᠯᠤᠨ᠎ᠠ᠂ ᠥᠲᠥᠨ ᠨᠣᠣᠯᠣᠭᠤᠷ ᠨᠢ ᠪᠠᠶᠢᠭᠠᠯᠢ ᠶᠢᠨ ᠠᠮᠢᠲᠠᠨ ᠤ ᠰᠢᠷᠬᠡᠭ ᠲᠤ ᠬᠠᠷᠢᠶᠠᠯᠠᠭᠳᠠᠬᠤ ᠲᠤᠯᠠ᠂ ᠤᠬᠢᠶᠠᠭᠰᠠᠨ ᠤ ᠳᠠᠷᠠᠭ᠎ᠠ ᠬᠡᠲᠦ ᠰᠢᠷᠠᠵᠤ ᠪᠣᠯᠬᠤ ᠦᠭᠡᠢ᠂ ᠠᠶᠠᠨᠳᠠᠭᠠᠨ ᠬᠠᠲᠠᠭᠠᠪᠠᠯ ᠪᠣᠯᠴᠢᠬᠠᠨ᠎ᠠ᠃ ᠣᠯᠠᠨ ᠳᠤ ᠰᠠᠨᠠᠭᠤᠯᠬᠤ ᠨᠢ᠂ ᠡᠪᠦᠯ ᠤᠨ ᠰᠡᠭᠦᠯᠴᠢ ᠬᠠᠪᠤᠷ ᠤᠨ ᠡᠬᠢ ᠪᠠᠷ ᠤᠯᠠᠷᠢᠯ ᠰᠣᠯᠢᠭᠳᠠᠬᠤ ᠦᠶ᠎ᠡ ᠳᠤ᠂ ᠥᠲᠥᠨ ᠬᠤᠪᠴᠠᠰᠤ ᠪᠠᠨ ᠪᠢᠲᠡᠭᠡᠢ ᠬᠤᠭᠤᠰᠤᠮ ᠤᠭᠤᠲᠠᠨ ᠳᠤ ᠬᠢᠵᠦ ᠬᠠᠳᠠᠭᠠᠯᠠᠭᠠᠷᠠᠢ᠂ ᠬᠤᠭᠤᠰᠤᠮ ᠤᠭᠤᠲᠠ ᠨᠢ ᠥᠳᠥᠨ ᠤ ᠬᠥᠪᠰᠥᠭᠡᠷ ᠴᠢᠨᠠᠷ ᠢ ᠪᠠᠭᠤᠷᠠᠭᠤᠯᠵᠤ᠂ ᠳᠤᠯᠠᠭᠠᠯᠠᠬᠤ ᠴᠢᠨᠠᠷ ᠢ ᠨᠥᠯᠥᠭᠡᠯᠡᠳᠡᠭ᠃