ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠬᠦᠬᠡᠬᠤᠳᠠ ᠵᠣᠭᠣᠰ ᠮᠦᠷᠦᠢ᠌ᠴᠡᠬᠦ ᠬᠠᠤᠯᠢ᠎ᠠᠴᠠ ᠵᠥᠷᠢᠴᠡᠭ᠍ᠰᠡᠨ ᠶᠠᠯᠠᠲᠤ ᠠᠵᠢᠯᠯᠠᠭ᠎ᠠ᠎ᠳᠤ ᠴᠣᠬᠢᠯᠲᠠ ᠦᠭᠴᠦ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ ᠦᠷᠨᠢᠬᠦᠯᠵᠡᠢ
ᠨᠡᠶ᠋ᠢᠲᠡᠯᠡᠭᠰᠡᠨ ᠴᠠᠭ᠄ 2023-02-01

      ᠵᠣᠭᠣᠰ  ᠮᠦᠷᠦᠢ᠌ᠴᠡᠬᠦ  ᠬᠠᠤᠯᠢ᠎ᠠᠴᠠ ᠵᠥᠷᠢᠴᠡᠭ᠍ᠰᠡᠨ  ᠶᠠᠯᠠᠲᠤ  ᠠᠵᠢᠯᠯᠠᠭ᠎ᠠ᠎ᠳᠤ ᠬᠠᠤᠯᠢ  ᠶᠣᠰᠣᠭ᠋ᠠᠷ  ᠴᠢᠩᠭ᠎ᠠ  ᠴᠣᠬᠢᠯᠲᠠ  ᠦᠭᠴᠦ ᠂  ᠨᠡᠢ᠌ᠭᠡᠮ᠎ᠤᠨ ᠬᠡᠪ  ᠰᠤᠷᠲᠠᠯ᠎ᠢ ᠴᠡᠪᠡᠷᠰᠢᠭᠦᠯᠵᠦ᠂  ᠨᠡᠢ᠌ᠭᠡᠮ᠎ᠤᠨ ᠠᠮᠤᠷ  ᠲᠣᠭᠲᠠᠭᠤᠨ  ᠡᠮᠬᠢ  ᠵᠢᠷᠤᠮ ᠎ᠲᠠᠢ  ᠣᠷᠴᠢᠨ  ᠲᠣᠭᠤᠷᠢᠨ᠎ᠢ ᠪᠣᠶ  ᠪᠣᠯᠭ᠋ᠠᠬᠤ ᠵᠢᠨ ᠲᠥᠯᠥᠭᠡ ᠂  ᠬᠠᠮᠢᠶ᠎ᠠ  ᠪᠦᠬᠦᠢ  ᠬᠠᠤᠯᠢ  ᠴᠠᠭ᠋ᠠᠵᠠ ᠵᠢᠨ   ᠲᠣᠭᠲᠠᠭ᠋ᠠᠯ᠎ᠢ ᠦᠨᠳᠦᠰᠦᠯᠡᠨ ᠂  ᠬᠦᠬᠡᠬᠣᠲᠠ ᠵᠢᠨ  ᠳᠣᠲᠤᠭ᠋ᠠᠳᠤ ᠵᠢ ᠬᠠᠮᠠᠭ᠋ᠠᠯᠠᠬᠤ  ᠲᠣᠪᠴᠢᠶ᠎ᠠ  ᠣᠢ᠌ᠷ᠎ᠠ᠎ᠳᠤ ᠬᠦᠬᠡᠬᠤᠳᠠ ᠵᠢᠨ  ᠬᠡᠪᠴᠢᠶᠡᠨ᠎ᠳᠤ 《  ᠴᠢᠬᠡᠴᠢ  ᠰᠤᠷᠲᠠᠯ 2023 》  ᠵᠣᠭᠣᠰ  ᠮᠦᠷᠦᠢ᠌ᠴᠡᠬᠦ ᠬᠠᠤᠯᠢ᠎ᠠᠴᠠ   ᠵᠦᠷᠢᠴᠡᠭᠰᠡᠨ ᠶᠠᠯᠠᠲᠤ  ᠠᠵᠢᠯᠯᠠᠭ᠎ᠠ᠎ᠳᠤ ᠴᠣᠬᠢᠯᠲᠠ  ᠦᠭᠴᠦ ᠴᠡᠭ᠍ᠴᠡᠯᠡᠨ  ᠵᠠᠰᠠᠬᠤ  ᠲᠤᠰᠬᠠᠢ ᠠᠵᠢᠯᠯᠠᠭ᠎ᠠ 

ᠦᠷᠨᠢᠬᠦᠯᠪᠡ ᠃

      ᠬᠦᠬᠡᠬᠣᠲᠠ ᠵᠢᠨ  ᠳᠣᠲᠤᠭ᠋ᠠᠳᠤ ᠵᠢ ᠬᠠᠮᠠᠭ᠋ᠠᠯᠠᠬᠤ  ᠲᠣᠪᠴᠢᠶ᠎ᠠ  ᠬᠣᠲᠠ ᠵᠢᠨ ᠲᠡᠭᠦᠷᠭᠡ  ᠪᠤᠯᠤᠨ  ᠮᠠᠯᠵᠢᠬᠤ  ᠲᠠᠷᠢᠶᠠᠯᠠᠬᠤ  ᠤᠷᠤᠨ᠎ᠤ  ᠨᠢᠭᠤᠴᠠ᠎ᠪᠠᠷ  ᠵᠣᠭᠣᠰ  ᠮᠦᠷᠦᠢ᠌ᠴᠡᠬᠦ ᠭᠠᠵᠠᠷ ᠂  ᠬᠡᠭᠡᠷ᠎ᠡ  ᠭᠠᠳᠠᠨᠠᠬᠢ  ᠵᠣᠭᠣᠰ  ᠮᠦᠷᠦᠢ᠌ᠴᠡᠬᠦ ᠭᠠᠵᠠᠷ  ᠪᠤᠯᠤᠨ  ᠲᠤᠭᠲᠠᠮᠠᠯ ᠵᠣᠭᠣᠰ  ᠮᠦᠷᠦᠢ᠌ᠴᠡᠬᠦ ᠲᠢᠩᠬᠢᠮ  ᠵᠡᠷᠭᠡ ᠵᠢ ᠪᠠᠢ᠌ᠭᠤᠯᠤᠭᠰᠠᠨ ᠵᠣᠭᠣᠰ  ᠮᠦᠷᠦᠢ᠌ᠴᠡᠬᠦ ᠵᠢ  ᠵᠣᠬᠢᠶᠠᠨ  ᠪᠠᠢ᠌ᠭᠤᠯᠤᠭᠴᠢ᠂  ᠡᠵᠡᠩᠨᠡᠭᠴᠢ᠂  ᠠᠰᠢᠭ ᠬᠦᠷᠲᠡᠭᠴᠢ᠎ᠳᠤ  ᠴᠢᠩᠭ᠎ᠠ  ᠴᠣᠬᠢᠯᠲᠠ  ᠦᠭᠴᠦ᠂  ᠵᠣᠭᠣᠰ  ᠮᠦᠷᠦᠢ᠌ᠴᠡᠬᠦ ᠬᠡᠪ  ᠰᠤᠷᠲᠠᠯ᠎ᠤᠨ ᠬᠥᠳᠡᠭᠡ  ᠲᠤᠰᠬᠤᠨ᠎ᠳᠤ ᠳᠡᠯᠭᠡᠷᠡᠬᠦ ᠵᠢ ᠡᠷᠡᠰ  ᠰᠡᠷᠭᠡᠢ᠍ᠯᠡᠵᠦ ᠂  ᠬᠥᠳᠡᠭᠡ  ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠳᠤ ᠠᠮᠤᠷ  ᠲᠤᠭᠲᠠᠭᠤᠨ ᠨᠡᠢ᠌ᠭᠡᠮ᠎ᠤᠨ ᠠᠮᠤᠷ  ᠲᠦᠪᠰᠢᠨ᠎ᠤ ᠣᠷᠴᠢᠨ  ᠲᠣᠭᠤᠷᠢᠨ᠎ᠢ ᠪᠥᠬᠥ  ᠬᠦᠴᠦᠨ ᠵᠶ᠋ᠡᠷ ᠵᠶ᠋ᠡᠨ ᠪᠣᠶ  ᠪᠤᠯᠭ᠋ᠠᠪᠠ ᠃

      ᠴᠠᠭᠳᠠᠭ᠎ᠠ ᠨᠠᠷ ᠲᠤᠬᠠᠶ ᠵᠢᠨ  ᠲᠠᠯᠠᠪᠠᠶ ᠎ᠲᠤ  ᠬᠠᠤᠯᠢ  ᠲᠦᠭᠡᠮᠡᠯᠵᠢᠭᠦᠯᠬᠦ  ᠬᠥᠮᠦᠵᠢᠯ  ᠥᠷᠨᠢᠭᠦᠯᠵᠦ ᠂  ᠵᠣᠭᠣᠰ  ᠮᠦᠷᠦᠢ᠌ᠴᠡᠬᠦ᠎ᠲᠤ  ᠬᠣᠯᠪᠤᠭᠳᠠᠭᠰᠠᠨ  ᠬᠠᠤᠯᠢ  ᠴᠠᠭ᠋ᠠᠵᠠ  ᠬᠠᠤᠯᠢ  ᠲᠣᠭᠲᠠᠭ᠋ᠠᠯ᠎ᠢ  ᠤᠬᠠᠭᠤᠯᠤᠨ ᠲᠠᠢ᠌ᠯᠪᠤᠷᠢᠯᠠᠵᠤ ᠂  ᠵᠣᠭᠣᠰ  ᠮᠦᠷᠦᠢ᠌ᠴᠡᠬᠦ ᠵᠢᠨ  ᠠᠵᠤ  ᠠᠬᠤᠶ ᠵᠢᠨ  ᠠᠮᠤᠷ  ᠲᠦᠪᠰᠢᠨ ᠂  ᠨᠡᠢ᠌ᠭᠡᠮ᠎ᠤᠨ  ᠲᠣᠭᠲᠠᠭᠤᠨ ᠂  ᠤᠯᠤᠰ᠎ᠤᠨ ᠳᠦᠷᠢ  ᠳᠦᠷᠬᠦ ᠪᠤᠯᠤᠨ  ᠣᠯᠠᠨ  ᠲᠦᠮᠡᠨ᠎ᠤ  ᠬᠠᠤᠯᠢ  ᠶᠣᠰᠤᠨ᠎ᠤ  ᠡᠷᠬᠡ  ᠠᠰᠢᠭ᠎ᠲᠤ ᠤᠴᠠᠷᠠᠭᠤᠯᠤᠭᠰᠠᠨ  ᠬᠦᠨᠳᠦ  ᠨᠣᠴᠢᠲᠠᠶ  ᠬᠤᠤᠷ  ᠬᠦᠨᠦᠭᠡᠯ᠎ᠢ  ᠭᠦᠨᠵᠡᠭᠡᠶ  ᠢᠯᠡᠴᠢᠯᠡᠪᠡ ᠃  ᠠᠵᠢᠯᠯᠠᠭ᠎ᠠ ᠵᠢᠨ  ᠲᠤᠬᠠᠶ ᠵᠢᠨ  ᠲᠠᠯᠠᠪᠠᠶ ᠎ᠲᠤ ᠂   ᠡᠮᠡᠭᠲᠡᠢ ᠴᠠᠭᠳᠠᠭ᠎ᠠ ᠵᠢᠨ  ᠤᠬᠠᠭᠤᠯᠬᠤ  ᠠᠩᠭᠢ  ᠪᠠᠰᠠ  ᠦᠵᠡᠭᠦᠯᠭᠡ ᠵᠢᠨ  ᠰᠠᠮᠪᠠᠷ᠎ᠠ ᠂  ᠬᠥᠨᠳᠡᠯᠡᠨ  ᠪᠢᠴᠢᠭᠡᠰᠦ ᠂  ᠤᠬᠠᠭᠤᠯᠭ᠎ᠠ ᠵᠢᠨ  ᠳᠡᠪᠲᠡᠷ᠎ᠲᠤ  ᠲᠦᠰᠢᠭᠯᠡᠨ ᠂  ᠣᠯᠠᠨ  ᠲᠦᠮᠡᠨ᠎ᠳᠤ ᠬᠥᠮᠦᠵᠢᠯ  ᠬᠢᠵᠦ  ᠤᠬᠠᠭᠤᠯᠤᠨ   ᠲᠠᠢ᠌ᠯᠪᠤᠷᠢᠯᠠᠬᠤ  ᠠᠵᠢᠯ  ᠥᠷᠨᠢᠭᠦᠯᠪᠡ ᠃  ᠬᠦᠬᠡᠬᠤᠳᠠ ᠵᠢᠨ  ᠡᠯ᠎ᠡ  ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠭᠳᠠᠭ᠎ᠠ ᠨᠠᠷ ᠵᠡᠭᠡᠯᠢ  ᠭᠤᠳᠤᠮᠵᠢ ᠂  ᠨᠡᠢ᠌ᠭᠡᠮ ᠲᠣᠭᠣᠷᠢᠭ ᠂  ᠲᠤᠰᠬᠤᠨ  ᠪᠠᠯᠭ᠋ᠠᠰᠤ ᠂  ᠠᠵᠤ  ᠠᠬᠤᠢ᠍ᠯᠠᠯ  ᠵᠡᠷᠭᠡ  ᠣᠯᠠᠨ  ᠨᠡᠢ᠌ᠲᠡ ᠵᠢᠨ ᠲᠠᠯᠠᠪᠤᠷ ᠎ᠲᠤ  ᠤᠬᠠᠭᠤᠯᠭ᠎ᠠ ᠵᠢᠨ  ᠬᠦᠨᠳᠡᠯᠡᠨ  ᠪᠢᠴᠢᠬᠡᠰᠦ  ᠡᠯᠭᠦᠵᠦ ᠂  ᠵᠣᠭᠣᠰ  ᠮᠦᠷᠦᠢ᠌ᠴᠡᠬᠦ᠎ᠳᠤ  ᠬᠦᠴᠦᠲᠡᠶ  ᠴᠣᠬᠢᠯᠲᠠ  ᠥᠭᠬᠦ  ᠠᠭᠤᠷ  ᠠᠮᠢᠰᠭᠤᠯ  ᠪᠠ  ᠬᠦᠴᠦᠷᠬᠡᠭ  ᠶᠡᠬᠡ  ᠥᠨᠳᠥᠷ  ᠳᠠᠷᠤᠯᠲᠠᠲᠤ  ᠰᠦᠷᠳᠡᠭᠦᠯᠬᠦ  ᠪᠠᠢ᠌ᠳᠠᠯ᠎ᠢ ᠪᠣᠶ  ᠪᠣᠯᠭ᠋ᠠᠪᠠ ᠃

 

ᠢᠷᠡᠯᠲᠡ᠄ᠳᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            