ᠰᠦᠯᠵᠢᠶᠡᠨ ᠠᠴᠠ ᠬᠤᠳᠠᠯᠳᠤᠨ ᠠᠪᠤᠭᠰᠠᠨ ᠲᠠᠸᠠᠷ ᠨᠢ ᠠᠰᠠᠭᠤᠳᠠᠯ ᠲᠠᠢ ᠪᠤᠶᠤ ᠰᠠᠨᠠᠭᠠᠨ ᠳᠤ ᠬᠦᠷᠬᠦ ᠦᠭᠡᠢ ᠪᠣᠯ ︽ᠳᠣᠯᠣᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠳᠠᠭ︾ ᠤᠤ︖
ᠬᠤᠳᠠᠯᠳᠤᠭᠠᠴᠢᠨ ᠪᠠᠷᠠᠭ᠎ᠠ ᠪᠤᠴᠠᠭᠠᠬᠤ ᠶᠢ ᠳᠡᠮᠵᠢᠬᠦ ᠦᠭᠡᠢ ᠪᠠᠶᠢᠵᠤ ᠪᠣᠯᠣᠨ᠎ᠠ ᠦᠦ︖ ᠴᠣᠬᠤᠮ ᠠᠯᠢ ᠠᠯᠢ ᠶᠢ ᠨᠢ ᠪᠤᠴᠠᠭᠠᠵᠤ ᠪᠣᠯᠬᠤ ᠪᠤᠢ︖ ᠠᠯᠢ ᠠᠯᠢ ᠨᠢ ᠪᠤᠴᠠᠭᠠᠵᠤ ᠪᠣᠯᠬᠤ ᠦᠭᠡᠢ ᠪᠤᠢ︖
ᠲᠠᠸᠠᠷ ᠢᠶᠠᠨ ᠪᠤᠴᠠᠭᠠᠬᠤ ᠠᠴᠠ ᠡᠮᠦᠨ᠎ᠡ ᠡᠳᠡᠭᠡᠷ ᠶᠠᠪᠤᠳᠠᠯ ᠢ ᠤᠷᠢᠳᠠᠪᠠᠷ ᠤᠶᠢᠯᠠᠭᠠᠬᠤ ᠬᠡᠷᠡᠭᠲᠡᠢ᠃
01 ᠬᠤᠳᠠᠯᠳᠤᠭᠠᠴᠢᠨ ᠠᠴᠠ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ ᠶᠢ ᠳᠡᠮᠵᠢᠬᠦ ᠦᠭᠡᠢ︾ ᠭᠡᠳᠡᠭ ᠲᠤ ᠰᠢᠭᠦᠬᠦ ᠬᠤᠷᠢᠶ᠎ᠠ ᠢᠩᠭᠢᠵᠦ ᠰᠢᠭᠦᠨ ᠲᠠᠰᠤᠯᠪᠠ
ᠣᠶᠢᠷ᠎ᠠ ᠳᠤ ᠪᠡᠭᠡᠵᠢᠩ ᠤᠨ ᠢᠨᠲ᠋ᠧᠷ ᠰᠦᠯᠵᠢᠶᠡᠨ ᠤ ᠰᠢᠭᠦᠬᠦ ᠬᠤᠷᠢᠶ᠎ᠠ ᠬᠡᠷᠡᠭᠯᠡᠭᠴᠢᠳ ᠤᠨ ᠰᠦᠯᠵᠢᠶᠡᠨ ᠳᠡᠭᠡᠷ᠎ᠡ ᠬᠤᠳᠠᠯᠳᠤᠨ ᠠᠪᠤᠭᠰᠠᠨ ᠪᠣᠭᠴᠣ ᠪᠠᠨ ᠲᠠᠸᠠᠷ ᠢ ᠪᠤᠴᠠᠭᠠᠬᠤ ᠪᠠᠷ ᠭᠤᠶᠤᠴᠢᠯᠠᠭᠰᠠᠨ ᠳᠤ ᠬᠤᠳᠠᠯᠳᠤᠭᠠᠴᠢᠨ ︽7 ᠡᠳᠦᠷ ᠲᠤ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ ᠶᠢ ᠳᠡᠮᠵᠢᠬᠦ ᠦᠭᠡᠢ︾ ᠭᠡᠵᠦ ᠬᠡᠷᠡᠭᠯᠡᠭᠴᠢ ᠶᠢᠨ ᠭᠤᠶᠤᠴᠢᠯᠠᠯ ᠢ ᠵᠥᠪᠰᠢᠶᠡᠷᠡᠭᠰᠡᠨ ᠦᠭᠡᠢ᠃
ᠲᠣᠰ ᠪᠣᠭᠴᠤ ᠨᠢ ︽︿7 ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ﹀ ᠲᠦᠷᠢᠮ ᠳᠤ ᠲᠣᠬᠢᠷᠠᠬᠤ ᠦᠭᠡᠢ︾ ᠲᠠᠸᠠᠷ ᠤᠨ ᠲᠦᠷᠦᠯ ᠬᠡᠯᠪᠡᠷᠢ ᠳᠤ ᠬᠠᠷᠢᠶᠠᠯᠠᠭᠳᠠᠬᠤ ᠦᠭᠡᠢ ᠪᠥᠭᠡᠳ ᠪᠤᠴᠠᠭᠠᠭᠰᠠᠨ ᠲᠠᠸᠠᠷ ᠨᠢ ᠦ ᠰᠡᠪ ᠦᠭᠡᠢ ᠤᠴᠢᠷ ᠠᠴᠠ ᠬᠡᠷᠡᠭᠯᠡᠭᠴᠢᠳ ᠤᠨ ᠲᠠᠸᠠᠷ ᠪᠤᠴᠠᠭᠠᠬᠤ ᠭᠤᠶᠤᠴᠢᠯᠠᠯ ᠢ ᠳᠡᠮᠵᠢᠨ᠎ᠡ ᠭᠡᠵᠦ ᠰᠢᠭᠦᠬᠦ ᠬᠤᠷᠢᠶᠠᠨ ᠤ ᠰᠢᠭᠦᠨ ᠰᠢᠢᠳᠪᠦᠷᠢᠯᠡᠪᠡ᠃
ᠬᠠᠤᠯᠢ ᠴᠠᠭᠠᠵᠠ ᠳᠤ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ ᠶᠢᠨ ᠬᠤᠷᠢᠨ ᠲᠠᠪᠤᠳᠤᠭᠠᠷ ᠵᠦᠢᠯ ᠤᠨ ᠲᠣᠭᠲᠠᠭᠠᠯ ᠳᠤ᠄ ᠡᠵᠡᠩᠨᠡᠭᠴᠢ ᠨᠢ ᠰᠦᠯᠵᠢᠶ᠎ᠡ᠂ ᠲᠧᠯᠸᠢᠰ᠂ ᠤᠲᠠᠰᠤ᠂ ᠰᠢᠤᠳᠠᠨ ᠢᠶᠠᠷ ᠬᠤᠳᠠᠯᠳᠤᠨ ᠠᠪᠬᠤ ᠵᠡᠷᠭᠡ ᠠᠷᠭ᠎ᠠ ᠮᠠᠶ᠋ᠢᠭ ᠢᠶᠠᠷ ᠲᠠᠸᠠᠷ ᠢᠶᠠᠨ ᠪᠣᠷᠣᠯᠠᠭᠤᠯᠬᠤ ᠳᠤ᠂ ᠬᠡᠷᠡᠭᠯᠡᠭᠴᠢᠳ ᠲᠠᠸᠠᠷ ᠢ ᠬᠤᠷᠢᠶᠠᠨ ᠠᠪᠤᠭᠰᠠᠨ ᠡᠳᠦᠷ ᠠᠴᠠ ᠡᠬᠢᠯᠡᠨ ᠲᠤᠯᠤᠭᠠᠨ ᠡᠳᠦᠷ ᠤᠨ ᠳᠣᠲᠣᠷ᠎ᠠ ᠲᠠᠸᠠᠷ ᠢᠶᠠᠨ ᠪᠤᠴᠠᠭᠠᠬᠤ ᠡᠷᠬᠡ ᠲᠠᠢ᠂ ᠤᠴᠢᠷ ᠰᠢᠯᠲᠠᠭᠠᠨ ᠢᠶᠠᠨ ᠲᠣᠳᠣᠷᠬᠠᠶᠢᠯᠠᠬᠤ ᠴᠢᠬᠤᠯᠠ ᠦᠭᠡᠢ᠂ ᠭᠡᠪᠡᠴᠦ ᠳᠣᠣᠷᠠᠬᠢ ᠲᠠᠸᠠᠷ ᠨᠢ ᠡᠭᠦᠨ ᠳᠤ ᠪᠠᠭᠲᠠᠬᠤ ᠦᠭᠡᠢ᠄
︵ᠨᠢᠭᠡ︶ ᠬᠡᠷᠡᠭᠯᠡᠭᠴᠢ ᠵᠠᠬᠢᠶᠠᠯᠠᠵᠤ ᠬᠢᠯᠭᠡᠭᠰᠡᠨ︔
︵ᠬᠤᠶᠠᠷ︶ ᠠᠮᠢᠳᠤ ᠰᠣᠷᠭᠤᠭ ᠠᠮᠠᠷᠬᠠᠨ ᠢᠯᠵᠢᠷᠡᠬᠦ ᠵᠦᠢᠯ︔
︵ᠭᠤᠷᠪᠠ︶ ᠰᠦᠯᠵᠢᠶᠡᠨ ᠳᠡᠭᠡᠷ᠎ᠡ ᠪᠠᠭᠤᠯᠭᠠᠭᠰᠠᠨ ᠪᠤᠶᠤ ᠬᠡᠷᠡᠭᠯᠡᠭᠴᠢᠳ ᠨᠢᠭᠡᠨᠲᠡ ᠵᠠᠳᠠᠯᠤᠭᠰᠠᠨ ᠳᠠᠭᠤ ᠳᠦᠷᠰᠦ ᠰᠢᠩᠭᠡᠭᠡᠯᠲᠡ ᠶᠢᠨ ᠦᠢᠯᠡᠳᠬᠦᠨ᠂ ᠺᠣᠮᠫᠢᠦ᠋ᠲ᠋ᠧᠷ ᠤᠨ ᠵᠥᠭᠡᠯᠡᠨ ᠲᠣᠨᠤᠭ ᠵᠡᠷᠭᠡ ᠲᠣᠭᠠᠴᠢᠯᠠᠭᠰᠠᠨ ᠲᠠᠸᠠᠷ︔
︵ᠲᠦᠷᠪᠡ︶ ᠲᠤᠰᠢᠶᠠᠨ ᠥᠭᠭᠦᠭᠰᠡᠨ ᠰᠣᠨᠢᠨ᠂ ᠰᠡᠳᠬᠦᠯ︔
ᠳᠡᠭᠡᠷ᠎ᠡ ᠵᠢᠭᠰᠠᠭᠠᠭᠰᠠᠨ ᠲᠠᠸᠠᠷ ᠠᠴᠠ ᠭᠠᠳᠠᠨ᠎ᠠ᠂ ᠪᠤᠰᠤᠳ ᠲᠠᠸᠠᠷ ᠤᠨ ᠰᠢᠨᠵᠢ ᠴᠢᠨᠠᠷ ᠢ ᠦᠨᠳᠦᠰᠦᠯᠡᠨ ᠬᠡᠷᠡᠭᠯᠡᠭᠴᠢᠳ ᠬᠤᠳᠠᠯᠳᠤᠨ ᠠᠪᠬᠤ ᠦᠶ᠎ᠡ ᠳᠤ ᠲᠠᠸᠠᠷ ᠢ ᠪᠤᠴᠠᠭᠠᠬᠤ ᠲᠣᠬᠢᠷᠠᠮᠵᠢ ᠦᠭᠡᠢ ᠭᠡᠵᠦ ᠨᠤᠲᠠᠯᠠᠭᠰᠠᠨ ᠲᠠᠸᠠᠷ ᠨᠢ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ ᠲᠣᠭᠲᠠᠭᠠᠯ ᠳᠤ ᠲᠣᠬᠢᠷᠠᠬᠤ ᠦᠭᠡᠢ᠃
ᠬᠡᠷᠡᠭᠯᠡᠭᠴᠢᠳ ᠤᠨ ᠪᠤᠴᠠᠭᠠᠬᠤ ᠲᠠᠸᠠᠷ ᠨᠢ ᠪᠦᠷᠢᠨ ᠪᠦᠲᠦᠨ ᠪᠠᠶᠢᠬᠤ ᠬᠡᠷᠡᠭᠲᠡᠢ᠃ ᠡᠵᠡᠩᠨᠡᠭᠴᠢᠳ ᠪᠤᠴᠠᠭᠠᠭᠰᠠᠨ ᠲᠠᠸᠠᠷ ᠢ ᠬᠤᠷᠢᠶᠠᠨ ᠠᠪᠤᠭᠰᠠᠨ ᠡᠳᠦᠷ ᠠᠴᠠ ᠡᠬᠢᠯᠡᠨ ᠳᠣᠯᠣᠭᠠᠨ ᠡᠳᠦᠷ ᠲᠤ ᠤᠨ ᠳᠣᠲᠣᠷ᠎ᠠ ᠬᠡᠷᠡᠭᠯᠡᠭᠴᠢᠳ ᠤᠨ ᠲᠠᠸᠠᠷ ᠠᠪᠤᠭᠰᠠᠨ ᠮᠥᠩᠭᠦ ᠶᠢ ᠪᠤᠴᠠᠭᠠᠨ ᠥᠭᠬᠦ ᠬᠡᠷᠡᠭᠲᠡᠢ᠃
02 ᠡᠨᠡ ᠬᠡᠳᠦᠨ ᠲᠥᠷᠥᠯ ᠤᠨ ᠦᠢᠯᠡᠳᠬᠦᠨ ᠨᠢ ︽ᠳᠣᠯᠣᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠳᠤ ᠲᠣᠬᠢᠷᠠᠬᠤ ᠦᠭᠡᠢ
︽ᠳᠣᠯᠣᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠳᠦᠷᠢᠮ ᠪᠣᠯ ᠬᠡᠷᠡᠭᠯᠡᠭᠴᠢᠳ ᠤᠨ ᠡᠷᠬᠡ ᠠᠰᠢᠭ ᠤᠨ ᠨᠢᠭᠡ ᠵᠦᠢᠯ ᠤᠨ ᠬᠠᠮᠠᠭᠠᠯᠠᠯᠲᠠ ᠪᠣᠯᠤᠨ᠎ᠠ᠃
ᠮᠥᠨ ᠴᠦ ᠬᠤᠳᠠᠯᠳᠤᠭᠠᠴᠢᠨ ᠤ ᠦᠨᠡᠨᠴᠢ ᠢᠲᠡᠭᠡᠮᠵᠢᠲᠡᠢ ᠡᠵᠡᠩᠨᠡᠯᠲᠡ ᠶᠢᠨ ᠨᠢᠭᠡ ᠵᠦᠢᠯ ᠤᠨ ᠳᠦᠷᠢᠮᠵᠢᠯ ᠮᠥᠨ᠃ ᠭᠡᠪᠡᠴᠦ ᠪᠣᠢ ᠪᠦᠬᠦᠢ ᠲᠠᠸᠠᠷ ᠴᠥᠮ ᠡᠨᠡ ᠬᠦ ᠳᠦᠷᠢᠮ ᠳᠤ ᠲᠣᠬᠢᠷᠠᠬᠤ ᠪᠢᠰᠢ᠂ ︽ᠪᠠᠯᠠᠢ ᠬᠠᠶᠢᠷᠴᠠᠭ ᠤᠨ ᠲᠥᠷᠥᠯ︾ ᠤᠨ ᠦᠢᠯᠡᠳᠬᠦᠨ ᠨᠢ ︽ᠢᠳᠡᠪᠬᠢᠵᠢᠭᠦᠯᠦᠭᠰᠡᠨ ᠪᠤᠶᠤ ᠲᠤᠷᠰᠢᠨ ᠬᠡᠷᠡᠭᠯᠡᠭᠰᠡᠨ ᠤ ᠳᠠᠷᠠᠭ᠎ᠠ᠂ ᠦᠨ᠎ᠡ ᠥᠷᠲᠡᠭ ᠨᠢ ᠨᠡᠯᠢᠶᠡᠳ ᠶᠡᠭᠡ ᠬᠤᠷᠣᠭᠳᠠᠳᠠᠭ ᠲᠠᠸᠠᠷ︾ ᠲᠤᠯᠠ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠳᠤ ᠲᠣᠬᠢᠷᠠᠬᠤ ᠦᠭᠡᠢ᠃ ᠰᠦᠯᠵᠢᠶᠡᠨ ᠳᠡᠭᠡᠷ᠎ᠡ ᠠᠩᠬᠠᠷᠤᠯ ᠢ ᠲᠠᠲᠠᠭᠰᠠᠨ 2 ᠲᠦᠮᠡ ᠭᠠᠷᠤᠢ ᠵᠣᠭᠤᠰ ᠵᠠᠷᠤᠴᠠᠭᠤᠯᠵᠤ 50 ᠭᠠᠷᠤᠢ ᠬᠤᠪᠢ ︽ᠪᠠᠯᠠᠢ ᠬᠠᠶᠢᠷᠴᠠᠭ︾ ᠤᠨ ᠪᠤᠶᠠᠨ ᠤ ᠤᠭᠤᠲᠠ ᠶᠢᠨ ᠦᠢᠯᠡᠳᠬᠦᠨ ᠬᠤᠳᠠᠯᠳᠤᠵᠤ ᠠᠪᠤᠭᠰᠠᠨ ᠬᠠᠨ ᠣᠪᠣᠭᠲᠤ ᠬᠡᠷᠡᠭᠯᠡᠭᠴᠢ᠂ ︽ᠪᠠᠯᠠᠢ ᠬᠠᠶᠢᠷᠴᠠᠭ︾ ᠢ ᠵᠠᠳᠠᠯᠤᠭᠰᠠᠨ ᠤ ᠳᠠᠷᠠᠭ᠎ᠠ ᠪᠠᠰᠠ ︽ᠪᠠᠯᠠᠢ ᠬᠠᠶᠢᠷᠴᠠᠭ︾ ᠢ ᠵᠠᠳᠠᠯᠤᠭᠰᠠᠨ ᠦᠭᠡᠢ ᠪᠠᠶᠢᠳᠠᠯ ᠤᠨ ᠳᠣᠣᠷ᠎ᠠ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠶᠢ ᠭᠤᠶᠤᠴᠢᠯᠠᠭᠰᠠᠨ ᠪᠣᠯᠪᠠᠴᠤ ᠵᠥᠪᠰᠢᠶᠡᠷᠡᠭᠳᠡᠭᠰᠡᠨ ᠦᠭᠡᠢ᠃
ᠰᠢᠭᠦᠬᠦ ᠬᠤᠷᠢᠶ᠎ᠠ ᠰᠢᠭᠦᠨ ᠰᠢᠢᠳᠪᠦᠷᠢᠯᠡᠭᠰᠡᠨ ᠤ ᠳᠠᠷᠠᠭ᠎ᠠ᠂ ᠲᠠᠸᠠᠷ ᠤᠨ ᠵᠠᠬᠢᠶᠠᠯᠠᠭ᠎ᠠ ᠶᠢᠨ ᠨᠠᠷᠢᠨ ᠪᠠᠶᠢᠳᠠᠯ ᠤᠨ ᠬᠠᠭᠤᠳᠠᠰᠤ ᠳᠤ ︽ᠲᠠᠸᠠᠷ ᠪᠣᠯ ᠣᠨᠴᠠᠭᠠᠶ ᠲᠥᠷᠥᠯ ᠵᠦᠢᠯ ᠤᠨ ᠲᠠᠸᠠᠷ᠂ ᠪᠤᠶᠠᠨ ᠤ ᠤᠭᠤᠲᠠ ᠶᠢ ᠵᠠᠳᠠᠯᠤᠭᠰᠠᠨ ᠤ ᠳᠠᠷᠠᠭ᠎ᠠ ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ ᠶᠢ ᠳᠡᠮᠵᠢᠬᠦ ᠦᠭᠡᠢ︾ ᠭᠡᠵᠦ ᠲᠣᠳᠣᠷᠬᠠᠶ ᠪᠢᠴᠢᠵᠦ᠂ ᠬᠡᠷᠡᠭ ᠲᠤ ᠬᠤᠯᠪᠣᠭᠳᠠᠬᠤ ᠪᠤᠶᠠᠨ ᠤ ᠤᠭᠤᠲᠠ ᠶᠢᠨ ᠲᠠᠸᠠᠷ ᠤᠨ ᠣᠨᠴᠠᠭᠠᠶ ᠰᠢᠨᠵᠢ ᠴᠢᠨᠠᠷ ᠢ ᠪᠣᠳᠣᠯᠬᠢᠯᠠᠨ᠂ ᠵᠠᠭᠠᠯᠳᠤᠭᠴᠢ ᠶᠢᠨ ᠬᠤᠳᠠᠯᠳᠤᠨ ᠠᠪᠤᠭᠰᠠᠨ ︽ᠪᠠᠯᠠᠶ ᠬᠠᠶᠢᠷᠴᠠᠭ︾ ᠤᠨ ᠲᠠᠸᠠᠷ ᠢ ᠨᠢᠭᠡᠨᠲᠡ ᠰᠦᠯᠵᠢᠶᠡᠨ ᠳᠡᠭᠡᠷ᠎ᠡ ︽ᠵᠠᠳᠠᠯᠤᠭᠰᠠᠨ︾᠂ ᠠᠭᠤᠯᠭ᠎ᠠ ᠨᠢ ᠨᠢᠭᠡᠨᠲᠡ ᠪᠡᠶᠡᠯᠡᠭᠳᠡᠭᠰᠡᠨ ᠪᠠᠶᠢᠳᠠᠯ ᠳᠣᠤᠷ᠎ᠠ᠂ ᠲᠡᠭᠦᠨ ᠤ ᠲᠠᠸᠠᠷ ᠤᠨ ᠥᠷᠲᠡᠭ ᠨᠢ ᠨᠢᠭᠡᠨᠲᠡ ᠪᠡᠶᠡᠯᠡᠭᠳᠡᠵᠦ᠂ ᠡᠨᠡ ᠦᠶ᠎ᠡ ᠳᠤ ︽ᠪᠠᠯᠠᠢ ᠬᠠᠶᠢᠷᠴᠠᠭ︾ ᠤᠨ ᠡᠵᠡᠩᠨᠡᠭᠴᠢ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠶᠢ ᠭᠥᠯᠢᠶᠡᠨ ᠠᠪᠤᠪᠠᠯ ︽ᠪᠠᠯᠠᠢ ᠬᠠᠶᠢᠷᠴᠠᠭ︾ ᠤᠨ ᠪᠣᠷᠣᠯᠠᠭᠤᠯᠤᠯᠲᠠ ᠶᠢ ᠨᠥᠯᠥᠭᠡᠯᠡᠬᠦ ᠶᠤᠮ᠃ ᠬᠡᠷᠡᠭ ᠲᠤ ᠬᠤᠯᠪᠣᠭᠳᠠᠭᠰᠠᠨ ︽ᠰᠣᠬᠤᠷ ᠬᠠᠶᠢᠷᠴᠠᠭ︾ ᠤᠨ ᠪᠤᠶᠠᠨ ᠤ ᠤᠭᠤᠲᠠ ᠶᠢᠨ ᠲᠠᠸᠠᠷ ᠨᠢ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ ᠶᠢᠨ ᠬᠤᠷᠢᠨ ᠲᠠᠪᠤᠳᠤᠭᠠᠷ ᠵᠦᠢᠯ ᠳᠤ ᠲᠣᠭᠲᠠᠭᠠᠭᠰᠠᠨ᠂ ᠪᠤᠰᠤᠳ ᠲᠠᠸᠠᠷ ᠤᠨ ᠰᠢᠨᠵᠢ ᠴᠢᠨᠠᠷ ᠢ ᠦᠨᠳᠦᠰᠦᠯᠡᠨ ᠬᠡᠷᠡᠭᠯᠡᠭᠴᠢᠳ ᠬᠤᠳᠠᠯᠳᠤᠨ ᠠᠪᠬᠤ ᠦᠶ᠎ᠡ ᠳᠤ ᠲᠠᠸᠠᠷ ᠢ ᠪᠤᠴᠠᠭᠠᠬᠤ ᠲᠣᠬᠢᠷᠠᠮᠵᠢ ᠦᠭᠡᠢ ᠭᠡᠵᠦ ᠨᠤᠲᠠᠯᠠᠭᠰᠠᠨ ᠲᠠᠸᠠᠷ ᠲᠤ ᠬᠠᠷᠢᠶᠠᠯᠠᠭᠳᠠᠨ᠎ᠠ᠃ ᠬᠠᠮᠤᠭ ᠡᠴᠦᠰ ᠲᠤ ᠰᠢᠭᠦᠬᠦ ᠬᠤᠷᠢᠶ᠎ᠠ ᠬᠠᠨ ᠣᠪᠣᠭᠲᠤ ᠶᠢᠨ ᠲᠠᠸᠠᠷ ᠢ ᠪᠤᠴᠠᠭᠠᠬᠤ ᠵᠠᠷᠭᠤ ᠶᠢᠨ ᠭᠤᠶᠤᠴᠢᠯᠠᠯ ᠢ ᠨᠢᠴᠤᠭᠠᠪᠠ᠃
ᠢᠳᠡᠪᠬᠢᠵᠢᠭᠦᠯᠦᠭᠳᠡᠭᠰᠡᠨ ᠤ ᠳᠠᠷᠠᠭᠠᠬᠢ ᠡᠯᠧᠺᠲᠷᠣᠨ ᠦᠢᠯᠡᠳᠬᠦᠨ ᠨᠢ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠳᠦᠷᠢᠮ ᠳᠤ ᠲᠣᠬᠢᠷᠠᠬᠤ ᠦᠭᠡᠢ᠂ᠢᠳᠡᠪᠬᠢᠵᠢᠭᠦᠯᠦᠭᠳᠡᠨ ᠬᠡᠷᠡᠭᠯᠡᠭᠳᠡᠭᠰᠡᠨ ᠭᠠᠷ ᠤᠲᠠᠰᠤᠨ ᠤ ᠲᠦᠷᠦᠯ ᠤᠨ ᠡᠯᠧᠺᠲᠷᠣᠨ ᠦᠢᠯᠡᠳᠬᠦᠨ ᠨᠢ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠳᠦᠷᠢᠮ ᠳᠤ ᠲᠣᠬᠢᠷᠠᠬᠤ ᠦᠭᠡᠢ᠃ ᠰᠢᠭᠦᠭᠴᠢ ᠶᠢᠨ ᠲᠠᠨᠢᠯᠴᠠᠭᠤᠯᠤᠭᠰᠠᠨ ᠢᠶᠠᠷ᠂ ᠭᠠᠷ ᠤᠲᠠᠰᠤᠨ ᠤ ᠲᠦᠷᠦᠯ ᠤᠨ ᠡᠯᠧᠺᠲᠷᠣᠨ ᠦᠢᠯᠡᠳᠬᠦᠨ ᠤ ᠳᠠᠩ ᠭᠠᠭᠴᠠ ᠪᠣᠭᠤᠳᠠᠯ ᠪᠠᠭᠯᠠᠭ᠎ᠠ ᠶᠢ ᠵᠠᠳᠠᠯᠤᠭᠰᠠᠨ ᠨᠢ ᠬᠡᠳᠦᠶᠢᠪᠡᠷ ᠬᠤᠳᠠᠯᠳᠤᠭᠠᠴᠢᠨ ᠤ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠲᠣᠭᠲᠠᠭᠠᠯ ᠶᠢ ᠬᠡᠷᠡᠭᠯᠡᠬᠦ ᠦᠭᠡᠢ ᠰᠢᠯᠲᠠᠭᠠᠨ ᠪᠣᠯᠵᠤ ᠪᠣᠯᠬᠤ ᠦᠭᠡᠢ ᠪᠣᠯᠪᠠᠴᠤ ᠭᠠᠷ ᠤᠲᠠᠰᠤ ᠨᠢ ᠬᠡᠷᠡᠭᠯᠡᠭᠴᠢᠳ ᠲᠤ ᠢᠳᠡᠪᠬᠢᠵᠢᠭᠦᠯᠦᠭᠳᠡᠨ ᠬᠡᠷᠡᠭᠯᠡᠭᠳᠡᠭᠰᠡᠨ ᠪᠠᠶᠢᠪᠠᠯ ᠳ᠋ᠠᠶᠢᠲ᠋ᠠ ᠶᠢᠨ ᠲᠥᠷᠥᠯ ᠤᠨ ᠬᠡᠷᠡᠭᠯᠡᠯᠲᠡ ᠶᠢᠨ ᠤᠯᠠ ᠮᠥᠷ ᠡᠭᠦᠰᠴᠦ᠂ ᠣᠯᠠᠨ ᠨᠡᠶᠢᠲᠡ ᠶᠢᠨ ᠡᠩ ᠤᠨ ᠲᠠᠨᠢᠯᠲᠠ ᠪᠠᠷ ᠬᠤᠳᠠᠯᠳᠤᠭᠠᠴᠢᠨ ᠳᠠᠬᠢᠵᠤ ᠰᠢᠨ᠎ᠡ ᠮᠠᠰᠢᠨ ᠢᠶᠠᠷ ᠪᠣᠷᠣᠯᠠᠭᠤᠯᠵᠤ ᠪᠣᠯᠬᠤ ᠦᠭᠡᠢ᠂ ᠥᠷᠲᠡᠭ ᠤᠨ ᠬᠤᠷᠣᠭᠳᠠᠯ ᠨᠡᠯᠢᠶᠡᠳ ᠶᠡᠭᠡ ᠪᠠᠶᠢᠳᠠᠭ᠂ ᠡᠶᠢᠮᠦ ᠪᠠᠶᠢᠳᠠᠯ ᠳᠣᠣᠷ᠎ᠠ᠂ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠳᠦᠷᠢᠮ ᠳᠤ ᠲᠣᠬᠢᠷᠠᠬᠤ ᠦᠭᠡᠢ ᠪᠣᠯᠳᠠᠭ᠃
03 ᠠᠩᠬᠠᠷ︕ ᠳᠣᠯᠣᠭᠠᠨ ᠡᠳᠦᠷ ᠲᠤ ︽ᠤᠴᠢᠷ ᠰᠢᠯᠲᠠᠭᠠᠨ ᠦᠭᠡᠢ︾ ᠭᠡᠳᠡᠭ ᠨᠢ ︽ᠨᠥᠬᠦᠴᠡᠯ ᠦᠭᠡᠢ︾ ᠲᠠᠸᠠᠷ ᠢ ᠪᠤᠴᠠᠭᠠᠬᠤ ᠪᠢᠰᠢ
ᠳᠣᠯᠣᠭᠠᠨ ᠡᠳᠦᠷ ᠲᠤ ︽ᠤᠴᠢᠷ ᠰᠢᠯᠲᠠᠭᠠᠨ ᠦᠭᠡᠢ︾ ᠭᠡᠳᠡᠭ ᠨᠢ ︽ᠨᠥᠬᠦᠴᠡᠯ ᠦᠭᠡᠢ︾ ᠲᠠᠸᠠᠷ ᠢ ᠪᠤᠴᠠᠭᠠᠬᠤ ᠪᠢᠰᠢ᠃
ᠬᠡᠷᠡᠭᠯᠡᠭᠴᠢ ᠲᠤᠰ ᠡᠷᠬᠡ ᠪᠠᠨ ᠬᠡᠷᠡᠭᠵᠢᠭᠦᠯᠬᠦ ᠳᠤ ᠲᠠᠸᠠᠷ ᠤᠨ ︽ᠪᠦᠷᠢᠨ ᠪᠦᠲᠦᠨ︾ ᠢ ᠪᠠᠲᠤᠯᠠᠬᠤ ᠬᠡᠷᠡᠭᠲᠡᠢ᠃ ᠡᠷᠬᠡ ᠪᠠᠨ ᠠᠰᠢᠭᠯᠠᠵᠤ ᠳᠤᠷ᠎ᠠ ᠪᠠᠷ ᠢᠶᠠᠨ ᠮᠠᠭᠤ ᠰᠠᠨᠠᠭ᠎ᠠ ᠲᠠᠢ ᠪᠠᠷ ᠲᠠᠸᠠᠷ ᠢᠶᠠᠨ ᠪᠤᠴᠠᠭᠠᠵᠤ ᠪᠣᠯᠬᠤ ᠦᠭᠡᠢ᠃ ᠲᠠᠸᠠᠷ ᠤᠨ ᠠᠰᠠᠭᠤᠳᠠᠯ ᠲᠤᠯᠭᠠᠷᠠᠪᠠᠯ᠂ ᠬᠠᠮᠤᠭ ᠲᠡᠷᠢᠭᠦᠨ ᠳᠤ ᠰᠡᠭᠦᠳᠡᠷ ᠲᠠᠲᠠᠬᠤ ᠪᠤᠶᠤ ᠸᠢᠳᠢᠤ᠋ ᠪᠠᠷ ᠭᠡᠷᠡᠴᠢ ᠦᠯᠡᠳᠡᠭᠡᠵᠦ ᠡᠷᠬᠡ ᠪᠠᠨ ᠬᠠᠮᠠᠭᠠᠯᠠᠬᠤ ᠶᠢ ᠰᠠᠨᠠᠭᠤᠯᠤᠶ᠎ᠠ᠃ ᠡᠵᠡᠩᠨᠡᠭᠴᠢ ᠳᠤ ᠠᠪᠴᠤ ᠬᠡᠯᠡᠪᠡᠯ ᠰᠠᠨᠠᠭᠤᠯᠤᠮᠵᠢ ᠶᠢᠨ ᠡᠭᠦᠷᠭᠡ ᠪᠠᠨ ᠭᠦᠢᠴᠡᠳ ᠭᠦᠢᠴᠡᠳᠬᠡᠬᠦ ᠠᠴᠠ ᠭᠠᠳᠠᠨ᠎ᠠ ᠡᠯᠧᠺᠲᠷᠣᠨ ᠬᠤᠳᠠᠯᠳᠤᠭᠠᠨ ᠤ ᠲᠠᠪᠴᠠᠩ ᠪᠠᠰᠠ ᠬᠠᠷᠢᠭᠤᠴᠠᠯᠭ᠎ᠠ ᠪᠠᠨ ᠢᠳᠡᠪᠬᠢᠲᠡᠶ ᠭᠦᠢᠴᠡᠳᠭᠡᠵᠦ ︽ᠲᠤᠯᠤᠭᠠᠨ ᠡᠳᠦᠷ ᠲᠤ ᠤᠴᠢᠷ ᠰᠢᠯᠲᠠᠭᠠᠨ ᠦᠭᠡᠢ ᠪᠠᠷ ᠲᠠᠸᠠᠷ ᠢ ᠪᠤᠴᠠᠭᠠᠬᠤ︾ ᠭᠤᠮᠣᠳᠠᠯ ᠲᠣᠭᠠᠴᠢᠯᠲᠠ᠂ ᠵᠠᠭᠠᠯᠳᠤᠯᠭ᠎ᠠ ᠶᠢᠨ ᠶᠠᠪᠤᠴᠠ ᠶᠢ ᠲᠡᠭᠦᠯᠳᠡᠷᠵᠢᠭᠦᠯᠵᠦ᠂ ᠴᠠᠭ ᠲᠤᠬᠠᠶ ᠳᠤᠨᠢ ᠣᠷᠣᠯᠴᠠᠵᠤ᠂ ᠵᠢᠭᠤᠷᠠᠯᠳᠤᠭᠠᠨ ᠢ ᠰᠢᠢᠳᠪᠦᠷᠢᠯᠡᠵᠦ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠠᠮᠲᠤ ᠪᠠᠷ ᠬᠠᠮᠠᠭᠠᠯᠠᠪᠠᠯ ᠵᠣᠬᠢᠨ᠎ᠠ᠃