《ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠵᠠᠷ》 (2024 ᠣᠨ᠎ᠤ 7 ᠳ᠋ᠤᠭ᠋ᠠᠷ ᠲᠣᠭ᠋ᠠᠲᠤ)᠎ᠤᠨ ᠬᠣᠯᠪᠣᠭᠳᠠᠯ ᠪᠦᠬᠦᠢ ᠲᠣᠭᠲᠠᠭ᠋ᠠᠯ᠎ᠢ ᠦᠨᠳᠦᠰᠦᠯᠡᠨ᠂ ᠡᠳᠦᠭᠡ 2024 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ᠂ ᠬᠢᠷᠢ ᠲᠡᠩᠴᠡᠬᠦ ᠬᠤᠪᠢ ᠵᠢ ᠨᠡᠢ᠌ᠲᠡᠯᠡᠬᠦ ᠪᠠ ᠪᠡᠶᠡᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ᠂ ᠰᠦᠢ᠍ᠳᠬᠡᠯ ᠲᠤᠰᠢᠶᠠᠬᠤ ᠵᠡᠷᠭᠡ ᠵᠦᠢ᠍ᠯᠡᠰ᠎ᠢ ᠳᠣᠣᠷᠠᠬᠢ ᠮᠡᠲᠦ ᠵᠠᠷᠯᠠᠶ᠎ᠠ᠃
ᠨᠢᠭᠡ᠂ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ ᠵᠢ ᠨᠡᠢ᠌ᠲᠡᠯᠡᠬᠦ᠂ ᠪᠠᠢ᠌ᠴᠠᠭ᠋ᠠᠨ ᠯᠠᠪᠯᠠᠬᠤ
2024 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ ᠵᠢ 9 ᠰᠠᠷ᠎ᠠ ᠵᠢᠨ 26᠎ᠤ ᠡᠳᠦᠷ ᠨᠡᠢ᠌ᠲᠡᠯᠡᠨ᠎ᠡ᠃ ᠰᠢᠯᠭ᠋ᠠᠯᠲᠠ᠎ᠳᠤ ᠣᠷᠣᠯᠴᠠᠭᠰᠠᠳ 9 ᠰᠠᠷ᠎ᠠ ᠵᠢᠨ 26᠎ᠤ ᠡᠳᠦᠷ᠎ᠤᠨ 0 ᠴᠠᠭ᠎ᠠᠴᠠ ᠡᠬᠢᠯᠡᠨ᠂ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠰᠦᠯᠵᠢᠶ᠎ᠡ᠂ ᠬᠠᠤᠯᠢ ᠴᠠᠭ᠋ᠠᠵᠠ ᠵᠢᠨ ᠶᠠᠮᠤᠨ᠎ᠤ ᠸᠢᠴᠠᠲ᠎ᠤᠨ ᠣᠯᠠᠨ ᠨᠡᠶ᠋ᠢᠲᠡ ᠵᠢᠨ ᠳ᠋ᠤᠭ᠋ᠠᠷ ᠪᠠ ᠳᠤᠮᠳᠠᠳᠤ ᠤᠯᠤᠰ᠎ᠤᠨ ᠬᠠᠤᠯᠢ ᠲᠦᠭᠡᠮᠡᠯᠵᠢᠭᠦᠯᠬᠦ ᠸᠢᠴᠠᠲ᠎ᠤᠨ ᠣᠯᠠᠨ ᠨᠡᠶ᠋ᠢᠲᠡ ᠵᠢᠨ ᠳ᠋ᠤᠭ᠋ᠠᠷ ᠵᠶ᠋ᠠᠷ ᠳᠡᠮᠵᠢᠨ ᠬᠤᠪᠢ ᠬᠥᠮᠥᠨ᠎ᠤ ᠬᠢᠷᠢ ᠪᠦᠲᠦᠮᠵᠢ᠎ᠪᠠᠨ ᠪᠠᠢ᠌ᠴᠠᠭ᠋ᠠᠨ ᠯᠠᠪᠯᠠᠵᠤ᠂ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠰᠦᠯᠵᠢᠶ᠎ᠡ᠎ᠳᠤ ᠭᠠᠷᠴᠤ ᠬᠢᠷᠢ ᠪᠦᠲᠦᠮᠵᠢ ᠵᠢᠨ ᠮᠡᠳᠡᠭᠳᠡᠯ᠎ᠤᠨ ᠬᠠᠭᠤᠳᠠᠰᠤ ᠵᠢ ᠥᠪᠡᠰᠦᠪᠡᠨ ᠪᠠᠭᠤᠯᠭ᠋ᠠᠨ ᠠᠪᠴᠤ ᠳᠠᠷᠤᠮᠠᠯᠯᠠᠨ᠎ᠠ᠃
ᠬᠣᠶᠠᠷ᠂ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠲᠡᠩᠴᠡᠬᠦ ᠬᠤᠪᠢ
ᠬᠠᠤᠯᠢ ᠴᠠᠭ᠋ᠠᠵᠠ ᠵᠢᠨ ᠶᠠᠮᠤᠨ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠪᠠᠢ᠌ᠴᠠᠭ᠋ᠠᠬᠤ ᠬᠣᠷᠢᠶ᠎ᠠ ᠵᠡᠷᠭᠡ ᠰᠠᠯᠠᠭ᠎ᠠ ᠮᠥᠴᠢᠷ᠎ᠲᠠᠢ ᠵᠦᠪᠳᠡᠯᠴᠡᠬᠦ᠎ᠪᠠᠷ ᠳᠠᠮᠵᠢᠨ 2024 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠲᠡᠩᠴᠡᠬᠦ ᠬᠤᠪᠢ ᠵᠢ ᠲᠣᠭᠲᠠᠭ᠋ᠠᠵᠠᠢ᠃ ᠪᠦᠬᠦ ᠤᠯᠤᠰ᠎ᠤᠨ ᠨᠢᠭᠡᠳᠦᠯᠲᠡᠢ ᠬᠢᠷᠢ ᠲᠡᠩᠴᠡᠬᠦ ᠬᠤᠪᠢ᠎ᠨᠢ 180 ᠬᠤᠪᠢ ᠪᠣᠯᠣᠨ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠴᠣᠨ᠎ᠤ ᠥᠪᠡᠷᠲᠡᠭᠡᠨ ᠵᠠᠰᠠᠬᠤ ᠬᠣᠰᠢᠭᠤ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ᠂ ᠵᠠᠯᠠᠢ᠌ᠳ ᠬᠣᠰᠢᠭᠤ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ᠂ ᠪᠠᠭ᠋ᠠᠷᠢᠨ ᠵᠡᠭᠦᠨ ᠬᠣᠰᠢᠭᠤ᠂ ᠬᠦᠷᠢᠶ᠎ᠡ ᠬᠣᠰᠢᠭᠤ᠂ ᠰᠢᠯᠤᠭᠤᠨ ᠬᠥᠪᠡᠭᠡᠲᠦ ᠴᠠᠭ᠋ᠠᠨ ᠬᠣᠰᠢᠭᠤ᠂ ᠱᠠᠩᠳᠤ ᠰᠢᠶᠠᠨ᠂ ᠬᠤᠸᠠᠳᠧ ᠰᠢᠶᠠᠨ᠂ ᠳᠥᠷᠪᠡᠳ ᠬᠣᠰᠢᠭᠤ ᠵᠡᠷᠭᠡ 10 ᠬᠣᠰᠢᠭᠤ ᠰᠢᠶᠠᠨ᠎ᠢ ᠤᠯᠤᠰ᠎ᠤᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠭᠣᠣᠯᠳᠠᠯᠭ᠎ᠠ᠎ᠲᠠᠢ ᠬᠠᠪᠰᠤᠷᠤᠨ ᠲᠡᠳᠬᠦᠬᠦ ᠰᠢᠶᠠᠨ᠎ᠳᠤ ᠣᠷᠣᠭᠤᠯᠵᠤ᠂ ᠬᠢᠷᠢ ᠲᠡᠩᠴᠡᠬᠦ ᠬᠤᠪᠢ ᠵᠢ 150 ᠬᠤᠪᠢ ᠪᠣᠯᠭ᠋ᠠᠨ ᠠᠭᠤᠵᠢᠭᠤ ᠲᠠᠯᠪᠢᠵᠤ᠂ ᠪᠤᠰᠤᠳ ᠲᠣᠭᠲᠠᠭ᠋ᠠᠯ᠎ᠳᠤ ᠠᠭᠤᠵᠢᠭᠤ ᠲᠠᠯᠪᠢᠭᠰᠠᠨ ᠭᠠᠵᠠᠷ ᠣᠷᠣᠨ᠎ᠤ ᠬᠢᠷᠢ ᠲᠡᠩᠴᠡᠬᠦ ᠬᠤᠪᠢ ᠵᠢ 160 ᠬᠤᠪᠢ ᠪᠣᠯᠭ᠋ᠠᠪᠠ᠃
2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠢᠷᠢ ᠲᠡᠩᠴᠡᠭᠰᠡᠨ ᠬᠢᠷᠢ ᠪᠦᠲᠦᠮᠵᠢ᠎ᠨᠢ 2024 ᠣᠨ ᠪᠠ ᠲᠠᠷᠠᠭ᠋ᠠᠴᠢ ᠵᠢᠨ ᠰᠢᠯᠭ᠋ᠠᠯᠲᠠ ᠵᠢᠨ ᠣᠨ᠎ᠳᠤ ᠬᠦᠴᠦᠨ᠎ᠲᠠᠢ᠃
ᠭᠤᠷᠪᠠ᠂ ᠪᠡᠶᠡᠴᠢ ᠰᠡᠳᠦᠪ᠎ᠤᠨ ᠰᠢᠯᠭ᠋ᠠᠯᠲᠠ ᠵᠢᠨ ᠬᠠᠮᠢᠶ᠎ᠠ ᠪᠦᠬᠦᠢ ᠵᠦᠢ᠍ᠯᠡᠰ
(ᠨᠢᠭᠡ) ᠨᠡᠷ᠎ᠡ ᠮᠡᠳᠡᠭᠦᠯᠬᠦ ᠪᠠ ᠰᠦᠢ᠍ᠳᠬᠡᠯ ᠲᠤᠰᠢᠶᠠᠬᠤ
2024 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠡᠶᠡᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠪᠠ ᠰᠦᠢ᠍ᠳᠬᠡᠯ ᠲᠤᠰᠢᠶᠠᠬᠤ ᠴᠠᠭ᠎ᠨᠢ 9 ᠰᠠᠷ᠎ᠠ ᠵᠢᠨ 26᠎ᠤ ᠡᠳᠦᠷ᠎ᠤᠨ 8 ᠴᠠᠭ᠎ᠠᠴᠠ 9 ᠰᠠᠷ᠎ᠠ ᠵᠢᠨ 30᠎ᠤ ᠡᠳᠦᠷ᠎ᠤᠨ 18 ᠴᠠᠭ ᠪᠣᠯᠣᠨ᠎ᠠ᠃ 2023 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠦᠴᠦᠨ ᠪᠦᠬᠦᠢ ᠬᠢᠷᠢ ᠪᠦᠲᠦᠮᠵᠢ᠎ᠲᠠᠢ ᠬᠥᠮᠥᠰ᠎ᠢ ᠦᠯᠡᠳᠡᠭᠡᠵᠦ᠂ 2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠢᠷᠢ ᠲᠡᠩᠴᠡᠭᠰᠡᠨ ᠬᠥᠮᠥᠰ᠎ᠢ ᠲᠣᠭᠲᠠᠭᠰᠠᠨ ᠬᠤᠭᠤᠴᠠᠭ᠋ᠠᠨ ᠳᠣᠲᠣᠷ᠎ᠠ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠰᠦᠯᠵᠢᠶ᠎ᠡ᠎ᠳᠤ ᠭᠠᠷᠴᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠭᠰᠠᠨ ᠵᠶ᠋ᠠᠨ ᠨᠤᠲᠠᠯᠠᠬᠤ ᠵᠢᠨ ᠬᠠᠮᠲᠤ ᠲᠣᠭᠲᠠᠭ᠋ᠠᠯ ᠶᠣᠰᠣᠭ᠋ᠠᠷ 90 ᠲᠥᠭᠥᠷᠢᠭ᠎ᠤᠨ ᠰᠢᠯᠭ᠋ᠠᠯᠲᠠ ᠵᠢᠨ ᠰᠦᠢ᠍ᠳᠬᠡᠯ ᠲᠤᠰᠢᠶᠠᠬᠤ ᠬᠡᠷᠡᠭᠲᠡᠢ᠂ ᠬᠤᠭᠤᠴᠠᠭ᠎ᠠ ᠥᠩᠭᠡᠷᠡᠪᠡᠯ ᠨᠥᠬᠥᠵᠦ ᠮᠡᠳᠡᠭᠦᠯᠬᠦ ᠦᠭᠡᠢ᠃
(ᠬᠣᠶᠠᠷ) ᠰᠢᠯᠭ᠋ᠠᠯᠲᠠ ᠵᠢᠨ ᠲᠣᠭᠣᠷᠢᠭ᠎ᠢ ᠰᠣᠩᠭᠣᠬᠤ
2023 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠪᠦᠲᠦᠮᠵᠢᠲᠡᠶ ᠬᠢᠷᠢ ᠪᠦᠲᠦᠮᠵᠢ ᠦᠯᠡᠳᠡᠭᠡᠭᠰᠡᠨ ᠬᠥᠮᠥᠰ᠂ 2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠢᠷᠢ ᠲᠡᠩᠴᠡᠭᠰᠡᠨ ᠬᠥᠮᠥᠰ᠂ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠨ ᠭᠠᠵᠠᠷ ᠪᠤᠶᠤ ᠠᠵᠢᠯᠯᠠᠵᠤ ᠪᠠᠢ᠌ᠭ᠎ᠠ ᠭᠠᠵᠠᠷ᠂ ᠠᠮᠢᠳᠤᠷᠠᠵᠤ ᠪᠠᠢ᠌ᠭ᠎ᠠ ᠭᠠᠵᠠᠷ᠎ᠤᠨ ᠮᠤᠵᠢ (ᠣᠷᠣᠨ᠂ ᠬᠣᠲᠠ) ᠵᠢᠨ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠲᠣᠬᠢᠷᠠᠭᠤᠯᠤᠭᠰᠠᠨ ᠰᠢᠯᠭ᠋ᠠᠯᠲᠠ ᠵᠢᠨ ᠲᠣᠭᠣᠷᠢᠭ᠎ᠢ ᠰᠣᠩᠭᠣᠵᠤ᠂ 2024 ᠣᠨ᠎ᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠬᠤ᠎ᠪᠠᠷ ᠨᠤᠲᠠᠯᠠᠨ ᠲᠣᠭᠲᠠᠭ᠋ᠠᠵᠤ ᠪᠣᠯᠣᠨ᠎ᠠ᠃
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 12 ᠠᠢ᠌ᠮᠠᠭ ᠬᠣᠲᠠ᠎ᠳᠤ ᠴᠥᠮ ᠺᠣᠮᠫᠢᠦ᠋ᠲ᠋ᠧᠷ᠂ ᠪᠢᠷ ᠴᠠᠭ᠋ᠠᠰᠤ᠎ᠪᠠᠷ ᠰᠡᠳᠦᠪ ᠬᠠᠷᠢᠭᠤᠯᠬᠤ ᠠᠷᠭ᠎ᠠ ᠮᠠᠶᠢᠭ᠎ᠤᠨ ᠰᠢᠯᠭ᠋ᠠᠯᠲᠠ ᠵᠢᠨ ᠲᠣᠭᠣᠷᠢᠭ᠂ ᠰᠢᠯᠭ᠋ᠠᠯᠲᠠ ᠵᠢᠨ ᠴᠡᠭ᠎ᠢ ᠲᠣᠬᠢᠷᠠᠭᠤᠯᠪᠠ᠃
ᠥᠪᠥᠷ ᠮᠣᠩᠭᠣᠯ᠎ᠤᠨ ᠰᠢᠯᠭ᠋ᠠᠯᠲᠠ ᠵᠢᠨ ᠲᠣᠭᠣᠷᠢᠭ᠎ᠨᠢ ᠪᠣᠳᠠᠲᠠᠢ ᠪᠠᠢ᠌ᠭ᠎ᠠ ᠰᠠᠭᠤᠳᠠᠯ᠎ᠤᠨ ᠲᠣᠭ᠋ᠠᠨ᠎ᠤ ᠬᠢᠵᠠᠭ᠋ᠠᠷᠯᠠᠯ᠎ᠠᠴᠠ ᠪᠣᠯᠵᠤ᠂ ᠨᠡᠷ᠎ᠡ ᠮᠡᠳᠡᠭᠦᠯᠦᠭᠰᠡᠳ ᠨᠡᠷ᠎ᠡ ᠮᠡᠳᠡᠭᠦᠯᠬᠦ ᠭᠠᠵᠠᠷ᠎ᠢ ᠰᠣᠩᠭᠣᠬᠤ᠎ᠳᠤ᠂ ᠬᠡᠷᠪᠡ ᠲᠣᠰ ᠨᠡᠷ᠎ᠡ ᠮᠡᠳᠡᠭᠦᠯᠦᠭᠰᠡᠨ ᠭᠠᠵᠠᠷ᠎ᠤᠨ ᠪᠠᠢ᠌ᠭ᠎ᠠ ᠰᠢᠯᠭ᠋ᠠᠯᠲᠠ ᠵᠢᠨ ᠲᠣᠭᠣᠷᠢᠭ᠎ᠤᠨ ᠬᠥᠮᠥᠨ᠎ᠤ ᠲᠣᠭ᠎ᠠ᠎ᠨᠢ ᠳᠦᠭᠦᠷᠦᠭᠰᠡᠨ ᠪᠠᠢ᠌ᠪᠠᠯ᠂ ᠪᠤᠰᠤᠳ ᠬᠥᠮᠥᠨ᠎ᠤ ᠲᠣᠭ᠎ᠠ᠎ᠨᠢ ᠳᠦᠭᠦᠷᠦᠭᠡᠳᠦᠢ ᠨᠡᠷ᠎ᠡ ᠮᠡᠳᠡᠭᠦᠯᠬᠦ ᠭᠠᠵᠠᠷ᠎ᠢ ᠰᠣᠩᠭᠣᠵᠤ ᠨᠡᠷ᠎ᠡ ᠮᠡᠳᠡᠭᠦᠯᠦᠭᠡᠷᠡᠢ᠃
(ᠭᠤᠷᠪᠠ) ᠰᠢᠯᠭ᠋ᠠᠭᠤᠯᠬᠤ ᠦᠨᠡᠮᠯᠡᠯ᠎ᠢ ᠳᠠᠷᠤᠮᠠᠯᠯᠠᠬᠤ
ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠭᠰᠠᠳ 2024 ᠣᠨ᠎ᠤ 10 ᠰᠠᠷ᠎ᠠ ᠵᠢᠨ 15᠎ᠤ ᠡᠳᠦᠷ᠎ᠠᠴᠠ 19᠎ᠤ ᠡᠳᠦᠷ ᠪᠣᠯᠲᠠᠯ᠎ᠠ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠰᠦᠯᠵᠢᠶ᠎ᠡ᠎ᠳᠤ ᠭᠠᠷᠴᠤ ᠰᠢᠯᠭ᠋ᠠᠭᠤᠯᠬᠤ ᠵᠥᠪᠰᠢᠶᠡᠷᠡᠯ᠎ᠤᠨ ᠦᠨᠡᠮᠯᠡᠯ ᠵᠶ᠋ᠡᠨ ᠥᠪᠡᠰᠦᠪᠡᠨ ᠳᠠᠷᠤᠮᠠᠯᠯᠠᠨ᠎ᠠ᠃
(ᠳᠥᠷᠪᠡ ᠰᠢᠯᠭ᠋ᠠᠬᠤ ᠴᠠᠭ ᠪᠠ ᠠᠷᠭ᠎ᠠ ᠮᠠᠶᠢᠭ
ᠪᠡᠶᠡᠴᠢ ᠰᠡᠳᠦᠪ᠎ᠤᠨ ᠰᠢᠯᠭ᠋ᠠᠯᠲᠠ ᠵᠢᠨ ᠴᠠᠭ᠎ᠨᠢ 2024 ᠣᠨ᠎ᠤ 10 ᠰᠠᠷ᠎ᠠ ᠵᠢᠨ 20᠎ᠤ ᠡᠳᠦᠷ᠎ᠤᠨ
9᠄ 00—13᠄ 00᠂ ᠰᠢᠯᠭ᠋ᠠᠯᠲᠠ ᠵᠢᠨ ᠴᠠᠭ᠎ᠨᠢ 240 ᠮᠢᠨᠦ᠋ᠲ ᠪᠣᠯᠣᠨ᠎ᠠ᠃
2024 ᠣᠨ᠎ᠳᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠡᠶᠡᠴᠢ ᠰᠡᠳᠦᠪ᠎ᠤᠨ ᠰᠢᠯᠭ᠋ᠠᠯᠲᠠ᠎ᠳᠤ ᠺᠣᠮᠫᠢᠦ᠋ᠲ᠋ᠧᠷᠴᠢᠯᠡᠭᠰᠡᠨ ᠰᠢᠯᠭ᠋ᠠᠯᠲᠠ ᠵᠢ ᠬᠡᠷᠡᠭᠵᠢᠭᠦᠯᠦᠨ᠎ᠡ᠃ ᠰᠢᠯᠭ᠋ᠠᠯᠲᠠ ᠵᠢᠨ ᠰᠡᠳᠦᠪ᠂ ᠰᠡᠳᠦᠪ ᠬᠠᠷᠢᠭᠤᠯᠬᠤ ᠱᠠᠭ᠋ᠠᠷᠳᠠᠯᠭ᠎ᠠ ᠪᠠ ᠰᠡᠳᠦᠪ ᠬᠠᠷᠢᠭᠤᠯᠬᠤ ᠨᠢᠭᠤᠷ᠎ᠨᠢ ᠴᠥᠮ ᠺᠣᠮᠫᠢᠦ᠋ᠲ᠋ᠧᠷ᠎ᠤᠨ ᠳᠡᠯᠭᠡᠴᠡ ᠳᠡᠭᠡᠷ᠎ᠡ ᠢᠯᠡᠷᠡᠵᠦ᠂ ᠰᠢᠯᠭ᠋ᠠᠯᠲᠠ᠎ᠳᠤ ᠣᠷᠣᠯᠴᠠᠭᠰᠠᠳ ᠺᠣᠮᠫᠢᠦ᠋ᠲ᠋ᠧᠷ᠎ᠤᠨ ᠰᠡᠳᠦᠪ ᠬᠠᠷᠢᠭᠤᠯᠬᠤ ᠨᠢᠭᠤᠷ ᠳᠡᠭᠡᠷ᠎ᠡ ᠰᠢᠭᠤᠳ ᠬᠠᠷᠢᠭᠤᠯᠬᠤ ᠬᠡᠷᠡᠭᠲᠡᠢ᠃
ᠰᠢᠯᠭ᠋ᠠᠯᠲᠠ᠎ᠳᠤ ᠣᠷᠣᠯᠴᠠᠭᠰᠠᠳ ᠪᠡᠶ᠎ᠡ ᠮᠠᠬᠠᠪᠤᠳ᠂ ᠨᠠᠰᠤ ᠵᠢᠯ ᠵᠡᠷᠭᠡ ᠰᠢᠯᠲᠠᠭ᠋ᠠᠨ᠎ᠠᠴᠠ ᠪᠣᠯᠵᠤ ᠺᠣᠮᠫᠢᠦ᠋ᠲ᠋ᠧᠷ᠎ᠤᠨ ᠰᠢᠯᠭ᠋ᠠᠯᠲᠠ᠎ᠳᠤ ᠣᠷᠣᠯᠴᠠᠬᠤ᠎ᠳᠤ ᠦᠨᠡᠬᠡᠷ ᠬᠦᠴᠢᠷᠲᠡᠢ ᠪᠠᠢ᠌ᠪᠠᠯ᠂ ᠪᠡᠶᠡᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠡᠭᠡᠨ ᠪᠢᠷ ᠴᠠᠭ᠋ᠠᠰᠤ᠎ᠪᠠᠷ ᠰᠡᠳᠦᠪ ᠬᠠᠷᠢᠭᠤᠯᠬᠤ ᠠᠷᠭ᠎ᠠ ᠵᠢ ᠬᠡᠷᠡᠭᠯᠡᠬᠦ᠎ᠪᠠᠷ ᠭᠤᠶᠤᠴᠢᠯᠠᠵᠤ ᠪᠣᠯᠣᠨ᠎ᠠ᠂ ᠰᠢᠯᠭ᠋ᠠᠯᠲᠠ ᠵᠢᠨ ᠰᠡᠳᠦᠪ᠂ ᠰᠡᠳᠦᠪ ᠬᠠᠷᠢᠭᠤᠯᠬᠤ ᠱᠠᠭ᠋ᠠᠷᠳᠠᠯᠭ᠎ᠠ ᠵᠢ ᠴᠥᠮ ᠺᠣᠮᠫᠢᠦ᠋ᠲ᠋ᠧᠷ᠎ᠤᠨ ᠳᠡᠯᠭᠡᠴᠡ ᠳᠡᠭᠡᠷ᠎ᠡ ᠦᠵᠡᠭᠦᠯᠵᠦ᠂ ᠰᠢᠯᠭ᠋ᠠᠯᠲᠠ᠎ᠳᠤ ᠣᠷᠣᠯᠴᠠᠭᠰᠠᠳ ᠰᠡᠳᠦᠪ ᠬᠠᠷᠢᠭᠤᠯᠬᠤ ᠴᠠᠭ᠋ᠠᠰᠤᠨ ᠳᠡᠭᠡᠷ᠎ᠡ ᠬᠠᠷᠢᠭᠤᠯᠲᠠ ᠥᠭᠭᠦᠨ᠎ᠡ᠃
ᠪᠡᠶᠡᠴᠢ ᠰᠡᠳᠦᠪ᠎ᠤᠨ ᠰᠢᠯᠭ᠋ᠠᠯᠲᠠ ᠨᠢ ᠰᠢᠯᠭ᠋ᠠᠯᠲᠠ ᠰᠣᠩᠭᠣᠬᠤ ᠵᠢ ᠭᠠᠷᠭ᠋ᠠᠭᠰᠠᠨ ᠪᠠᠢ᠌ᠪᠠᠯ᠂ ᠰᠢᠯᠭ᠋ᠠᠯᠲᠠ᠎ᠳᠤ ᠣᠷᠣᠯᠴᠠᠭᠰᠠᠳ ᠨᠢᠭᠡ ᠵᠢ᠎ᠨᠢ ᠰᠣᠩᠭᠣᠵᠤ ᠬᠠᠷᠢᠭᠤᠯᠬᠤ ᠬᠡᠷᠡᠭᠲᠡᠢ᠃ ᠪᠡᠶᠡᠴᠢ ᠰᠡᠳᠦᠪ᠎ᠤᠨ ᠰᠢᠯᠭ᠋ᠠᠯᠲᠠ᠎ᠳᠤ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠠᠴᠠ ᠰᠢᠯᠭ᠋ᠠᠯᠲᠠ᠎ᠳᠤ ᠣᠷᠣᠯᠴᠠᠭᠰᠠᠳ᠎ᠲᠤ ᠡᠯᠧᠺᠲᠷᠣᠨ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠨᠢᠭᠡᠳᠦᠯᠲᠡᠢ ᠬᠠᠩᠭ᠋ᠠᠵᠤ᠂ ᠰᠢᠯᠭ᠋ᠠᠯᠲᠠ᠎ᠳᠤ ᠣᠷᠣᠯᠴᠠᠭᠰᠠᠳ ᠺᠣᠮᠫᠢᠦ᠋ᠲ᠋ᠧᠷ ᠳᠡᠭᠡᠷ᠎ᠡ᠎ᠠᠴᠠ ᠡᠷᠢᠵᠦ ᠦᠵᠡᠨ᠎ᠡ᠃
(ᠲᠠᠪᠤ) ᠮᠣᠩᠭᠣᠯ ᠬᠡᠯᠡ᠎ᠪᠠᠷ ᠬᠠᠷᠢᠭᠤᠯᠬᠤ
ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠮᠣᠩᠭᠣᠯ ᠬᠡᠯᠡᠨ᠎ᠤ ᠬᠢᠷᠢ ᠪᠦᠲᠦᠮᠵᠢ᠎ᠪᠠᠷ ᠬᠢᠷᠢ ᠲᠡᠩᠴᠡᠭᠰᠡᠳ ᠬᠢᠲᠠᠳ ᠬᠡᠯᠡᠨ᠎ᠤ ᠰᠢᠯᠭ᠋ᠠᠯᠲᠠ ᠵᠢᠨ ᠬᠠᠭᠤᠳᠠᠰᠤ ᠪᠤᠶᠤ ᠮᠣᠩᠭᠣᠯ ᠬᠡᠯᠡᠨ᠎ᠤ ᠰᠢᠯᠭ᠋ᠠᠯᠲᠠ ᠵᠢᠨ ᠬᠠᠭᠤᠳᠠᠰᠤ ᠵᠢ ᠰᠣᠩᠭᠣᠨ ᠬᠡᠷᠡᠭᠯᠡᠵᠦ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠵᠤ ᠪᠣᠯᠣᠨ᠎ᠠ᠃
ᠪᠡᠶᠡᠴᠢ ᠰᠡᠳᠦᠪ᠎ᠤᠨ ᠰᠢᠯᠭ᠋ᠠᠯᠲᠠ ᠵᠢ ᠮᠣᠩᠭᠣᠯ ᠬᠡᠯᠡ᠎ᠪᠠᠷ ᠬᠠᠷᠢᠭᠤᠯᠬᠤ ᠰᠢᠯᠭ᠋ᠠᠯᠲᠠ᠎ᠳᠤ ᠣᠷᠣᠯᠴᠠᠭᠰᠠᠳ᠎ᠲᠤ ᠪᠢᠷ ᠴᠠᠭ᠋ᠠᠰᠤ᠎ᠪᠠᠷ ᠰᠡᠳᠦᠪ ᠬᠠᠷᠢᠭᠤᠯᠬᠤ ᠠᠷᠭ᠎ᠠ ᠵᠢ ᠬᠡᠷᠡᠭᠵᠢᠭᠦᠯᠵᠦ᠂ ᠰᠢᠯᠭ᠋ᠠᠯᠲᠠ ᠵᠢᠨ ᠰᠡᠳᠦᠪ᠂ ᠰᠡᠳᠦᠪ ᠬᠠᠷᠢᠭᠤᠯᠬᠤ ᠱᠠᠭ᠋ᠠᠷᠳᠠᠯᠭ᠎ᠠ ᠵᠢ ᠴᠥᠮ ᠺᠣᠮᠫᠢᠦ᠋ᠲ᠋ᠧᠷ᠎ᠤᠨ ᠳᠡᠯᠭᠡᠴᠡ ᠳᠡᠭᠡᠷ᠎ᠡ ᠢᠯᠡᠷᠡᠭᠦᠯᠵᠦ᠂ ᠰᠢᠯᠭ᠋ᠠᠯᠲᠠ᠎ᠳᠤ ᠣᠷᠣᠯᠴᠠᠭᠰᠠᠳ ᠰᠡᠳᠦᠪ ᠬᠠᠷᠢᠭᠤᠯᠬᠤ ᠴᠠᠭ᠋ᠠᠰᠤᠨ ᠳᠡᠭᠡᠷ᠎ᠡ ᠬᠠᠷᠢᠭᠤᠯᠲᠠ ᠥᠭᠭᠦᠨ᠎ᠡ᠃
ᠳᠥᠷᠪᠡ᠂ ᠪᠤᠰᠤᠳ ᠵᠦᠢ᠍ᠯ᠎ᠤᠳ
ᠰᠢᠯᠭ᠋ᠠᠯᠲᠠ᠎ᠳᠤ ᠣᠷᠣᠯᠴᠠᠭᠰᠠᠳ᠎ᠤᠨ 2024 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠬᠤ ᠪᠤᠰᠤᠳ ᠵᠦᠢ᠍ᠯᠡᠰ᠎ᠢ 《ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠵᠠᠷ》 (2024 ᠣᠨ᠎ᠤ 4 ᠳ᠋ᠦ᠍ᠭᠡᠷ ᠲᠣᠭ᠋ᠠᠲᠤ)᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠎ᠤᠨ 2024 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠠᠯᠪᠠᠨ ᠵᠠᠷ》 (2024 ᠣᠨ᠎ᠤ 6 ᠳ᠋ᠤᠭ᠋ᠠᠷ ᠰᠠᠷ᠎ᠠ ᠵᠢᠨ 11᠎ᠤ ᠡᠳᠦᠷ ᠨᠡᠢ᠌ᠲᠡᠯᠡᠪᠡ) ᠶᠣᠰᠣᠭ᠋ᠠᠷ ᠬᠡᠷᠡᠭᠵᠢᠭᠦᠯᠦᠨ᠎ᠡ᠃ ᠰᠢᠯᠭ᠋ᠠᠭᠤᠯᠤᠭᠴᠢ ᠬᠠᠤᠯᠢ ᠴᠠᠭ᠋ᠠᠵᠠ ᠵᠢᠨ ᠶᠠᠮᠤᠨ᠂ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠎ᠤᠨ ᠠᠯᠪᠠᠨ᠎ᠤ ᠰᠦᠯᠵᠢᠶ᠎ᠡ᠎ᠳᠤ ᠭᠠᠷᠴᠤ ᠪᠠᠢ᠌ᠴᠠᠭ᠋ᠠᠨ ᠯᠠᠪᠯᠠᠬᠤ ᠪᠤᠶᠤ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠂ ᠨᠡᠷ᠎ᠡ ᠮᠡᠳᠡᠭᠦᠯᠦᠭᠰᠡᠨ ᠭᠠᠵᠠᠷ᠎ᠤᠨ ᠠᠢ᠌ᠮᠠᠭ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶ᠎ᠠ᠎ᠠᠴᠠ ᠠᠰᠠᠭᠤᠨ ᠯᠠᠪᠯᠠᠵᠤ ᠪᠣᠯᠣᠨ᠎ᠠ᠃
ᠰᠢᠯᠭ᠋ᠠᠯᠲᠠ᠎ᠳᠤ ᠣᠷᠣᠯᠴᠠᠭᠰᠠᠳ᠎ᠤᠨ ᠪᠡᠶᠡᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ᠂ ᠬᠢᠷᠢ ᠲᠡᠩᠴᠡᠬᠦ ᠬᠤᠪᠢ ᠵᠢᠨ ᠱᠤᠭᠤᠮ᠎ᠢ ᠨᠡᠢ᠌ᠲᠡᠯᠡᠬᠦ ᠵᠢᠴᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠬᠤ᠎ᠪᠠᠷ ᠭᠤᠶᠤᠴᠢᠯᠠᠬᠤ ᠵᠦᠢ᠍ᠯᠡᠰ᠎ᠢ ᠬᠠᠤᠯᠢ ᠴᠠᠭ᠋ᠠᠵᠠ ᠵᠢᠨ ᠶᠠᠮᠤᠨ᠎ᠠᠴᠠ ᠠᠰᠲᠤᠨᠢ ᠵᠠᠷᠯᠠᠨ ᠨᠡᠢ᠌ᠲᠡᠯᠡᠨ᠎ᠡ᠃
ᠰᠢᠯᠭ᠋ᠠᠯᠲᠠ᠎ᠳᠤ ᠣᠷᠣᠯᠴᠠᠭᠰᠠᠳ ᠬᠠᠤᠯᠢ ᠴᠠᠭ᠋ᠠᠵᠠ ᠵᠢᠨ ᠶᠠᠮᠤᠨ᠂ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ ᠵᠢᠴᠢ ᠨᠡᠷ᠎ᠡ ᠮᠡᠳᠡᠭᠦᠯᠦᠭᠰᠡᠨ ᠭᠠᠵᠠᠷ᠎ᠤᠨ ᠠᠢ᠌ᠮᠠᠭ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶ᠎ᠠ ᠵᠢᠨ ᠬᠣᠯᠪᠣᠭᠳᠠᠯ ᠪᠦᠬᠦᠢ ᠮᠡᠳᠡᠭᠳᠡᠯ᠎ᠤᠨ ᠠᠯᠪᠠᠨ ᠵᠠᠷ᠎ᠢ ᠴᠠᠭ ᠲᠤᠬᠠᠢᠳᠤᠨᠢ ᠠᠩᠬᠠᠷᠴᠤ᠂ ᠰᠢᠯᠭ᠋ᠠᠯᠲᠠ᠎ᠳᠤ ᠨᠠᠷᠢᠨ ᠬᠢᠨᠠᠮᠠᠭ᠋ᠠᠢ ᠳᠠᠪᠲᠠᠨ ᠪᠡᠯᠡᠳᠬᠡᠭᠡᠷᠡᠢ᠃
ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠠᠰᠠᠭᠤᠨ ᠯᠠᠪᠯᠠᠬᠤ ᠤᠲᠠᠰᠤ᠄
ᠬᠥᠬᠡᠬᠣᠲᠠ᠄ 0471—6649591
ᠪᠤᠭᠤᠲᠤ ᠬᠣᠲᠠ᠄ 0472—2898078
ᠦᠬᠠᠢ ᠬᠣᠲᠠ᠄ 0473—8992112
ᠤᠯᠠᠭ᠋ᠠᠨᠬᠠᠳᠠ ᠬᠣᠲᠠ᠄ 0476—5680105
ᠲᠦᠩᠯᠢᠶᠣᠣ ᠬᠣᠲᠠ᠄ 0475—8835223
ᠣᠷᠳᠣᠰ ᠬᠣᠲᠠ᠄ 0477—8588587
ᠬᠥᠯᠥᠨ ᠪᠣᠶ᠋ᠢᠷ ᠬᠣᠲᠠ᠄ 0470—8217972
ᠪᠠᠶᠠᠨᠨᠠᠭᠤᠷ ᠬᠣᠲᠠ᠄ 0478—7988838
ᠤᠯᠠᠭ᠋ᠠᠨᠴᠠᠪ ᠬᠣᠲᠠ᠄ 0474—8985078
ᠬᠢᠩᠭ᠋ᠠᠨ ᠠᠢ᠌ᠮᠠᠭ᠄ 0482—8269017
ᠰᠢᠯᠢ ᠵᠢᠨ ᠭᠣᠣᠯ ᠠᠢ᠌ᠮᠠᠭ᠄ 0479—8267177
ᠠᠯᠠᠱ᠌ᠠ ᠠᠢ᠌ᠮᠠᠭ᠄ 0483—8331643
ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠄ 0471—5301421
ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ
2024 ᠣᠨ᠎ᠤ 9 ᠰᠠᠷ᠎ᠠ ᠵᠢᠨ 25᠎ᠤ ᠡᠳᠦᠷ