ᠬᠠᠪᠤᠷ ᠤᠨ ᠴᠠᠢ ᠶᠢᠨ ᠴᠠᠭ ᠲᠤ ᠬᠠᠪᠤᠷ ᠤᠨ ᠨᠣᠭᠤᠭᠠᠨ ᠴᠠᠢ ᠶᠢ ᠬᠡᠷᠬᠢᠨ ᠵᠥᠪ ᠢᠶᠠᠷ ᠰᠣᠩᠭᠤᠨ ᠬᠤᠳᠠᠯᠳᠤᠵᠤ ᠠᠪᠬᠤ ᠪᠤᠢ︖
ᠨᠡᠶᠢᠲᠡᠯᠡᠭᠰᠡᠨ ᠴᠠᠭ᠄
2024/4/12

    ᠡᠬᠡ ᠭᠠᠵᠠᠷ ᠬᠠᠪᠤᠷ ᠤᠨ ᠥᠩᠭᠡ ᠪᠠᠷ ᠪᠢᠯᠬᠠᠵᠤ᠂ ᠯᠦᠩᠵᠢᠩ ᠴᠠᠢ᠂ ᠪᠢ ᠯᠥᠸᠧ ᠴᠦᠠ᠂ ᠬᠤᠸᠠᠩ ᠱᠠᠨ ᠮᠣᠤ ᠹᠧᠩ ᠵᠡᠷᠭᠡ ᠨᠠᠷᠠᠲᠤ ᠰᠢᠯᠢᠳᠡᠭ ᠬᠠᠪᠤᠷ ᠤᠨ ᠨᠣᠭᠤᠭᠠᠨ ᠴᠠᠢ ᠵᠠᠬ᠎ᠠ ᠳᠡᠯᠭᠡᠭᠦᠷ ᠲᠤ ᠭᠠᠷᠬᠤ ᠴᠠᠭ ᠪᠣᠯᠤᠭᠰᠠᠨ ᠪᠠᠶᠢᠨ᠎ᠠ᠃ ᠬᠠᠪᠤᠷ ᠤᠨ ᠨᠣᠭᠤᠭᠠᠨ ᠴᠠᠢ ᠨᠢ ᠠᠩᠬᠢᠯᠤᠮ᠎ᠠ ᠰᠠᠶᠢᠬᠠᠨ ᠦᠨᠦᠷ ᠠᠮᠲᠠ ᠲᠠᠢ ᠪᠥᠭᠡᠳ ᠨᠡᠶᠢᠳᠡᠮ ᠳᠤ ᠪᠠᠨ ᠵᠤᠨ ᠨᠠᠮᠤᠷ ᠤᠨ ᠴᠠᠢ ᠠᠴᠠ ᠳᠠᠪᠠᠭᠤᠯᠢᠭ ᠣᠨᠴᠠᠯᠢᠭ ᠲᠠᠢ ᠪᠠᠶᠢᠳᠠᠭ᠃ ᠴᠠᠢ ᠳᠤ ᠣᠯᠠᠨ ᠵᠦᠢᠯ ᠤᠨ ᠪᠢᠣᠯᠣᠭᠢ ᠶᠢᠨ ᠢᠳᠡᠪᠬᠢ ᠲᠠᠢ ᠪᠦᠷᠢᠯᠳᠦᠬᠦᠨ ᠠᠭᠤᠯᠤᠭᠳᠠᠳᠠᠭ᠂ ᠲᠤᠬᠠᠶᠢᠯᠠᠪᠠᠯ ᠴᠠᠢ ᠶᠢᠨ ᠣᠯᠠᠨ ᠹᠧᠨᠤᠯ᠂ ᠴᠠᠢ ᠶᠢᠨ ᠰᠢᠪᠲᠦᠷᠲᠦ ᠬᠦᠴᠢᠯ᠂ ᠴᠠᠢ ᠶᠢᠨ ᠰᠢᠬᠢᠷ ᠵᠡᠷᠭᠡ ᠠᠭᠤᠯᠠᠳᠠᠭ ᠪᠣᠯᠬᠤᠷ ᠢᠰᠦᠯᠳᠦᠬᠦ ᠶᠢ ᠡᠰᠡᠷᠭᠦᠴᠡᠬᠦ᠂ ᠶᠠᠳᠠᠷᠠᠭ᠎ᠠ ᠶᠢ ᠠᠷᠢᠯᠭᠠᠬᠤ᠂ ᠣᠯᠠᠨ ᠵᠦᠢᠯ ᠤᠨ ᠰᠣᠯᠢᠯᠴᠠᠭᠠᠨ ᠤ ᠡᠪᠡᠳᠴᠢᠨ ᠡᠮᠭᠡᠭ ᠢ ᠤᠷᠢᠳᠴᠢᠯᠠᠨ ᠰᠡᠷᠭᠡᠶᠢᠯᠡᠬᠦ ᠵᠡᠷᠭᠡ ᠴᠢᠳᠠᠪᠬᠢ ᠲᠠᠢ ᠪᠣᠯᠬᠤᠷ ᠤᠷᠲᠤ ᠬᠤᠭᠤᠴᠠᠭ᠎ᠠ ᠪᠠᠷ ᠤᠤᠭᠤᠪᠠᠯ ᠪᠡᠶ᠎ᠡ ᠮᠠᠬᠠᠪᠣᠳ ᠤᠨ ᠡᠷᠡᠭᠦᠯ ᠴᠢᠭᠢᠷᠠᠭ ᠢ ᠶᠡᠬᠡᠪᠡᠷ ᠠᠬᠢᠭᠤᠯᠵᠤ ᠴᠢᠳᠠᠳᠠᠭ᠃ ᠭᠡᠪᠡᠴᠦ ᠲᠡᠭᠦᠬᠦ ᠴᠠᠭ᠂ ᠡᠳ᠋ᠰᠢᠭᠦᠯᠬᠦ ᠮᠡᠷᠭᠡᠵᠢᠯ ᠵᠡᠷᠭᠡ ᠬᠦᠴᠦᠨ ᠵᠦᠢᠯ ᠤᠨ ᠨᠥᠯᠥᠭᠡ ᠠᠴᠠ ᠪᠣᠯᠵᠣ᠂ ᠬᠠᠪᠤᠷ ᠤᠨ ᠨᠣᠭᠤᠭᠠᠨ ᠴᠠᠢ ᠶᠢᠨ ᠶᠠᠰᠤ ᠴᠢᠨᠠᠷ ᠨᠢ ᠲᠡᠭᠰᠢ ᠪᠤᠰᠤ᠂ ᠦᠨ᠎ᠡ ᠬᠠᠩᠰᠢ ᠶᠢᠨ ᠲᠠᠯ᠎ᠠ ᠪᠠᠷ ᠮᠠᠰᠢ ᠶᠡᠭᠡ ᠵᠥᠷᠢᠶ᠎ᠡ ᠲᠠᠢ ᠪᠠᠶᠢᠳᠠᠭ᠃ ᠰᠣᠩᠭᠤᠵᠤ ᠬᠤᠳᠠᠯᠳᠤᠨ ᠠᠪᠬᠤ ᠳᠠᠭᠠᠨ ᠨᠢᠭᠡ ᠳᠤ ᠠᠵᠢᠭᠯᠠᠬᠤ᠂ ᠬᠤᠶᠠᠷ ᠲᠤ ᠲᠡᠮᠲᠡᠷᠢᠬᠦ᠂ ᠭᠤᠷᠪᠠ ᠳᠤ ᠠᠮᠲᠠᠯᠠᠬᠤ᠂ ᠳᠥᠷᠪᠡ ᠳᠤ ᠦᠨᠦᠷᠯᠡᠬᠦ ᠪᠠᠷ ᠥᠩᠭᠡ᠂ ᠠᠮᠲᠠ᠂ ᠬᠡᠯᠪᠡᠷᠢ ᠳᠦᠷᠰᠦ ᠨᠢ ᠪᠦᠷᠢᠨ ᠰᠠᠶᠢᠨ ᠬᠠᠪᠤᠷ ᠤᠨ ᠴᠠᠢ ᠰᠣᠩᠭᠤᠵᠤ ᠪᠣᠯᠣᠨ᠎ᠠ᠃

ᠨᠢᠭᠡ᠄ ᠠᠵᠢᠭᠯᠠᠬᠤ

    ᠭᠤᠣᠯᠳᠠᠭᠤ ᠴᠠᠢ ᠶᠢᠨ ᠭᠠᠳᠠᠷ ᠳᠥᠷᠬᠦ᠂ ᠴᠠᠢ ᠤᠰᠤᠨ ᠤ ᠥᠩᠭᠡ ᠪᠣᠯᠤᠨ ᠳᠡᠪᠲᠦᠭᠡᠭᠳᠡᠭᠰᠡᠨ ᠨᠠᠪᠴᠢ ᠶᠢ ᠠᠵᠢᠭᠯᠠᠨ᠎ᠠ᠃ ᠴᠠᠢ ᠶᠢ ᠰᠣᠩᠭᠤᠵᠤ ᠬᠤᠳᠠᠯᠳᠤᠨ ᠠᠪᠬᠤ ᠳᠤ ᠪᠠᠨ ᠬᠠᠷᠠᠭᠠᠨ ᠤ ᠰᠡᠷᠡᠯ ᠨᠢ ᠴᠢᠬᠤᠯᠠ ᠪᠠᠶᠢᠷᠢ ᠰᠠᠭᠤᠷᠢ ᠶᠢ ᠡᠵᠡᠯᠡᠵᠦ᠂ ᠵᠣᠬᠢᠬᠤ ᠬᠡᠮᠵᠢᠶ᠎ᠡ ᠪᠠᠷ ᠴᠠᠢ ᠪᠦᠷᠢᠵᠦ᠂ ᠴᠠᠢ ᠪᠣᠯᠤᠨ ᠳᠡᠪᠲᠦᠭᠡᠭᠳᠡᠭᠰᠡᠨ ᠨᠠᠪᠴᠢ ᠶᠢ ᠨᠠᠷᠢᠨ ᠠᠵᠢᠭᠯᠠᠬᠤ ᠶᠢᠨ ᠬᠠᠮᠲᠤ ᠠᠯᠢ ᠴᠢᠳᠠᠬᠤ ᠪᠠᠷ ᠠᠳᠠᠯᠢ ᠭᠡᠷᠡᠯ ᠲᠤᠰᠤᠯᠲᠠ ᠪᠦᠬᠦᠢ ᠨᠥᠬᠦᠴᠡᠯ ᠳᠣᠣᠷ᠎ᠠ ᠠᠵᠢᠭᠯᠠᠬᠤ ᠬᠡᠷᠡᠭᠲᠡᠢ᠃

   1. ᠭᠠᠳᠠᠷ ᠪᠠᠶᠢᠳᠠᠯ ᠢ ᠠᠵᠢᠭᠯᠠᠨ᠎ᠠ᠃ ᠡᠭᠦᠨ ᠳᠤ ᠬᠡᠯᠪᠡᠷᠢ ᠳᠦᠷᠰᠦ᠂ ᠰᠣᠷᠭᠤᠭ ᠡᠰᠡᠬᠦ᠂ ᠥᠩᠭᠡ ᠪᠤᠳᠤᠭ᠂ ᠵᠢᠭᠳᠡ ᠪᠦᠷᠢᠨ ᠡᠰᠡᠬᠦ᠂ ᠴᠡᠪᠡᠷᠴᠡ ᠶᠢᠨ ᠬᠡᠮᠵᠢᠶ᠎ᠡ ︵ᠬᠤᠯᠢᠯᠳᠤᠭᠰᠠᠨ ᠪᠣᠳᠠᠰ ᠤᠨ ᠠᠭᠤᠯᠤᠭᠳᠠᠴᠠ︶ ᠵᠡᠷᠭᠡ ᠃ ᠨᠢᠯᠵᠠᠷᠠᠢ ᠵᠥᠭᠡᠯᠡᠨ ᠴᠠᠢ ᠶᠢᠨ ᠨᠠᠬᠢᠶ᠎ᠠ ᠨᠢ ᠨᠠᠷᠢᠨ ᠦᠰᠤ ᠲᠠᠢ᠂ ᠪᠣᠯᠪᠠᠰᠤᠷᠠᠭᠤᠯᠤᠭᠰᠠᠨ ᠤ ᠳᠠᠷᠠᠭᠠᠬᠢ ᠴᠠᠢ ᠶᠢ ᠴᠠᠢ ᠶᠢᠨ ᠰᠣᠷ ᠭᠡᠳᠡᠭ᠃ ᠨᠣᠭᠤᠭᠠᠨ ᠴᠠᠢ ᠶᠢᠨ ᠰᠣᠷ ᠨᠢ ᠮᠥᠩᠭᠦᠨ ᠴᠠᠭᠠᠨ ᠥᠩᠭᠡ ᠲᠠᠢ ᠪᠥᠭᠡᠳ ᠴᠠᠢ ᠶᠢᠨ ᠰᠣᠷ ᠨᠢ ᠬᠡᠳᠦᠢ ᠠᠷᠪᠢᠨ ᠪᠣᠯ ᠲᠡᠳᠦᠢ ᠰᠢᠨ᠎ᠡ ᠰᠣᠷᠭᠤᠭ ᠭᠡᠳᠡᠭ ᠢ ᠬᠠᠷᠠᠭᠤᠯᠵᠤ ᠪᠠᠶᠢᠭ᠎ᠠ ᠪᠥᠭᠡᠳ ᠭᠠᠳᠠᠷ ᠲᠠᠯ᠎ᠠ ᠠᠴᠠ ᠴᠠᠢ ᠶᠢᠨ ᠨᠠᠪᠴᠢ ᠶᠢ ᠢᠯᠭᠠᠨ ᠲᠠᠨᠢᠬᠤ ᠴᠢᠬᠤᠯᠠ ᠠᠷᠭ᠎ᠠ ᠪᠠᠷᠢᠯ ᠤᠨ ᠨᠢᠭᠡ ᠨᠢ ᠪᠣᠯᠤᠨ᠎ᠠ᠃

   2. ᠴᠠᠢ ᠤᠰᠤᠨ ᠤ ᠥᠩᠭᠡ ᠶᠢ ᠠᠵᠢᠭᠯᠠᠨ᠎ᠠ᠃ ᠴᠠᠢ ᠪᠦᠷᠢᠭᠰᠡᠨ ᠤ ᠳᠠᠷᠠᠭᠠᠬᠢ ᠴᠠᠢ ᠤᠰᠤᠨ ᠤ ᠥᠩᠭᠡ᠂ ᠭᠡᠷᠡᠯᠲᠦᠭᠦᠯᠭᠡ ᠶᠢᠨ ᠬᠡᠮᠵᠢᠶ᠎ᠡ᠂ ᠪᠤᠯᠠᠩᠭᠢᠷ ᠤᠨ ᠪᠠᠶᠢᠳᠠᠯ ᠵᠡᠷᠭᠡ ᠶᠢ ᠠᠵᠢᠭᠯᠠᠨ᠎ᠠ᠂ ᠴᠠᠢ ᠤᠰᠤ ᠨᠢ ᠡᠩ ᠤᠨ ᠪᠠᠶᠢᠳᠠᠯ ᠳᠤ ᠲᠤᠩᠭᠠᠯᠠᠭ ᠭᠡᠭᠡᠨ ᠪᠠᠶᠢᠪᠠᠯ ᠰᠠᠶᠢᠨ᠃ ᠨᠤᠭᠤᠭᠠᠨ ᠴᠠᠢ ᠶᠢᠨ ᠴᠠᠢ ᠤᠰᠤᠨ ᠤ ᠥᠩᠭᠡ ᠨᠢ ᠨᠢᠯᠬ᠎ᠠ ᠨᠣᠭᠤᠭᠠᠨ᠂ ᠵᠦᠬᠡᠯᠡᠨ ᠰᠢᠷ᠎ᠠ᠂ ᠨᠣᠭᠤᠭᠠᠨ ᠥᠩᠭᠡ ᠲᠠᠢ ᠲᠤᠩᠭᠠᠯᠠᠭ ᠭᠡᠭᠡᠨ ᠪᠣᠯ ᠰᠠᠶᠢᠨ ᠴᠠᠢ ᠳᠤ ᠣᠷᠣᠨ᠎ᠠ᠃ ᠵᠠᠷᠢᠮ ᠰᠢᠨ᠎ᠡ ᠴᠠᠢ ᠳᠤ ᠮᠠᠰᠢ ᠣᠯᠠᠨ ᠴᠠᠢ ᠶᠢᠨ ᠰᠣᠷ ᠠᠭᠤᠯᠤᠭᠳᠠᠳᠠᠭ ᠪᠥᠭᠡᠳ ᠴᠠᠢ ᠤᠰᠤᠨ ᠤ ᠳᠡᠭᠡᠳᠦ ᠳᠠᠪᠬᠤᠷ ᠲᠤ ᠨᠢᠮᠭᠡᠨ ᠰᠣᠷ ᠬᠥᠪᠦᠭᠰᠡᠨ ᠪᠠᠶᠢᠳᠠᠭ᠂ ᠡᠨᠡ ᠨᠢ ᠮᠥᠨ ᠴᠤ ᠰᠠᠶᠢᠨ ᠴᠠᠢ ᠶᠢᠨ ᠨᠢᠭᠡ ᠪᠠᠷᠢᠮᠵᠢᠶ᠎ᠠ ᠮᠥᠨ᠃

    3. ᠳᠡᠪᠲᠦᠭᠡᠭᠳᠡᠭᠰᠡᠨ ᠨᠠᠪᠴᠢ ᠶᠢ ᠠᠵᠢᠭᠯᠠᠨ᠎ᠠ᠃ ᠴᠠᠢ ᠪᠦᠷᠢᠭᠰᠡᠨ ᠤ ᠳᠠᠷᠠᠭᠠᠬᠢ ᠳᠡᠪᠲᠦᠭᠡᠭᠳᠡᠭᠰᠡᠨ ᠨᠠᠪᠴᠢ ᠶᠢᠨ ᠵᠥᠭᠡᠯᠡᠨ᠂ ᠥᠩᠭᠡ ᠪᠤᠳᠤᠭ᠂ ᠪᠦᠷᠢᠨ ᠪᠦᠲᠦᠨ ᠬᠡᠮᠵᠢᠶ᠎ᠡ ᠪᠣᠯᠤᠨ ᠵᠢᠭᠳᠡ ᠴᠢᠨᠠᠷ ᠵᠡᠷᠭᠡ ᠶᠢ ᠠᠵᠢᠭᠯᠠᠪᠠᠯ ᠥᠩᠭᠡ ᠨᠢ ᠵᠢᠭᠳᠡ ᠲᠤᠩᠭᠠᠯᠠᠭ᠂ ᠬᠡᠯᠪᠡᠷᠢ ᠨᠢ ᠪᠦᠷᠢᠨ ᠪᠦᠲᠦᠨ᠂ ᠵᠥᠭᠡᠯᠡᠨ ᠪᠠᠶᠢᠪᠠᠯ ᠰᠠᠶᠢᠨ ᠴᠠᠢ ᠳᠤ ᠣᠷᠣᠨ᠎ᠠ᠃ ᠨᠠᠷᠠᠲᠦ ᠰᠢᠯᠢᠳᠡᠭ ᠨᠤᠭᠤᠭᠠᠨ ᠴᠠᠢ ᠨᠢ ᠶᠡᠷᠦ ᠳᠤ ᠪᠠᠨ ᠳᠠᠩ ᠨᠠᠬᠢᠶ᠎ᠠ ᠠᠴᠠ ᠨᠢᠭᠡ ᠨᠠᠬᠢᠶ᠎ᠠ ᠬᠤᠶᠠᠷ ᠨᠠᠪᠴᠢᠲᠤ ᠨᠠᠬᠢᠶ᠎ᠠ ᠪᠠᠷ ᠲᠦᠭᠦᠬᠡᠢ ᠡᠳ᠋ ᠪᠣᠯᠭᠠᠵᠤ᠂ ᠵᠦᠭᠡᠯᠡᠨ ᠰᠣᠷᠭᠤᠭ᠂ ᠳᠡᠪᠲᠦᠭᠡᠭᠳᠡᠭᠰᠡᠨ ᠨᠠᠪᠴᠢ ᠨᠢ ᠵᠢᠭᠳᠡ ᠮᠥᠷᠲᠡᠭᠡᠨ ᠨᠠᠪᠴᠢ ᠨᠢ ᠭᠡᠭᠡᠨ ᠰᠣᠷᠭᠤᠭ ᠥᠩᠭᠡ ᠲᠠᠢ ᠪᠠᠶᠢᠳᠠᠭ᠃

ᠬᠤᠶᠠᠷ᠄ ᠲᠡᠮᠲᠡᠷᠢᠬᠦ

    ᠭᠠᠷ ᠢᠶᠠᠷ ᠲᠡᠮᠲᠡᠷᠢᠵᠦ ᠴᠠᠢ ᠶᠢᠨ ᠭᠥᠯᠢᠭᠡᠷ᠂ ᠬᠠᠲᠠᠭᠤ ᠵᠥᠭᠡᠯᠡᠨ᠂ ᠴᠢᠭᠢᠭ ᠬᠠᠭᠤᠷᠠᠢ ᠶᠢᠨ ᠬᠡᠮᠵᠢᠶ᠎ᠡ ᠵᠡᠷᠭᠡ ᠶᠢ ᠮᠠᠭᠠᠳᠯᠠᠵᠤ ᠪᠣᠯᠳᠠᠭ᠃ ᠬᠠᠭᠤᠷᠠᠢ ᠴᠠᠢ ᠶᠢ ᠲᠡᠮᠲᠡᠷᠢᠬᠦ ᠪᠠᠷ ᠳᠠᠮᠵᠢᠵᠤ ᠴᠠᠢ ᠶᠢᠨ ᠤᠰᠤᠨ ᠤ ᠠᠭᠤᠯᠤᠭᠳᠠᠴᠠ ᠶᠢᠨ ᠬᠡᠮᠵᠢᠶ᠎ᠡ ᠨᠢ ᠬᠢᠷᠢ ᠲᠡᠩᠴᠡᠬᠦ ᠡᠰᠡᠬᠦ ᠶᠢ ᠠᠩᠬ᠎ᠠ ᠠᠯᠬᠤᠮ ᠮᠠᠭᠠᠳᠯᠠᠵᠤ ᠪᠣᠯᠤᠨ᠎ᠠ᠃ ᠬᠠᠲᠠᠭᠠᠭᠰᠠᠨ ᠬᠦᠬᠡ ᠨᠤᠭᠤᠭᠠᠨ ᠴᠠᠢ ᠠᠴᠠ ᠭᠠᠳᠠᠨ᠎ᠠ᠂ ᠬᠠᠭᠤᠷᠠᠢ ᠨᠣᠭᠤᠭᠠᠨ ᠴᠠᠢ ᠶᠢᠨ ᠤᠰᠤᠨ ᠤ ᠠᠭᠤᠯᠤᠭᠳᠠᠴᠠ ᠨᠢ 7% ᠠᠴᠠ ᠲᠤᠤᠷ᠎ᠠ ᠪᠠᠶᠢᠬᠤ ᠬᠡᠷᠡᠭᠲᠡᠢ᠂ ᠡᠶᠢᠮᠦ ᠴᠠᠢ ᠶᠢ ᠬᠤᠷᠤᠭᠤ ᠪᠠᠷ ᠢᠮᠡᠷᠪᠡᠯ ᠰᠤᠶᠢᠷᠠᠵᠤ ᠨᠤᠨᠳᠠᠭ ᠪᠣᠯᠳᠠᠭ᠃ ᠬᠡᠷᠪᠡ ᠴᠠᠢ ᠶᠢᠨ ᠤᠶᠠᠨ ᠬᠠᠲᠠᠨ ᠴᠢᠨᠠᠷ ᠨᠢ ᠢᠯᠡᠷᠬᠡᠢ᠂ ᠠᠮᠠᠷᠬᠠᠨ ᠰᠦᠢᠷᠡᠬᠦ ᠦᠭᠡᠢ ᠪᠣᠯ ᠬᠠᠭᠤᠷᠠᠢ ᠴᠠᠢ ᠶᠢᠨ ᠤᠰᠤᠨ ᠤ ᠠᠭᠤᠯᠤᠭᠳᠠᠴᠠ ᠨᠢ ᠬᠡᠲᠦ ᠥᠨᠳᠥᠷ ᠪᠣᠯᠬᠤᠷ ᠬᠠᠳᠠᠭᠠᠯᠠᠬᠤ ᠶᠠᠪᠤᠴᠠ ᠳᠤ ᠠᠮᠠᠷᠬᠠᠨ ᠴᠢᠨᠠᠷ ᠨᠢ ᠬᠤᠪᠢᠷᠠᠳᠠᠭ᠃ ᠡᠭᠦᠨ ᠠᠴᠠ ᠭᠠᠳᠠᠨ᠎ᠠ᠂ ᠨᠡᠷᠡᠲᠦ ᠰᠢᠯᠢᠳᠡᠭ ᠴᠠᠢ ᠶᠢᠨ ᠳᠡᠪᠲᠦᠭᠡᠭᠳᠡᠭᠰᠡᠨ ᠨᠠᠪᠴᠢ ᠶᠢ ᠲᠡᠮᠲᠡᠷᠢᠬᠦ ᠳᠤ ᠵᠥᠭᠡᠯᠡᠨ ᠪᠥᠭᠡᠳ ᠤᠶᠠᠨ ᠬᠠᠲᠠᠨ ᠪᠠᠶᠢᠵᠤ᠂ ᠳᠣᠣᠷ᠎ᠠ ᠳᠡᠰ ᠤᠨ ᠴᠠᠢ ᠶᠢ ᠲᠡᠮᠲᠡᠷᠢᠬᠦ ᠳᠤ ᠨᠢᠮᠭᠡᠨ ᠪᠠᠶᠢᠳᠠᠭ᠃

ᠭᠤᠷᠪᠠ᠄ ᠦᠨᠦᠷᠯᠡᠬᠦ

    ᠴᠠᠢ ᠶᠢᠨ ᠦᠨᠦᠷ ᠭᠡᠳᠡᠭ ᠨᠢ ᠪᠦᠷᠢᠭᠰᠡᠨ ᠤ ᠳᠠᠷᠠᠭᠠᠬᠢ ᠠᠩᠬᠢᠯᠤᠮ᠎ᠠ ᠦᠨᠦᠷ ᠢ ᠵᠢᠭᠠᠵᠤ ᠪᠠᠶᠢᠨ᠎ᠠ᠃ ᠰᠣᠩᠭᠤᠨ ᠬᠤᠳᠠᠯᠳᠤᠨ ᠠᠪᠬᠤ ᠳᠤ ᠪᠠᠨ ᠭᠤᠣᠯᠳᠠᠭᠤ ᠪᠦᠷᠢᠭᠰᠡᠨ ᠤ ᠳᠠᠷᠠᠭᠠᠬᠢ ᠴᠠᠢ ᠶᠢᠨ ᠦᠨᠦᠷ ᠤᠨ ᠴᠡᠪᠡᠷᠴᠡ ᠶᠢᠨ ᠪᠠᠶᠢᠳᠠᠯ᠂ ᠦᠨᠦᠷ᠂ ᠦᠨᠦᠷᠲᠦᠭᠳᠡᠬᠦ ᠬᠤᠭᠤᠴᠠᠭ᠎ᠠ ᠵᠡᠷᠭᠡ ᠪᠠᠶᠢᠳᠠᠯ ᠢ ᠠᠵᠢᠭᠯᠠᠨ᠎ᠠ᠃ ᠶᠡᠷᠦ ᠶᠢᠨ ᠪᠠᠶᠢᠳᠠᠯ ᠳᠣᠣᠷ᠎ᠠ ᠭᠤᠷᠪᠠᠨ ᠠᠯᠬᠤᠮ ᠢᠶᠠᠷ ᠦᠨᠦᠷᠯᠡᠳᠡᠭ᠂ ᠳᠠᠷᠤᠢ ᠬᠠᠯᠠᠭᠤᠨ ᠳᠤ ᠨᠢ ᠦᠨᠦᠷᠯᠡᠬᠦ᠂ ᠪᠦᠯᠢᠶᠡᠨ ᠳᠤ ᠨᠢ ᠦᠨᠦᠷᠯᠡᠬᠦ ᠪᠠ ᠬᠥᠷᠥᠭᠰᠡᠨ ᠤ ᠳᠠᠷᠠᠭ᠎ᠠ ᠦᠨᠦᠷᠯᠡᠬᠦ᠂ ᠲᠤᠬᠠᠢᠯᠠᠪᠠᠯ ᠠᠳᠠᠯᠢ ᠪᠤᠰᠤ ᠳᠤᠯᠠᠭᠠᠨ ᠤ ᠬᠡᠮᠵᠢᠶ᠎ᠡ ᠪᠠ ᠴᠠᠭ ᠬᠤᠭᠤᠴᠠᠭ᠎ᠠ ᠳᠤ ᠴᠠᠢ ᠶᠢᠨ ᠠᠩᠬᠢᠯᠤᠮ᠎ᠠ ᠦᠨᠦᠷ ᠤᠨ ᠣᠨᠴᠠᠯᠢᠭ ᠵᠢᠴᠢ ᠬᠤᠪᠢᠷᠠᠯᠲᠠ ᠶᠢ ᠲᠤᠰ ᠲᠤᠰ ᠠᠵᠢᠭᠯᠠᠨ᠎ᠠ᠂ ᠡᠭᠦᠨ ᠳᠤ ᠬᠠᠯᠠᠭᠤᠨ‌‍ᠳᠤ ᠨᠢ ᠦᠨᠦᠷᠯᠡᠬᠦ ᠨᠢ ᠴᠡᠪᠡᠷᠴᠡ ᠶᠢᠨ ᠪᠠᠶᠢᠳᠠᠯ᠂ ᠪᠦᠯᠢᠶᠡᠨ ᠳᠤ ᠨᠢ ᠦᠨᠦᠷᠯᠡᠬᠦ ᠪᠣᠯ ᠦᠨᠦᠷ ᠤᠨ ᠲᠥᠷᠥᠯ ᠵᠦᠢᠯ᠂ ᠬᠥᠷᠥᠭᠰᠡᠨ ᠤ ᠳᠠᠷᠠᠭ᠎ᠠ ᠦᠨᠦᠷᠯᠡᠬᠦ ᠨᠢ ᠦᠨᠦᠷᠲᠦᠭᠳᠡᠬᠦ ᠬᠤᠭᠤᠴᠠᠭ᠎ᠠ ᠵᠡᠷᠭᠡ ᠶᠢ ᠢᠯᠭᠠᠨ ᠲᠠᠨᠢᠳᠠᠭ᠃ ᠡᠳᠦᠷ ᠲᠤᠲᠤᠮ ᠤᠨ ᠰᠣᠩᠭᠤᠨ ᠬᠤᠳᠠᠯᠳᠤᠨ ᠠᠪᠬᠤ ᠳᠤ ᠪᠠᠨ ᠪᠠᠭ᠎ᠠ ᠬᠡᠮᠵᠢᠶᠡᠨ ᠤ ᠬᠠᠭᠤᠷᠠᠢ ᠴᠠᠢ ᠶᠢ ᠪᠤᠴᠠᠯᠤᠭᠰᠠᠨ ᠤᠰᠤ ᠪᠠᠷ ᠪᠦᠷᠢᠵᠦ ᠦᠨᠦᠷᠲᠦᠵᠦ ᠢᠯᠭᠠᠵᠤ ᠪᠣᠯᠣᠨ᠎ᠠ᠃

ᠳᠥᠷᠪᠡ᠄ ᠠᠮᠰᠠᠬᠤ

    ᠡᠳᠦᠷ ᠲᠤᠲᠤᠮ ᠴᠠᠢ ᠪᠦᠷᠢᠬᠦ ᠳᠤ ᠪᠤᠴᠠᠯᠤᠭᠰᠠᠨ ᠤᠰᠤ ᠶᠢ ᠬᠡᠷᠡᠭᠯᠡᠵᠦ᠂ ᠴᠠᠶ ᠶᠢᠨ ᠬᠡᠮᠵᠢᠶ᠎ᠡ ᠪᠠᠨ ᠶᠡᠭᠡ ᠰᠢᠭ ᠪᠠᠶᠢᠯᠭᠠᠵᠤ᠂ ᠵᠣᠬᠢᠬᠤ ᠬᠡᠮᠵᠢᠶᠡᠨ ᠤ ᠳᠡᠪᠲᠦᠭᠡᠬᠦ ᠬᠤᠭᠤᠴᠠᠭ᠎ᠠ ᠶᠢ ᠦᠨᠡᠨᠬᠦ ᠪᠠᠲᠤᠯᠠᠵᠤ᠂ ᠡᠩ ᠤᠨ ᠪᠠᠶᠢᠳᠠᠯ ᠳᠤ 1 g᠄ 50mL ᠴᠠᠶ ᠤᠰᠤ ᠶᠢᠨ ᠬᠠᠷᠢᠴᠠᠯ ᠢᠶᠠᠷ᠂ ᠳᠡᠪᠲᠦᠭᠡᠬᠦ ᠬᠤᠭᠤᠴᠠᠭ᠎ᠠ ᠶᠢ 3 ᠮᠢᠨᠦ᠋ᠲ ᠠᠴᠠ ᠳᠤᠲᠠᠭᠤ ᠦᠭᠡᠶ ᠪᠠᠶᠢᠯᠭᠠᠵᠤ᠂ ᠴᠠᠶ ᠶᠢᠨ ᠳᠣᠲᠣᠷᠠᠬᠢ ᠪᠣᠳᠠᠰ ᠢ ᠭᠦᠢᠴᠡᠳ ᠨᠡᠪᠴᠢᠭᠦᠯᠦᠨ᠎ᠡ᠃ ᠠᠮᠲᠠᠯᠠᠬᠤ ᠳᠠᠭᠠᠨ ᠭᠤᠣᠯᠳᠠᠭᠤ ᠴᠠᠢ ᠤᠰᠤ ᠶᠢᠨ ᠠᠮᠲᠠ ᠶᠢᠨ ᠥᠳᠬᠡᠴᠡ᠂ ᠠᠮᠲᠠᠯᠢᠭ᠂ ᠰᠣᠷᠭᠤᠭ᠂ ᠭᠠᠰᠢᠭᠤᠨ ᠤ ᠬᠡᠮᠵᠢᠶ᠎ᠡ ᠵᠡᠷᠭᠡ 4 ᠲᠠᠯ᠎ᠠ ᠶᠢ ᠠᠩᠬᠠᠷᠳᠠᠭ᠃ ᠥᠳᠬᠡᠴᠡ ᠭᠡᠳᠡᠭ ᠨᠢ ᠴᠠᠢ ᠤᠰᠤᠨ ᠤ ᠠᠮᠲᠠ ᠶᠢᠨ ᠰᠡᠳᠡᠬᠦ ᠴᠢᠨᠠᠷ ᠢ ᠵᠢᠭᠠᠳᠠᠭ᠂ ᠠᠮᠲᠠᠯᠢᠭ ᠭᠡᠳᠡᠭ ᠨᠢ ᠴᠠᠢ ᠤᠰᠤᠨ ᠤ ᠰᠢᠬᠢᠷᠯᠢᠭ ᠪᠠ ᠰᠣᠷᠭᠤᠭ ᠠᠮᠲᠠᠯᠠᠭᠳᠠᠬᠤ ᠶᠢ ᠵᠢᠭᠠᠳᠠᠭ᠂ ᠭᠠᠰᠢᠭᠤᠨ ᠤ ᠬᠡᠮᠵᠢᠶ᠎ᠡ ᠭᠡᠳᠡᠭ ᠨᠢ ᠭᠠᠰᠢᠭᠤᠨ ᠠᠮᠲᠠ ᠪᠣᠯᠣᠨ ᠡᠬᠡᠭᠦᠨ ᠠᠮᠲᠠ ᠶᠢ ᠵᠢᠭᠠᠳᠠᠭ᠃ ᠨᠡᠷᠡᠲᠦ ᠰᠢᠯᠢᠳᠡᠭ ᠰᠠᠶᠢᠨ ᠴᠠᠢ ᠶᠢᠨ ᠠᠮᠲᠠ ᠨᠢ ᠶᠡᠷᠦᠳᠡ ᠶᠢᠨ ᠪᠠᠶᠢᠳᠠᠯ ᠳᠤ ᠰᠢᠬᠢᠷᠯᠢᠭ ᠪᠠ ᠰᠣᠷᠭᠤᠭ ᠤᠨ ᠬᠡᠮᠵᠢᠶ᠎ᠡ ᠨᠢ ᠥᠨᠳᠥᠷ ᠪᠠᠶᠢᠵᠤ᠂ ᠡᠬᠡᠭᠦᠨ ᠤ ᠬᠡᠮᠵᠢᠶ᠎ᠡ ᠳᠣᠣᠷ᠎ᠠ ᠪᠤᠶᠤ ᠡᠬᠡᠭᠦᠨ ᠠᠮᠲᠠ ᠦᠭᠡᠢ ᠪᠠᠶᠢᠳᠠᠭ᠃ ᠳᠡᠭᠡᠳᠦ ᠳᠡᠰ ᠤᠨ ᠴᠠᠢ ᠳᠤ ᠡᠬᠡᠭᠦᠨ ᠠᠮᠲᠠ ᠦᠭᠡᠢ ᠪᠠᠶᠢᠳᠠᠭ᠃ ᠥᠳᠬᠡᠴᠡ ᠶᠢᠨ ᠬᠡᠮᠵᠢᠶ᠎ᠡ ᠪᠣᠯ ᠰᠠᠶᠢᠨ ᠴᠠᠢ ᠶᠢ ᠮᠠᠭᠠᠳᠯᠠᠬᠤ ᠪᠠᠷᠢᠮᠵᠢᠶ᠎ᠠ ᠪᠢᠰᠢ᠂ ᠭᠡᠪᠡᠴᠦ ᠬᠡᠲᠦ ᠳᠣᠣᠷ᠎ᠠ ᠥᠳᠬᠡᠴᠡ ᠶᠢᠨ ᠬᠡᠮᠵᠢᠶ᠎ᠡ ᠲᠠᠢ ᠳᠣᠣᠷ᠎ᠠ ᠪᠠᠶᠢᠵᠤ ᠪᠣᠯᠬᠤ ᠦᠭᠡᠢ᠃ ᠡᠭᠦᠨ ᠠᠴᠠ ᠭᠠᠳᠠᠨ᠎ᠠ᠂ ᠦᠨᠦᠷ ᠪᠣᠯᠤᠨ ᠠᠮᠲᠠ ᠨᠢ ᠡᠷᠬᠡᠪᠰᠢ ᠵᠣᠬᠢᠴᠠᠩᠭᠤᠢ ᠪᠠᠶᠢᠵᠤ᠂ ᠠᠮᠲᠠ ᠨᠢ ᠰᠤᠯᠠ ᠴᠠᠢ ᠶᠢᠨ ᠦᠨᠦᠷ ᠨᠢ ᠬᠡᠲᠦ ᠴᠢᠩᠭ᠎ᠠ ᠪᠣᠯ ᠤᠤᠭᠤᠬᠤ ᠳᠤ ᠡᠪ ᠦᠭᠡᠢ ᠪᠠᠶᠢᠳᠠᠭ᠃ ᠰᠣᠩᠭᠤᠵᠤ ᠬᠤᠳᠠᠯᠳᠤᠨ ᠠᠪᠬᠤ ᠦᠶᠡᠰ ᠬᠡᠷᠡᠭᠯᠡᠭᠴᠢᠳ ᠪᠠᠰᠠ ᠥᠪᠡᠷ ᠢᠶᠠᠨ ᠠᠮᠰᠠᠵᠤ ᠥᠪᠡᠷ ᠤᠨ ᠲᠥᠷᠥᠭᠳᠡᠯ ᠢᠶᠠᠨ ᠦᠨᠳᠦᠰᠦᠯᠡᠬᠦ ᠬᠡᠷᠡᠭᠲᠡᠢ᠃

 

ᠢᠷᠡᠯᠲᠡ᠄ ᠳᠤᠮᠳᠠᠳᠤ ᠤᠯᠤᠰ ᠤᠨ ᠢᠳᠡᠭᠡᠨ ᠤ ᠠᠮᠤᠷ ᠲᠦᠪᠰᠢᠨ