2024 ᠣᠨ ᠤ ᠬᠡᠦᠬᠡᠳ ᠤᠨ ᠪᠠᠶᠠᠷ ᠤᠨ ᠡᠳᠦᠷ ᠤᠨ ᠢᠳᠡᠭᠡᠨ ᠤᠮᠳᠠᠭᠠᠨ ᠤ ᠬᠡᠷᠡᠭᠯᠡᠭᠡᠨ ᠤ ᠰᠠᠨᠠᠭᠤᠯᠤᠮᠵᠢ
ᠨᠡᠶᠢᠲᠡᠯᠡᠭᠰᠡᠨ ᠴᠠᠭ᠄
2024/5/29

    ︽ᠵᠢᠷᠭᠤᠭᠠᠨ ᠰᠠᠷ᠎ᠠ ᠶᠢᠨ ᠨᠢᠭᠡᠨ︾ ᠤ ᠬᠡᠦᠬᠡᠳ ᠤᠨ ᠪᠠᠶᠠᠷ ᠤᠨ ᠡᠳᠦᠷ ᠤᠳᠠᠯ ᠦᠭᠡᠢ ᠢᠷᠡᠬᠦ ᠭᠡᠵᠦ ᠪᠠᠶᠢᠨ᠎ᠠ᠃ ᠡᠨᠡ ᠬᠦ ᠪᠢᠴᠢᠬᠠᠨ ᠨᠠᠶᠢᠵᠠ ᠨᠠᠷ ᠤᠨ ᠪᠠᠶᠠᠷ ᠤᠨ ᠡᠳᠦᠷ ᠲᠤ᠂ ᠪᠢᠳᠡ ᠬᠡᠦᠬᠡᠳ ᠤᠨ ᠢᠳᠡᠭᠡᠨ ᠤᠮᠳᠠᠭᠠᠨ ᠤ ᠠᠮᠤᠷ ᠲᠦᠪᠰᠢᠨ ᠪᠠ ᠡᠷᠡᠭᠦᠯ ᠮᠡᠨᠳᠦ ᠶᠢ ᠣᠨᠴᠠᠭᠠᠶᠢᠯᠠᠨ ᠠᠩᠬᠠᠷᠤᠯ ᠳᠤ ᠪᠠᠨ ᠲᠠᠯᠪᠢᠶ᠎ᠠ᠃

    ᠡᠳᠦᠷ ᠤᠨ ᠭᠤᠷᠪᠠᠨ ᠡᠷᠡᠨ ᠤ ᠬᠤᠭᠤᠯᠠ ᠶᠢ ᠪᠠᠲᠤᠯᠠᠵᠤ᠂ ᠰᠢᠮ᠎ᠡ ᠲᠡᠵᠢᠭᠡᠯ ᠢ ᠵᠣᠬᠢᠰᠲᠠᠢ ᠲᠣᠬᠢᠷᠠᠭᠤᠯᠬᠤ ᠬᠡᠷᠡᠭᠲᠡᠢ

    ᠠᠮᠤ ᠪᠤᠳᠠᠭ᠎ᠠ ᠪᠠᠷ ᠭᠤᠣᠯ ᠪᠣᠯᠭᠠᠬᠤ᠄ ᠲᠤᠲᠤᠷᠭ᠎ᠠ᠂ ᠮᠠᠨᠲᠠᠤ᠂ ᠬᠠᠭᠠᠷᠢᠮᠠᠯ ᠪᠣᠣᠪᠤ ᠵᠡᠷᠭᠡ ᠭᠤᠣᠯ ᠢᠳᠡᠭᠡᠨ ᠠᠴᠠ ᠭᠠᠳᠠᠨ᠎ᠠ᠂ ᠡᠷᠳᠡᠨᠢ ᠰᠢᠰᠢ᠂ ᠬᠤᠰᠢᠭᠤ ᠪᠤᠳᠠᠭ᠎ᠠ ᠵᠡᠷᠭᠡ ᠪᠦᠳᠦᠭᠦᠯᠢᠭ ᠠᠮᠤ ᠪᠠᠷ ᠭᠤᠣᠯ ᠢᠳᠡᠭᠡᠨ ᠪᠣᠯᠭᠠᠵᠤ ᠪᠣᠯᠣᠨ᠎ᠠ᠃

    ᠮᠢᠬ᠎ᠠ᠂ ᠥᠨᠳᠡᠭᠡ᠂ ᠰᠦ᠂ ᠳ᠋ᠧᠦᠹᠦ᠋ ᠵᠡᠷᠭᠡ ᠢᠳᠡᠭᠡᠨ ᠢ ᠴᠤ ᠵᠣᠬᠢᠬᠤ ᠬᠡᠮᠵᠢᠶ᠎ᠡ ᠪᠠᠷ ᠢᠳᠡᠭᠦᠯᠬᠦ ᠬᠡᠷᠡᠭᠲᠡᠢ᠃

    ᠢᠳᠡᠰᠢᠨ ᠨᠣᠭᠤᠭ᠎ᠠ ᠵᠢᠮᠢᠰ ᠤᠨ ᠵᠦᠢᠯ ᠢ ᠢᠯᠡᠭᠦᠦ ᠢᠳᠡᠭᠦᠯᠬᠦ᠄ ᠢᠳᠡᠰᠢᠨ ᠨᠣᠭᠤᠭ᠎ᠠ ᠵᠢᠮᠢᠰ ᠤᠨ ᠵᠦᠢᠯ ᠢ ᠡᠳᠦᠷ ᠪᠦᠷᠢ ᠢᠳᠡᠨ᠎ᠡ᠂ ᠢᠯᠠᠩᠭᠤᠶ᠎ᠠ ᠭᠦᠨ ᠥᠩᠭᠡᠲᠡᠢ ᠨᠣᠭᠤᠭ᠎ᠠ ᠶᠢᠨ ᠵᠦᠢᠯ᠃ ᠲᠦᠭᠦᠬᠡᠢ ᠢᠶᠠᠷ ᠢᠳᠡᠵᠦ ᠪᠣᠯᠳᠠᠭ ᠭᠤᠸᠠ ᠵᠢᠮᠢᠰ᠂ ᠢᠳᠡᠰᠢᠨ ᠨᠣᠭᠤᠭ᠎ᠠ ᠶᠢ ᠴᠡᠪᠡᠷᠬᠡᠨ ᠤᠬᠢᠶᠠᠭᠰᠠᠨ ᠤ ᠳᠠᠷᠠᠭ᠎ᠠ ᠢᠳᠡᠨ᠎ᠡ᠃

    ᠲᠣᠬᠢᠷᠠᠮᠵᠢᠲᠠᠢ ᠡᠳ᠋ᠰᠢᠭᠦᠯᠵᠦ ᠬᠤᠭᠤᠯᠠ ᠪᠣᠯᠭᠠᠬᠤ᠄ ᠴᠢᠨᠠᠬᠤ᠂ ᠵᠢᠩᠨᠡᠬᠦ ᠵᠡᠷᠭᠡ ᠠᠷᠭ᠎ᠠ ᠶᠢ ᠰᠤᠩᠭᠤᠵᠤ᠂ ᠲᠣᠰᠣᠨ ᠳᠤ ᠪᠤᠴᠠᠯᠭᠠᠬᠤ᠂ ᠬᠠᠭᠠᠷᠢᠵᠤ ᠰᠢᠷᠠᠬᠤ ᠶᠢ ᠪᠠᠭᠠᠰᠬᠠᠬᠤ ᠬᠡᠷᠡᠭᠲᠡᠢ᠂ ᠰᠢᠷᠠᠵᠤ ᠢᠳᠡᠪᠡᠯ ᠵᠠᠪᠠᠯ ᠪᠦᠷᠢᠮᠦᠰᠦᠨ ᠰᠢᠷᠠᠵᠤ ᠪᠣᠯᠭᠤᠬᠤ ᠬᠡᠷᠡᠭᠲᠡᠢ᠃

    ᠰᠤᠯᠠ ᠢᠳᠡᠭᠡᠨ ᠤᠮᠳᠠᠭᠠᠨ ᠤ ᠲᠤᠬᠠᠢ᠄ ᠵᠢᠵᠢᠭᠬᠡᠨ ᠰᠤᠯᠠ ᠢᠳᠡᠭᠡᠨ ᠤ ᠲᠤᠬᠠᠢ ᠡᠳᠡᠭᠡᠷ ᠢ ᠣᠶᠢᠯᠠᠭᠠᠬᠤ ᠴᠢᠬᠤᠯᠠᠲᠠᠢ

ᠵᠢᠩᠬᠢᠨᠢ ᠠᠷᠭ᠎ᠠ ᠵᠠᠮ ᠢᠶᠠᠷ ᠰᠣᠩᠭᠤᠵᠤ ᠬᠤᠳᠠᠯᠳᠤᠨ ᠠᠪᠤᠭᠠᠷᠠᠢ᠃ ᠵᠢᠩᠬᠢᠨᠢ ᠬᠤᠳᠠᠯᠳᠤᠭᠠᠨ ᠤ ᠬᠡᠲᠦ ᠳᠡᠯᠭᠡᠭᠦᠷ᠂ ᠵᠠᠬ᠎ᠠ ᠳᠡᠯᠭᠡᠭᠦᠷ ᠵᠡᠷᠭᠡ ᠪᠠᠷ ᠬᠤᠳᠠᠯᠳᠤᠨ ᠠᠪᠬᠤ ᠳᠤ᠂ ᠢᠷᠡᠯᠲᠡ ᠨᠢ ᠲᠣᠳᠣᠷᠬᠠᠢ ᠦᠭᠡᠢ ᠪᠤᠶᠤ ᠬᠤᠭᠤᠴᠠᠭ᠎ᠠ ᠨᠢ ᠥᠩᠭᠡᠷᠡᠭᠰᠡᠨ ᠢᠳᠡᠭᠡᠨ ᠢ ᠬᠤᠳᠠᠯᠳᠤᠨ ᠠᠪᠴᠤ ᠪᠣᠯᠬᠤ ᠦᠭᠡᠢ᠂ ᠪᠠᠷᠠᠭ᠎ᠠ ᠬᠤᠳᠠᠯᠳᠤᠨ ᠠᠪᠤᠭᠰᠠᠨ ᠭᠡᠷᠡᠴᠢ ᠪᠠᠷᠢᠮᠲᠠ ᠠᠪᠬᠤ ᠬᠡᠷᠡᠭᠲᠡᠢ᠃

    ᠮᠠᠲ᠋ᠧᠷᠢᠶᠠᠯ ᠨᠠᠶᠢᠷᠠᠭᠤᠯᠬᠤ ᠬᠦᠰᠦᠨᠦᠭ ᠪᠣᠯᠤᠨ ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭ ᠢ ᠪᠠᠶᠢᠴᠠᠭᠠᠨ ᠦᠵᠡᠭᠡᠷᠡᠢ᠃ ᠢᠳᠡᠭᠡᠨ ᠤ ᠲᠥᠷᠥᠯ ᠢ ᠨᠠᠷᠢᠨ ᠨᠢᠮᠪᠠᠶ ᠢᠯᠭᠠᠨ ᠲᠠᠨᠢᠵᠤ᠂ ᠮᠠᠲ᠋ᠧᠷᠢᠶᠠᠯ ᠨᠠᠶᠢᠷᠠᠭᠤᠯᠬᠤ ᠬᠦᠰᠦᠨᠦᠭᠲᠦ ᠪᠠ ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠶᠢ ᠪᠠᠶᠢᠴᠠᠭᠠᠨ ᠦᠵᠡᠵᠦ᠂ ᠤᠭᠤᠷᠠᠭ᠂ ᠸᠢᠲ᠋ᠠᠮᠢᠨ ᠪᠠ ᠪᠢᠴᠢᠯ ᠡᠯᠧᠮᠧᠨ᠋ᠲ ᠢᠶᠠᠷ ᠪᠠᠶᠠᠯᠢᠭ ᠢᠳᠡᠭᠡᠨ ᠢ ᠤᠷᠢᠳ ᠢᠶᠠᠷ ᠰᠣᠩᠭᠤᠭᠠᠷᠠᠢ︔ ᠵᠠᠬ᠎ᠠ ᠳᠡᠯᠭᠡᠭᠦᠷ ᠳᠡᠭᠡᠷ᠎ᠡ ︽ᠬᠡᠦᠬᠡᠳ︾ ᠭᠡᠰᠡᠨ ᠦᠰᠦᠭ ᠲᠠᠢ ᠢᠳᠡᠭᠡᠨ ᠪᠠᠶᠢᠳᠠᠭ᠂ ᠮᠠᠰᠢ ᠣᠯᠠᠨ ᠭᠡᠷ ᠤᠨ ᠠᠬᠠᠮᠠᠳ ᠡᠭᠦᠨ ᠢ ᠲᠤᠰᠬᠠᠶᠢᠯᠠᠨ ᠬᠡᠦᠬᠡᠳ ᠲᠤ ᠢᠳᠡᠭᠦᠯᠳᠡᠭ ᠢᠳᠡᠭᠡᠨ ᠭᠡᠵᠦ ᠪᠤᠷᠤᠭᠤ ᠣᠶᠢᠯᠠᠭᠠᠳᠠᠭ᠃ ᠦᠨᠡᠨ ᠳᠡᠭᠡᠨ᠂ ᠮᠠᠨ ᠤ ᠤᠯᠤᠰ ᠲᠤ ᠣᠳᠣᠬᠠᠨ ᠳᠤ ᠬᠡᠦᠬᠡᠳ ᠤᠨ ᠢᠳᠡᠭᠡᠨ ᠤ ᠬᠤᠯᠪᠣᠭᠳᠠᠯ ᠪᠦᠬᠦᠢ ᠪᠠᠷᠢᠮᠵᠢᠶ᠎ᠠ ᠪᠠᠶᠢᠬᠤ ᠦᠭᠡᠢ᠂ ᠭᠡᠷ ᠤᠨ ᠠᠬᠠᠮᠠᠳ ᠪᠤᠷᠤᠭᠤ ᠵᠢᠯᠣᠭᠤᠳᠣᠭᠳᠠᠵᠤ ᠪᠣᠯᠬᠤ ᠦᠭᠡᠢ ᠭᠡᠵᠦ ᠰᠠᠨᠠᠭᠤᠯᠤᠶ᠎ᠠ᠃

    ᠰᠤᠯᠠ ᠢᠳᠡᠬᠡᠨ ᠢ ᠬᠤᠭᠤᠯᠠᠨ ᠤ ᠣᠷᠣᠨ ᠳᠤ ᠢᠳᠡᠵᠦ ᠪᠤᠯᠬᠤ ᠦᠬᠡᠢ᠂ ᠬᠦᠢᠲᠡᠨ ᠢ ᠤᠮᠳᠠᠭᠠᠨ ᠤᠤᠭᠤᠬᠤ ᠴᠠᠭ ᠪᠠ ᠬᠡᠮᠵᠢᠶ᠎ᠡ ᠶᠢ ᠠᠩᠬᠠᠷᠬᠤ ᠬᠡᠷᠡᠭᠲᠡᠢ

    ᠡᠷᠡᠨ ᠤ ᠬᠤᠭᠤᠯᠠᠨ ᠳᠤ ᠳᠡᠮᠡᠢ ᠢᠳᠡᠳᠡᠭ ᠦᠭᠡᠢ ᠵᠦᠢᠯ ᠢᠶᠠᠷ ᠰᠤᠯᠠ ᠢᠳᠡᠭᠡᠨ ᠪᠣᠯᠭᠠᠵᠤ ᠪᠣᠯᠣᠨ᠎ᠠ᠂ ᠵᠢᠱᠢᠶᠡᠯᠡᠪᠡᠯ ᠴᠠᠭ ᠤᠯᠠᠷᠢᠯ ᠤᠨ ᠵᠢᠮᠢᠰ᠂ ᠬᠠᠲᠠᠭᠤ ᠵᠢᠮᠢᠰ ᠵᠡᠷᠭᠡ ᠶᠢ ᠰᠣᠩᠭᠤᠵᠤ ᠪᠣᠯᠣᠨ᠎ᠠ᠃ ᠳᠠᠪᠤᠰᠤ ᠶᠡᠬᠡᠲᠡᠶ᠂ ᠰᠢᠬᠢᠷ ᠶᠡᠬᠡᠲᠡᠶ᠂ ᠲᠣᠰᠣ ᠶᠡᠭᠡ ᠵᠡᠷᠭᠡ ᠰᠤᠯᠠ ᠢᠳᠡᠭᠡᠨ ᠢᠳᠡᠭᠦᠯᠬᠦ ᠠᠴᠠ ᠵᠠᠶᠢᠯᠠᠰᠬᠢᠵᠦ᠂ ᠬᠡᠲᠦ ᠠᠮᠲᠠ ᠣᠷᠣᠭᠤᠯᠤᠭᠰᠠᠨ ᠪᠠ ᠰᠡᠳᠦᠯᠲᠡ ᠶᠢᠨ ᠴᠢᠨᠠᠷᠲᠠᠶ ᠰᠤᠯᠠ ᠢᠳᠡᠭᠡᠨ ᠢᠳᠡᠭᠦᠯᠬᠦ ᠠᠴᠠ ᠵᠠᠶᠢᠯᠠᠰᠬᠢᠬᠦ ᠬᠡᠷᠡᠭᠲᠡᠶ᠃ ᠣᠨᠴᠠᠭᠠᠶᠢᠯᠠᠨ ᠠᠩᠬᠠᠷᠬᠤ ᠴᠢᠬᠤᠯᠠ ᠲᠠᠢ ᠵᠦᠢᠯ ᠭᠡᠪᠡᠯ᠂ ᠰᠤᠯᠠ ᠢᠳᠡᠭᠡᠨ ᠢᠶᠠᠷ ᠡᠷᠡᠨ ᠤ ᠬᠤᠭᠤᠯᠠ ᠶᠢ ᠣᠷᠣᠯᠠᠭᠤᠯᠵᠤ ᠪᠣᠯᠬᠤ ᠦᠭᠡᠢ᠂ ᠡᠶᠢᠮᠦ ᠠᠴᠠ ᠬᠤᠭᠤᠯᠠᠨ ᠤ ᠴᠠᠭ ᠣᠶᠢᠷᠠᠲᠤᠬᠤ ᠪᠤᠶᠤ ᠤᠨᠲᠠᠬᠤ ᠠᠴᠠ ᠡᠮᠦᠨ᠎ᠡ ᠰᠤᠯᠠ ᠢᠳᠡᠭᠡᠨ ᠢᠳᠡᠭᠦᠯᠬᠦ ᠦᠭᠡᠢ ᠪᠣᠯ ᠵᠣᠬᠢᠨ᠎ᠠ᠃ ᠬᠦᠢᠲᠡᠨ ᠶᠠᠭᠤᠮ᠎ᠠ ᠢᠳᠡᠭᠦᠯᠬᠦ ᠳᠤ ᠨᠢᠭᠡ ᠤᠳᠠᠭ᠎ᠠ ᠳᠤ ᠬᠡᠲᠦ ᠠᠷᠪᠢᠨ ᠢᠳᠡᠵᠦ ᠪᠣᠯᠬᠤ ᠦᠭᠡᠢ᠂ ᠥᠯᠥᠨ ᠢᠶᠠᠷ ᠪᠤᠶᠤ ᠰᠢᠷᠦᠭᠦᠨ ᠬᠥᠳᠡᠯᠭᠡᠭᠡᠨ ᠬᠢᠭᠰᠡᠨ ᠤ ᠳᠠᠷᠠᠭ᠎ᠠ ᠬᠦᠢᠳᠡᠨ ᠤᠮᠳᠠᠭᠠᠨ ᠢᠳᠡᠪᠡᠯ᠂ ᠬᠡᠦᠬᠡᠳ ᠤᠨ ᠬᠤᠳᠣᠭᠤᠳᠤ ᠭᠡᠳᠡᠰᠦ ᠨᠢ ᠡᠪ ᠦᠭᠡᠢ ᠪᠣᠯᠬᠤ ᠠᠴᠠ ᠰᠡᠷᠭᠡᠶᠢᠯᠡᠬᠦ ᠬᠡᠷᠡᠭᠲᠡᠢ᠃

    ᠭᠠᠳᠠᠨ᠎ᠠ ᠬᠤᠭᠤᠯᠠ ᠢᠳᠡᠭᠦᠯᠬᠦ ᠲᠤᠬᠠᠢ᠄ ᠠᠮᠤᠷ ᠲᠦᠪᠰᠢᠨ ᠡᠷᠡᠭᠦᠯ ᠬᠠᠮᠠᠭᠠᠯᠠᠯ ᠤᠨ ᠰᠠᠶᠢᠨ ᠰᠠᠶᠢᠬᠠᠨ ᠳᠠᠳᠬᠠᠯ ᠢ ᠪᠠᠷᠢᠮᠲᠠᠯᠠᠬᠤ ᠬᠡᠷᠡᠭᠲᠡᠢ

ᠵᠢᠩᠬᠢᠨᠢ ᠬᠤᠭᠤᠯᠠᠨ ᠲᠢᠩᠬᠢᠮ ᠢ ᠰᠣᠩᠭᠤᠨ᠎ᠠ᠃ ᠭᠡᠷ ᠤᠨ ᠠᠬᠠᠮᠠᠳ ᠬᠤᠭᠤᠯᠠᠨ ᠭᠡᠷ ᠤᠨ ᠢᠳᠡᠭᠡᠨ ᠤ ᠡᠵᠡᠩᠨᠡᠯᠲᠡ ᠶᠢᠨ ᠵᠥᠪᠰᠢᠶᠡᠷᠡᠯ ᠤᠨ ᠦᠨᠡᠮᠯᠡᠯ ᠢ ᠪᠠᠶᠢᠴᠠᠭᠠᠨ ᠦᠵᠡᠬᠦ ᠶᠢ ᠠᠩᠬᠠᠷᠴᠤ᠂ ᠠᠷᠢᠭᠤᠨ ᠴᠡᠪᠡᠷ ᠤᠨ ᠨᠥᠬᠦᠴᠡᠯ ᠰᠠᠶᠢᠨ᠂ ᠢᠲᠡᠭᠡᠮᠵᠢ ᠶᠢᠨ ᠬᠡᠮᠵᠢᠶ᠎ᠡ ᠥᠨᠳᠥᠷ᠂ ᠢᠳᠡᠭᠡᠨ ᠤᠮᠳᠠᠭᠠᠨ ᠤ ᠦᠢᠯᠡᠴᠢᠯᠡᠭᠡᠨ ᠤ ᠢᠳᠡᠭᠡᠨ ᠤ ᠠᠮᠤᠷ ᠲᠦᠪᠰᠢᠨ ᠤ ᠬᠢᠨᠠᠯᠲᠠ ᠬᠡᠮᠵᠢᠯᠲᠡ ᠶᠢᠨ ᠵᠡᠷᠭᠡ ᠳᠡᠰ ᠥᠨᠳᠥᠷ ᠪᠠ ︽ᠠᠷᠢᠭᠤᠨ ᠴᠡᠪᠡᠷ ᠲᠣᠭᠤᠭᠠᠨ ᠭᠡᠷ︾ ᠢ ᠬᠡᠷᠡᠭᠵᠢᠭᠦᠯᠦᠭᠰᠡᠨ ᠬᠤᠭᠤᠯᠠᠨ ᠭᠡᠷ ᠢ ᠰᠣᠩᠭᠤᠬᠤ ᠬᠡᠷᠡᠭᠲᠡᠶ᠃

    ᠡᠷᠡᠭᠦᠯ ᠮᠡᠨᠳᠦ ᠪᠠᠷ ᠬᠤᠭᠤᠯᠠᠯᠠᠬᠤ ᠠᠵᠢᠯᠯᠠᠭ᠎ᠠ ᠶᠢ ᠬᠥᠮᠥᠵᠢᠭᠦᠯᠦᠨ᠎ᠡ᠃ ᠬᠤᠭᠤᠯᠠ ᠢᠳᠡᠭᠦᠯᠬᠦ ᠳᠡᠭᠡᠨ ᠠᠩᠬᠠᠷᠤᠯ ᠢᠶᠠᠨ ᠲᠥᠪᠯᠡᠷᠡᠭᠦᠯᠵᠦ᠂ ᠨᠠᠭᠠᠳᠴᠤ ᠲᠣᠭᠯᠠᠵᠤ᠂ ᠦᠢᠮᠡᠯᠳᠦᠵᠦ ᠴᠠᠴᠠᠵᠤ ᠬᠠᠭ᠋ᠠᠬᠤ ᠵᠡᠷᠭᠡ ᠭᠡᠨᠡᠳᠲᠡ ᠶᠢᠨ ᠬᠡᠷᠡᠭ ᠭᠠᠷᠬᠤ ᠠᠴᠠ ᠰᠡᠷᠭᠡᠶᠢᠯᠡᠬᠦ ᠬᠡᠷᠡᠭᠲᠡᠢ᠃ ᠨᠡᠶᠢᠲᠡ ᠶᠢᠨ ᠰᠠᠪᠬ᠎ᠠ ᠨᠡᠶᠢᠲᠡ ᠶᠢᠨ ᠰᠢᠨᠠᠭ᠎ᠠ ᠬᠡᠷᠡᠭᠯᠡᠵᠦ᠂ ᠲᠤᠰᠠᠭᠠᠷ ᠬᠤᠭᠤᠯᠠ ᠢᠳᠡᠭᠦᠯᠬᠦ ᠶᠢ ᠵᠣᠷᠢᠭᠵᠢᠭᠤᠯᠤᠨ᠎ᠠ᠃ ᠬᠡᠦᠬᠡᠳ ᠪᠠᠭᠠᠴᠤᠳ ᠲᠤ ᠠᠶᠠᠭ᠎ᠠ ᠰᠠᠪᠬ᠎ᠠ ᠶᠢ ᠵᠥᠪ ᠬᠡᠷᠡᠭᠯᠡᠭᠦᠯᠵᠦ᠂ ᠢᠳᠡᠰᠢ ᠰᠢᠯᠢᠬᠦ ᠥᠬᠡᠶ᠂ ᠬᠤᠭᠤᠯᠠ ᠭᠤᠯᠣᠬᠤ ᠥᠬᠡᠶ᠂ ᠨᠠᠷᠢᠨ ᠵᠠᠵᠢᠯᠵᠤ ᠤᠳᠠᠭᠠᠨ ᠵᠠᠯᠭᠢᠬᠤ᠂ ᠬᠡᠲᠦᠷᠬᠡᠢ ᠢᠳᠡᠭᠦᠯᠬᠦ ᠥᠬᠡᠶ᠂ ᠢᠳᠡᠭᠡᠨ ᠪᠦᠷᠢᠯᠭᠡᠬᠦ ᠥᠬᠡᠶ ᠵᠡᠷᠭᠡ ᠢᠳᠡᠭᠡᠨ ᠤᠮᠳᠠᠭᠠᠨ ᠤ ᠦᠢᠯᠡ ᠠᠵᠢᠯᠯᠠᠭ᠎ᠠ ᠶᠢ ᠪᠣᠶ ᠪᠣᠯᠭᠠᠬᠤ ᠬᠡᠷᠡᠭᠲᠡᠶ᠃ ᠡᠭᠦᠨ ᠤ ᠬᠠᠮᠲᠤ᠂ ᠭᠡᠷ ᠤᠨ ᠠᠬᠠᠮᠠᠳ ᠬᠡᠦᠬᠡᠳ ᠢᠶᠠᠨ ᠰᠠᠶᠢᠲᠤᠷ ᠬᠠᠷᠠᠭᠠᠯᠵᠠᠵᠤ᠂ ᠬᠤᠭᠤᠯᠠᠨ ᠰᠢᠷᠡᠭᠡᠨ ᠤ ᠶᠣᠰᠣ ᠵᠢᠷᠤᠮ ᠢ ᠠᠩᠬᠠᠷᠴᠤ᠂ ᠬᠡᠦᠬᠡᠳ ᠢ ᠬᠤᠭᠤᠯᠠᠨ ᠭᠡᠷ ᠤᠨ ᠳᠣᠲᠣᠷ᠎ᠠ ᠳᠤᠷ᠎ᠠ ᠪᠠᠷ ᠢᠶᠠᠨ ᠭᠦᠶᠦᠯᠭᠡᠵᠦ ᠪᠣᠯᠬᠤ ᠦᠭᠡᠢ ᠭᠡᠵᠦ ᠰᠠᠨᠠᠭᠤᠯᠵᠤ ᠪᠠᠶᠢᠨ᠎ᠠ᠃ ᠣᠶᠢᠴᠢᠬᠤ ᠪᠤᠶᠤ ᠬᠠᠯᠠᠭᠠᠬᠤ ᠠᠴᠠ ᠰᠡᠷᠭᠡᠶᠢᠯᠡᠬᠦ ᠬᠡᠷᠡᠭᠲᠡᠢ᠃

    ᠣᠨᠴᠠᠭᠠᠶᠢᠯᠠᠨ ᠠᠩᠬᠠᠷᠬᠤ ᠴᠢᠬᠤᠯᠠᠲᠠᠢ ᠨᠢ᠄ ᠠᠯᠢᠪᠠ ᠢᠳᠡᠭᠡᠨ ᠪᠦᠷ ᠬᠡᠦᠬᠡᠳ ᠳᠤ ᠲᠣᠬᠢᠷᠠᠬᠤ ᠪᠢᠰᠢ

    ᠬᠡᠭᠡᠷ᠎ᠡ ᠶᠢᠨ ᠨᠤᠬᠤᠭ᠎ᠠ ᠬᠡᠭᠡᠷ᠎ᠡ ᠶᠢᠨ ᠵᠢᠮᠢᠰ ᠢ ᠢᠳᠡᠭᠦᠯᠬᠦ ᠦᠭᠡᠢ᠃ ᠡᠬᠡ ᠪᠠᠶᠢᠭᠠᠯᠢ ᠪᠣᠯ ᠬᠡᠦᠬᠡᠳ ᠤᠨ ᠦᠰᠦᠨ ᠪᠤᠶᠢᠵᠢᠯᠲᠠ ᠶᠢᠨ ᠥᠯᠥᠭᠡᠶ ᠮᠥᠨ᠂ ᠬᠠᠮᠤᠭ ᠤᠨ ᠠᠮᠢᠳᠤᠯᠢᠭ ᠰᠤᠷᠬᠤ ᠪᠢᠴᠢᠭ ᠮᠥᠨ᠃ ᠪᠢᠴᠢᠬᠠᠨ ᠨᠠᠶᠢᠵᠠ ᠨᠠᠷ ᠤᠨ ᠥᠩᠭᠡ᠂ ᠬᠡᠯᠪᠡᠷᠢ ᠳᠦᠷᠰᠦ ᠨᠢ ᠣᠯᠠᠨ ᠶᠠᠩᠵᠤ ᠶᠢᠨ ᠬᠡᠭᠡᠷ᠎ᠡ ᠶᠢᠨ ᠨᠣᠭᠤᠭ᠎ᠠ᠂ ᠬᠡᠭᠡᠷ᠎ᠡ ᠶᠢᠨ ᠵᠢᠮᠢᠰ᠂ ᠬᠡᠭᠡᠷ᠎ᠡ ᠶᠢᠨ ᠮᠥᠭᠦ ᠵᠡᠷᠭᠡ ᠳᠤ ᠲᠠᠲᠠᠭᠳᠠᠳᠠᠭ᠃ ᠬᠡᠷᠪᠡ ᠳᠤᠷ᠎ᠠ ᠪᠠᠷ ᠢᠶᠠᠨ ᠲᠡᠭᠦᠵᠦ ᠠᠪᠬᠤ ᠶᠢᠨ ᠬᠠᠮᠲᠤ ᠢᠳᠡᠪᠡᠯ᠂ ᠬᠤᠣᠷᠳᠠᠯᠭ᠎ᠠ ᠵᠡᠷᠭᠡ ᠬᠦᠨᠳᠦ ᠨᠣᠴᠢᠲᠠᠢ ᠦᠷ᠎ᠡ ᠳ᠋ᠦᠩ ᠭᠠᠷᠴᠤ ᠮᠡᠳᠡᠨ᠎ᠡ᠃ ᠭᠡᠷ ᠤᠨ ᠠᠬᠠᠮᠠᠳ ᠨᠢ ᠬᠡᠦᠬᠡᠳ ᠢᠶᠠᠨ ᠳᠤᠷ᠎ᠠ ᠪᠠᠷ ᠢᠶᠠᠨ ᠲᠡᠭᠦᠬᠦ ᠪᠠ ᠢᠳᠡᠵᠦ ᠪᠣᠯᠬᠤ ᠦᠭᠡᠶ ᠭᠡᠵᠦ ᠤᠷᠢᠳᠴᠢᠯᠠᠨ ᠬᠥᠮᠥᠵᠢᠭᠦᠯᠬᠦ ᠬᠡᠷᠡᠭᠲᠡᠢ᠃

    ᠣᠨᠴᠠᠭᠠᠢ ᠬᠡᠯᠪᠡᠷᠢ ᠳᠦᠷᠰᠦ ᠲᠠᠢ ᠢᠳᠡᠭᠡᠨ ᠢ ᠬᠡᠷᠰᠡᠦᠯᠡᠵᠦ ᠢᠳᠡᠭᠦᠯᠬᠦ ᠬᠡᠷᠡᠭᠲᠡᠢ᠃ ᠬᠡᠦᠬᠡᠳ ᠤᠨ ᠵᠠᠯᠭᠢᠬᠤ ᠵᠡᠷᠭᠡ ᠪᠡᠶ᠎ᠡ ᠶᠢᠨ ᠴᠢᠳᠠᠪᠤᠷᠢ ᠶᠢᠨ ᠪᠤᠶᠢᠵᠢᠯᠲᠠ ᠬᠠᠷᠠᠬᠠᠨ ᠲᠡᠭᠦᠯᠳᠡᠷᠵᠢᠭᠡᠳᠦᠢ᠂ ᠮᠥᠬᠦᠯᠢᠭ᠂ ᠬᠥᠯᠳᠡᠭᠦᠦ᠂ ᠵᠢᠭᠠᠰᠤᠨ ᠤ ᠲᠥᠷᠥᠯ ᠪᠠ ᠨᠠᠭᠠᠯᠳᠤᠮᠠᠬᠠᠢ ᠴᠢᠨᠠᠷ ᠢᠶᠠᠷ ᠨᠡᠯᠢᠶᠡᠳ ᠶᠡᠭᠡ ᠢᠳᠡᠭᠡᠨ ᠢᠳᠡᠭᠦᠯᠬᠦ ᠦᠶ᠎ᠡ ᠳᠤ ᠭᠡᠷ ᠤᠨ ᠠᠬᠠᠮᠠᠳ ᠬᠠᠵᠠᠭᠤ ᠳᠤ ᠨᠢ ᠬᠠᠷᠠᠵᠤ ᠬᠠᠷᠠᠭᠠᠯᠵᠠᠬᠤ ᠪᠠ ᠵᠢᠯᠣᠭᠤᠳᠴᠤ᠂ ᠰᠠᠨᠠᠭᠠᠨ ᠳᠤ ᠦᠭᠡᠢ ᠬᠡᠷᠡᠭ ᠭᠠᠷᠬᠤ ᠠᠴᠠ ᠰᠡᠷᠭᠡᠶᠢᠯᠡᠨ᠎ᠡ᠃ ᠢᠯᠠᠩᠭᠤᠶ᠎ᠠ ᠬᠥᠳᠡᠯᠭᠡᠭᠡᠨ ᠪᠤᠶᠤ ᠲᠣᠭᠯᠠᠭᠠᠮ ᠬᠢᠬᠦ ᠦᠶ᠎ᠡ ᠳᠤ ᠶᠠᠭᠤᠮ᠎ᠠ ᠢᠳᠡᠭᠦᠯᠵᠦ ᠪᠣᠯᠬᠤ ᠦᠭᠡᠢ᠃ ᠬᠡᠦᠬᠡᠳ ᠤᠨ ᠮᠡᠳᠡᠷᠡᠯ ᠤᠨ ᠬᠥᠭᠡᠷᠦᠯᠲᠡ ᠡᠭᠦᠰᠬᠡᠳᠡᠭ ᠰᠫᠢᠷᠲ ᠠᠭᠤᠯᠤᠭᠰᠠᠨ ᠢᠳᠡᠭᠡᠨ ᠪᠤᠶᠤ ᠤᠮᠳᠠᠭᠠᠨ ᠲᠠᠢ ᠣᠶᠢᠷᠠᠳᠬᠤ ᠶᠢ ᠴᠢᠩᠭ᠎ᠠ ᠬᠤᠷᠢᠭᠯᠠᠬᠤ ᠬᠡᠷᠡᠭᠲᠡᠢ᠃

 

    ᠲᠤᠰᠬᠠᠢ ᠮᠡᠷᠭᠡᠵᠢᠯᠲᠡᠨ ᠵᠣᠬᠢᠶᠠᠭᠴᠢ

    ᠮᠠ ᠭᠤᠸᠠᠨ ᠱᠧᠩ  ᠪᠡᠭᠡᠵᠢᠩ ᠶᠡᠭᠡ ᠰᠤᠷᠭᠠᠭᠤᠯᠢ ᠶᠢᠨ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠳᠡᠭᠡᠳᠦ ᠰᠤᠷᠭᠠᠭᠤᠯᠢ ᠶᠢᠨ ᠫᠷᠣᠹᠧᠰᠰᠣᠷ

    ᠾᠥᠸᠧ ᠵᠢᠶᠦ᠋ᠨ ᠱᠧᠩ  ᠳᠤᠮᠳᠠᠳᠤ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠥᠪ ᠤᠨ ᠰᠢᠮ᠎ᠡ ᠲᠡᠵᠢᠭᠡᠯ ᠪᠣᠯᠤᠨ ᠡᠷᠡᠭᠦᠯ ᠮᠡᠨᠳᠦ ᠶᠢᠨ ᠭᠠᠵᠠᠷ ᠤᠨ ᠰᠤᠳᠤᠯᠤᠭᠴᠢ

    ᠭᠤᠣ ᠵᠢᠶᠧ ᠾᠧᠪᠧᠢ ᠶᠢᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠢᠳᠡᠭᠡᠨ ᠤ ᠰᠢᠨᠵᠢᠯᠡᠭᠡ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠳᠡᠳ᠋ ᠫᠷᠣᠹᠧᠰᠰᠣᠷ

 

ᠢᠷᠡᠯᠲᠡ᠄ ᠳᠤᠮᠳᠠᠳᠤ ᠤᠯᠤᠰ ᠤᠨ ᠢᠳᠡᠭᠡᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨᠵᠢᠯᠡᠭᠡᠨ ᠤ ᠨᠡᠶᠢᠭᠡᠮᠯᠢᠭ