ᠮᠠᠨ᠎ᠤ ᠣᠷᠣᠨ ᠣᠢ᠌ᠷ᠎ᠠ᠎ᠳᠤ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠢ᠌ᠷ᠎ᠠ ᠣᠭᠲᠠᠷᠭᠤᠢ ᠵᠢᠨ ᠣᠷᠣᠨ᠎ᠤ ᠬᠠᠮᠢᠶᠠᠷᠤᠯᠲᠠ ᠵᠢᠨ ᠥᠭᠡᠷᠡᠴᠢᠯᠡᠯᠲᠡ ᠵᠢᠨ ᠬᠡᠷᠡᠭᠵᠢᠭᠦᠯᠬᠦ ᠲᠥᠰᠥᠯ》᠎ᠢ ᠳᠠᠷᠤᠮᠠᠯᠯᠠᠨ ᠲᠠᠷᠬᠠᠭ᠋ᠠᠵᠤ᠂ 2027 ᠣᠨ ᠪᠤᠯᠲᠠᠯ᠎ᠠ ᠪᠦᠭᠦ ᠣᠷᠣᠨ᠎ᠤ ᠣᠢ᠌ᠷ᠎ᠠ ᠣᠭᠲᠠᠷᠭᠤᠢ ᠵᠢᠨ ᠣᠷᠣᠨ᠎ᠢ ᠭᠦᠢ᠍ᠴᠡᠳ ᠪᠠᠳᠠᠷᠠᠭᠤᠯᠤᠨ ᠥᠨᠳᠥᠷ ᠪᠦᠲᠦᠮᠵᠢᠲᠡᠶ ᠠᠰᠢᠭᠯᠠᠵᠤ᠂ ᠣᠢ᠌ᠷ᠎ᠠ ᠣᠭᠲᠠᠷᠭᠤᠢ ᠵᠢᠨ ᠨᠢᠰᠦᠯᠲᠡ ᠵᠢᠨ ᠰᠠᠭᠤᠷᠢ ᠲᠥᠬᠦᠭᠡᠷᠦᠮᠵᠢ ᠵᠢ ᠪᠦᠲᠦᠮᠵᠢᠲᠡᠶ ᠪᠦᠷᠬᠦᠭᠦᠯᠦᠨ᠂ ᠶᠡᠷᠦᠩᠬᠡᠢ᠌ᠯᠡᠭᠰᠡᠨ ᠬᠢᠨᠠᠨ ᠬᠠᠮᠢᠶᠠᠷᠬᠤ ᠦᠢ᠍ᠯᠡᠴᠢᠯᠡᠭᠡᠨ᠎ᠤ
ᠲᠠᠪᠴᠠᠩ᠎ᠢ ᠥᠨᠳᠥᠷ ᠪᠦᠲᠦᠮᠵᠢᠲᠡᠶ ᠠᠵᠢᠯᠯᠠᠭᠤᠯᠵᠤ᠂ ᠳᠦᠷᠢᠮ ᠲᠣᠭᠲᠠᠭ᠋ᠠᠯ᠎ᠢ ᠪᠦᠷᠢᠨᠰᠢᠭᠦᠯᠦᠨ ᠵᠢᠷᠤᠮᠵᠢᠭᠤᠯᠵᠤ᠂ 《ᠴᠡᠷᠢᠭ ᠠᠩᠭᠢ ᠣᠷᠣᠨ ᠨᠤᠲᠤᠭ ᠠᠷᠠᠳ᠎ᠤᠨ ᠠᠭ᠋ᠠᠷ᠎ᠤᠨ ᠲᠡᠭᠡᠭᠡᠪᠦᠷᠢ》 ᠭᠤᠷᠪᠠᠨ ᠲᠠᠯ᠎ᠠ ᠵᠢᠨ ᠣᠢ᠌ᠷ᠎ᠠ ᠣᠭᠲᠠᠷᠭᠤᠢ ᠵᠢᠨ ᠣᠷᠣᠨ᠎ᠤ ᠬᠠᠮᠵᠢᠯᠴᠠᠨ ᠬᠠᠮᠢᠶᠠᠷᠬᠤ ᠰᠢᠰᠲ᠋ᠧᠮ᠎ᠢ ᠦᠨᠳᠦᠰᠦᠨ᠎ᠳᠡᠭᠡᠨ ᠲᠡᠭᠦᠯᠳᠡᠷᠵᠢᠭᠦᠯᠦᠨ᠎ᠡ ᠭᠡᠵᠦ ᠳᠤᠷᠠᠳᠴᠠᠢ᠃
《ᠲᠥᠰᠥᠯ》᠎ᠳᠤ᠂ 《ᠴᠡᠷᠢᠭ ᠠᠩᠭᠢ ᠣᠷᠣᠨ ᠨᠤᠲᠤᠭ ᠠᠷᠠᠳ᠎ᠤᠨ ᠠᠭ᠋ᠠᠷ᠎ᠤᠨ ᠲᠡᠭᠡᠭᠡᠪᠦᠷᠢ》 ᠵᠢᠨ ᠵᠣᠬᠢᠴᠠᠭᠤᠯᠬᠤ ᠲᠣᠭᠲᠠᠴᠠ ᠵᠢ ᠪᠠᠢ᠌ᠭᠤᠯᠵᠤ᠂ ᠴᠡᠷᠢᠭ᠎ᠤᠨ ᠲᠠᠯ᠎ᠠ᠂ ᠣᠷᠣᠨ ᠨᠤᠲᠤᠭ᠎ᠤᠨ ᠵᠠᠰᠠᠭ᠎ᠤᠨ ᠣᠷᠳᠣᠨ᠂ ᠠᠷᠠᠳ᠎ᠤᠨ ᠠᠭ᠋ᠠᠷ᠎ᠤᠨ ᠲᠡᠭᠡᠭᠡᠪᠦᠷᠢ ᠵᠢᠨ ᠰᠠᠯᠠᠭ᠎ᠠ ᠮᠥᠴᠢᠷ᠎ᠤᠨ ᠠᠭ᠋ᠠᠷ᠎ᠤᠨ ᠬᠠᠮᠢᠶᠠᠷᠤᠯᠲᠠ ᠵᠢᠨ ᠠᠷᠭ᠎ᠠ ᠪᠠᠷᠢᠯ᠎ᠤᠨ ᠪᠠᠢ᠌ᠭᠤᠯᠤᠯᠲᠠ ᠪᠠ ᠮᠡᠳᠡᠭᠡ ᠵᠠᠩᠭᠢ ᠵᠢᠨ ᠰᠣᠯᠢᠯᠴᠠᠭ᠎ᠠ ᠵᠢ ᠴᠢᠩᠭ᠋ᠠᠳᠬᠠᠨ᠂ ᠠᠭ᠋ᠠᠷ᠎ᠤᠨ ᠣᠷᠣᠨ᠎ᠤ
ᠬᠠᠮᠢᠶᠠᠷᠤᠯᠲᠠ ᠵᠢᠨ ᠵᠣᠬᠢᠴᠠᠭᠤᠯᠬᠤ ᠲᠣᠭᠲᠠᠴᠠ ᠵᠢ ᠪᠠᠢ᠌ᠭᠤᠯᠤᠨ᠎ᠠ; ᠣᠢ᠌ᠷ᠎ᠠ ᠣᠭᠲᠠᠷᠭᠤᠢ ᠵᠢᠨ ᠣᠷᠣᠨ᠎ᠢ ᠵᠣᠬᠢᠰᠲᠠᠢ ᠵᠠᠭ᠋ᠠᠭᠯᠠᠨ ᠲᠣᠭᠲᠠᠭ᠋ᠠᠵᠤ᠂ ᠣᠢ᠌ᠷ᠎ᠠ ᠣᠭᠲᠠᠷᠭᠤᠢ ᠵᠢᠨ ᠣᠷᠣᠨ᠎ᠤ ᠡᠬᠢ ᠪᠠᠶᠠᠯᠢᠭ᠎ᠢ ᠪᠠᠢ᠌ᠴᠠᠭ᠋ᠠᠵᠤ ᠦᠨᠡᠯᠡᠨ ᠵᠢᠱ᠌ᠢᠬᠦ ᠠᠵᠢᠯ ᠥᠷᠨᠢᠭᠦᠯᠦᠨ᠂ 3000 ᠮᠸᠲᠷ᠎ᠠᠴᠠ ᠳᠣᠷᠣᠭᠰᠢᠬᠢ ᠪᠦᠭᠦ ᠣᠷᠣᠨ ᠪᠦᠰᠡ ᠵᠢ ᠵᠠᠬᠢᠷᠤᠨ ᠬᠠᠮᠢᠶᠠᠷᠬᠤ᠂ ᠬᠢᠨᠠᠨ ᠠᠵᠢᠭᠯᠠᠬᠤ ᠪᠠ ᠮᠡᠳᠡᠭᠦᠯᠬᠦ ᠠᠭ᠋ᠠᠷ᠎ᠤᠨ ᠣᠷᠣᠨ᠎ᠢ ᠲᠥᠷᠥᠯ ᠬᠤᠪᠢᠶᠠᠨ ᠬᠤᠪᠢᠶᠠᠷᠢᠯᠠᠵᠤ᠂ ᠣᠢ᠌ᠷ᠎ᠠ ᠣᠭᠲᠠᠷᠭᠤᠢ ᠵᠢᠨ ᠣᠷᠣᠨ᠎ᠤ ᠠᠶᠠᠯᠠᠯ᠎ᠤᠨ ᠱᠤᠭᠤᠮ᠎ᠢ ᠨᠠᠷᠢᠯᠢᠭ ᠪᠠᠢ᠌ᠷᠢᠰᠢᠭᠤᠯᠤᠨ᠎ᠠ; ᠠᠭ᠋ᠠᠷ᠎ᠤᠨ ᠣᠷᠣᠨ᠎ᠤ ᠡᠬᠢ ᠪᠠᠶᠠᠯᠢᠭ᠎ᠤᠨ ᠳᠠᠩᠰᠠ ᠡᠪᠬᠡᠮᠡᠯ᠎ᠢ ᠪᠠᠢ᠌ᠭᠤᠯᠵᠤ᠂ ᠣᠷᠣᠨ ᠪᠦᠰᠡ ᠵᠢᠨ ᠳᠣᠲᠣᠷᠠᠬᠢ ᠣᠢ᠌ᠷ᠎ᠠ ᠣᠭᠲᠠᠷᠭᠤᠢ ᠵᠢᠨ ᠨᠢᠰᠦᠯᠲᠡ ᠵᠢᠨ ᠬᠡᠷᠡᠭᠴᠡᠭᠡ ᠱᠠᠭ᠋ᠠᠷᠳᠠᠯᠭ᠎ᠠ ᠵᠢ ᠬᠠᠩᠭ᠋ᠠᠨ᠎ᠠ; ᠬᠢᠨᠠᠨ ᠬᠠᠮᠢᠶᠠᠷᠬᠤ ᠦᠢ᠍ᠯᠡᠴᠢᠯᠡᠭᠡᠨ᠎ᠤ ᠲᠠᠪᠴᠠᠩ᠎ᠢ ᠪᠠᠢ᠌ᠭᠤᠯᠵᠤ᠂ ᠪᠦᠭᠦ ᠣᠷᠣᠨ᠎ᠤ ᠣᠢ᠌ᠷ᠎ᠠ ᠣᠭᠲᠠᠷᠭᠤᠢ ᠵᠢᠨ ᠶᠡᠷᠦᠩᠬᠡᠢ᠌ᠯᠡᠭᠰᠡᠨ ᠬᠢᠨᠠᠯᠲᠠ ᠬᠠᠮᠢᠶᠠᠷᠤᠯᠲᠠ ᠵᠢᠨ ᠦᠢ᠍ᠯᠡᠴᠢᠯᠡᠭᠡᠨ᠎ᠤ ᠲᠠᠪᠴᠠᠩ ᠵᠢᠴᠢ ᠠᠵᠢᠯᠯᠠᠭ᠋ᠠᠨ᠎ᠤ ᠬᠠᠮᠢᠶᠠᠷᠤᠯᠲᠠ᠂ ᠨᠢᠰᠦᠯᠲᠡ ᠵᠢᠨ ᠦᠢ᠍ᠯᠡᠴᠢᠯᠡᠭᠡᠨ᠎ᠤ ᠪᠠᠲᠤᠯᠠᠭ᠎ᠠ᠂ ᠴᠢᠮᠡᠭᠡ ᠬᠣᠯᠪᠣᠭ᠋ᠠᠨ᠎ᠤ ᠬᠢᠨᠠᠯᠲᠠ ᠵᠡᠷᠭᠡ ᠳᠡᠮᠵᠢᠬᠦ ᠰᠢᠰᠲ᠋ᠧᠮ᠎ᠢ ᠪᠠᠢ᠌ᠭᠤᠯᠵᠤ᠂ ᠴᠡᠷᠢᠭ᠎ᠤᠨ ᠠᠭ᠋ᠠᠷ᠎ᠤᠨ
ᠲᠡᠭᠡᠭᠡᠪᠦᠷᠢ ᠵᠢᠨ ᠨᠢᠰᠦᠯᠲᠡ ᠵᠢᠨ ᠬᠠᠮᠢᠶᠠᠷᠤᠯᠲᠠ᠂ ᠨᠢᠭᠤᠴᠠ ᠮᠡᠳᠡᠭᠡ᠂ ᠠᠭ᠋ᠠᠷ᠎ᠤᠨ ᠠᠶᠠᠯᠠᠯ᠎ᠤᠨ ᠴᠠᠭ ᠠᠭᠤᠷ ᠵᠡᠷᠭᠡ ᠰᠢᠰᠲ᠋ᠧᠮ᠎ᠢ ᠬᠣᠯᠪᠣᠨ ᠨᠠᠪᠲᠠᠷᠡᠭᠦᠯᠵᠦ᠂ ᠣᠢ᠌ᠷ᠎ᠠ ᠣᠭᠲᠠᠷᠭᠤᠢ ᠵᠢᠨ ᠨᠢᠰᠦᠯᠲᠡ ᠵᠢᠨ ᠡᠯ᠎ᠡ ᠰᠠᠯᠠᠭ᠎ᠠ ᠮᠥᠴᠢᠷ᠂ ᠡᠯ᠎ᠡ ᠭᠣᠭᠴᠣᠭ᠎ᠠ ᠵᠢ ᠨᠡᠪᠲᠡᠷᠡᠭᠦᠯᠦᠨ᠂ ᠣᠢ᠌ᠷ᠎ᠠ ᠣᠭᠲᠠᠷᠭᠤᠢ ᠵᠢᠨ ᠨᠢᠰᠦᠯᠲᠡ ᠵᠢᠨ 《ᠨᠢᠭᠡ ᠴᠣᠩᠬᠣᠪᠴᠢ᠎ᠪᠠᠷ ᠭᠥᠯᠢᠶᠡᠨ ᠠᠪᠴᠤ ᠰᠢᠢ᠍ᠳᠪᠦᠷᠢᠯᠡᠬᠦ᠂ ᠨᠢᠭᠡ ᠰᠦᠯᠵᠢᠶ᠎ᠡ᠎ᠪᠠᠷ ᠨᠡᠢ᠌ᠳᠡᠮ ᠭᠦᠢ᠍ᠴᠡᠳᠬᠡᠬᠦ》 ᠵᠢ ᠪᠡᠶᠡᠯᠡᠭᠦᠯᠦᠨ᠎ᠡ; ᠰᠠᠭᠤᠷᠢ ᠲᠥᠬᠦᠭᠡᠷᠦᠮᠵᠢ ᠵᠢ ᠯᠠᠪᠳᠠᠭᠤᠨ ᠪᠥᠭᠡᠳ ᠡᠮᠬᠢ ᠵᠢᠷᠤᠮ᠎ᠲᠠᠢ ᠪᠠᠢ᠌ᠷᠢᠰᠢᠭᠤᠯᠵᠤ᠂ ᠣᠢ᠌ᠷ᠎ᠠ ᠣᠭᠲᠠᠷᠭᠤᠢ ᠵᠢᠨ ᠰᠠᠭᠤᠷᠢ ᠲᠥᠬᠦᠭᠡᠷᠦᠮᠵᠢ ᠵᠢᠨ ᠲᠥᠯᠦᠪᠵᠢᠭᠦᠯᠭᠡ ᠵᠢ ᠨᠠᠢ᠌ᠷᠠᠭᠤᠯᠤᠨ ᠵᠣᠬᠢᠶᠠᠵᠤ᠂ ᠨᠡᠢ᠌ᠳᠡᠮ᠎ᠤᠨ ᠬᠡᠷᠡᠭᠯᠡᠭᠡᠨ᠎ᠤ ᠨᠢᠰᠬᠡᠯ᠎ᠤᠨ ᠪᠠᠭᠤᠳᠠᠯ᠂ ᠨᠢᠰᠦᠯᠲᠡ ᠵᠢᠨ ᠦᠢ᠍ᠯᠡᠴᠢᠯᠡᠭᠡᠨ᠎ᠤ ᠥᠷᠲᠡᠭᠡ᠂ ᠵᠢᠯᠣᠭᠣᠴᠢ ᠦᠭᠡᠢ ᠨᠢᠰᠬᠡᠯ᠎ᠤᠨ ᠨᠢᠰᠴᠦ ᠪᠠᠭᠤᠬᠤ ᠪᠠᠭᠤᠳᠠᠯ ᠵᠡᠷᠭᠡ ᠲᠥᠬᠦᠭᠡᠷᠦᠮᠵᠢ ᠵᠢ ᠡᠮᠬᠢ ᠵᠢᠷᠤᠮ᠎ᠲᠠᠢ ᠪᠠᠢ᠌ᠭᠤᠯᠵᠤ᠂ ᠴᠢᠮᠡᠭᠡ ᠬᠣᠯᠪᠤᠭ᠎ᠠ᠂ ᠵᠠᠮᠴᠢᠯᠠᠭᠤᠷ᠂ ᠬᠢᠨᠠᠨ ᠠᠵᠢᠭᠯᠠᠬᠤ᠂ ᠣᠢ᠌ᠷ᠎ᠠ ᠣᠭᠲᠠᠷᠭᠤᠢ ᠵᠢᠨ ᠴᠠᠭ ᠠᠭᠤᠷ ᠵᠡᠷᠭᠡ ᠮᠡᠳᠡᠭᠡ ᠵᠠᠩᠭᠢ ᠵᠢᠨ ᠰᠠᠭᠤᠷᠢ ᠲᠥᠬᠦᠭᠡᠷᠦᠮᠵᠢ ᠵᠢ ᠰᠢᠨᠵᠢᠯᠡᠬᠦ ᠤᠬᠠᠭ᠋ᠠᠨᠴᠢ᠎ᠪᠠᠷ ᠪᠠᠢ᠌ᠷᠢᠯᠠᠭᠤᠯᠤᠨ ᠪᠦᠲᠦᠭᠡᠨ ᠪᠠᠢ᠌ᠭᠤᠯᠵᠤ᠂ ᠣᠢ᠌ᠷ᠎ᠠ ᠣᠭᠲᠠᠷᠭᠤᠢ ᠵᠢᠨ ᠵᠠᠮᠴᠢᠯᠠᠭᠤᠷ᠎ᠤᠨ ᠬᠢᠨᠠᠯᠲᠠ ᠬᠠᠮᠢᠶᠠᠷᠤᠯᠲᠠ ᠵᠢ ᠪᠦᠲᠦᠮᠵᠢᠲᠡᠶ ᠪᠦᠷᠭᠦᠭᠦᠯᠤᠨᠠ; ᠠᠮᠤᠷ ᠲᠦᠪᠰᠢᠨ ᠥᠨᠳᠥᠷ ᠪᠦᠲᠦᠮᠵᠢᠲᠡᠢ ᠡᠵᠡᠩᠨᠡᠯᠲᠡ ᠵᠢᠨ ᠵᠠᠭᠪᠤᠷ᠎ᠢ ᠪᠠᠢ᠌ᠭᠤᠯᠤᠨ᠂ ᠣᠢ᠌ᠷ᠎ᠠ ᠣᠭᠲᠠᠷᠭᠤᠢ ᠵᠢᠨ ᠶᠡᠷᠦᠩᠬᠡᠢ᠌ᠯᠡᠭᠰᠡᠨ ᠬᠢᠨᠠᠯᠲᠠ
ᠬᠠᠮᠢᠶᠠᠷᠤᠯᠲᠠ ᠵᠢᠨ ᠦᠢ᠍ᠯᠡᠴᠢᠯᠡᠭᠡᠨ᠎ᠤ ᠲᠠᠪᠴᠠᠩ᠎ᠤᠨ ᠠᠵᠢᠯᠯᠠᠭᠤᠯᠵᠤ ᠪᠠᠲᠤᠯᠠᠬᠤ ᠵᠢ ᠬᠠᠷᠢᠭᠤᠴᠠᠵᠤ᠂ ᠣᠷᠣᠨ ᠨᠤᠲᠤᠭ᠎ᠤᠨ ᠬᠠᠮᠢᠶᠠᠷᠤᠯᠲᠠ ᠵᠢᠨ ᠠᠷᠭ᠎ᠠ ᠵᠢ ᠲᠣᠬᠲᠠᠭ᠋ᠠᠨ᠎ᠠ; ᠥᠪᠡᠷᠲᠡᠭᠡᠨ ᠵᠠᠰᠠᠬᠤ ᠣᠷᠣᠨ᠎ᠤ ᠣᠢ᠌ᠷ᠎ᠠ ᠣᠭᠲᠠᠷᠭᠤᠢ ᠵᠢᠨ ᠣᠷᠣᠨ᠎ᠤ ᠬᠠᠮᠵᠢᠯᠴᠠᠨ ᠠᠵᠢᠯᠯᠠᠬᠤ ᠳᠦᠷᠢᠮ᠂ ᠵᠢᠯᠣᠭᠣᠴᠢ ᠦᠭᠡᠢ ᠨᠢᠰᠬᠡᠯ᠎ᠤᠨ ᠣᠷᠣᠨ
ᠨᠤᠲᠤᠭ᠎ᠤᠨ ᠴᠢᠨᠠᠷᠲᠠᠢ ᠬᠠᠤᠯᠢ ᠲᠣᠭᠲᠠᠭ᠋ᠠᠯ ᠵᠡᠷᠭᠡ ᠳᠦᠷᠢᠮ ᠲᠣᠭᠲᠠᠭ᠋ᠠᠯ᠎ᠢ ᠪᠠᠢ᠌ᠭᠤᠯᠤᠨ ᠪᠦᠷᠢᠨᠰᠢᠭᠦᠯᠵᠦ᠂ ᠣᠢ᠌ᠷ᠎ᠠ ᠣᠭᠲᠠᠷᠭᠤᠢ ᠵᠢᠨ ᠣᠷᠣᠨ᠎ᠤ ᠬᠠᠮᠢᠶᠠᠷᠤᠯᠲᠠ ᠵᠢᠨ ᠦᠢ᠍ᠯᠡᠴᠢᠯᠡᠭᠡ᠎ᠳᠤ ᠳᠦᠷᠢᠮ᠎ᠤᠨ ᠪᠠᠲᠤᠯᠠᠭ᠎ᠠ ᠬᠠᠩᠭ᠋ᠠᠨ᠎ᠠ ᠭᠡᠵᠦ ᠳᠤᠷᠠᠳᠴᠠᠢ᠃