ᠨᠠᠮ᠎ᠢ ᠪᠥᠬᠥ ᠲᠠᠯ᠎ᠠ᠎ᠪᠠᠷ ᠴᠢᠩᠭ᠎ᠠ ᠬᠠᠮᠢᠶᠠᠷᠴᠤ ᠴᠢᠩᠭ᠎ᠠ ᠵᠠᠰᠠᠬᠤ ᠵᠢ ᠠᠬᠢᠭᠤᠯᠵᠤ᠂ ᠪᠥᠬᠥ ᠣᠷᠣᠨ᠎ᠤ ᠭᠢᠨᠳᠠᠨ᠎ᠤ ᠰᠢᠰᠲ᠋ᠧᠮ᠎ᠤᠨ ᠠᠷᠠᠳ᠎ᠤᠨ ᠴᠠᠭᠳᠠᠭ᠎ᠠ ᠵᠢᠨ ᠠᠵᠢᠯᠲᠠᠨ᠎ᠤ ᠡᠩᠨᠡᠭᠡ ᠵᠢᠨ ᠣᠨᠣᠯ᠎ᠤᠨ ᠵᠡᠪᠰᠡᠭᠯᠡᠯ ᠪᠠ ᠪᠣᠳᠠᠲᠤ ᠪᠠᠶ᠋ᠢᠯᠳᠤᠭ᠋ᠠᠨ᠎ᠤ ᠪᠣᠯᠪᠠᠰᠤᠷᠠᠯ᠎ᠢ ᠴᠢᠩᠭ᠋ᠠᠳᠬᠠᠨ᠂ ᠠᠷᠠᠳ᠎ᠤᠨ ᠴᠠᠭᠳᠠᠭ᠎ᠠ ᠵᠢᠨ ᠠᠵᠢᠯᠲᠠᠨ᠎ᠤ ᠤᠯᠤᠰ ᠲᠥᠷᠥ ᠵᠢᠨ ᠬᠡᠪ ᠴᠢᠨᠠᠷ᠂ ᠰᠠᠬᠢᠯᠭ᠎ᠠ ᠪᠠᠲᠤ ᠵᠢᠨ ᠤᠬᠠᠮᠰᠠᠷ᠂ ᠲᠤᠬᠠᠶ᠋ᠢᠯᠠᠭᠰᠠᠨ ᠠᠵᠢᠯ᠎ᠤᠨ ᠴᠢᠳᠠᠪᠤᠷᠢ᠂ ᠬᠠᠤᠯᠢ ᠬᠡᠷᠡᠭᠵᠢᠭᠦᠯᠬᠦ ᠬᠢᠷᠢ ᠲᠦᠪᠰᠢᠨ᠎ᠢ ᠪᠥᠬᠥ ᠲᠠᠯ᠎ᠠ᠎ᠪᠠᠷ ᠳᠡᠭᠡᠭᠰᠢᠯᠡᠭᠦᠯᠬᠦ ᠵᠢᠨ ᠲᠥᠯᠥᠭᠡ᠂ ᠲᠥᠯᠥᠪᠯᠡᠭᠡ ᠵᠢᠨ ᠲᠣᠬᠢᠷᠠᠭᠤᠯᠤᠯᠲᠠ ᠵᠢ ᠦᠨᠳᠦᠰᠦᠯᠡᠨ᠂ ᠣᠶ᠋ᠢᠷ᠎ᠠ᠎ᠳᠤ᠂ ᠥᠪᠥᠷ ᠮᠣᠩᠭᠣᠯ᠎ᠤᠨ ᠭᠢᠨᠳᠠᠨ᠎ᠤ ᠬᠠᠮᠢᠶᠠᠷᠤᠯᠲᠠ ᠵᠢᠨ ᠲᠣᠪᠴᠢᠶ᠎ᠠ ᠪᠥᠬᠥ ᠰᠢᠰᠲ᠋ᠧᠮ᠎ᠳᠤ 《ᠬᠣᠶᠠᠷ ᠵᠢᠯ᠎ᠤᠨ ᠭᠤᠷᠪᠠ ᠤᠳᠠᠭ᠎ᠠ ᠵᠢᠨ ᠰᠢᠯᠭ᠋ᠠᠯᠲᠠ》 ᠵᠢᠨ ᠠᠵᠢᠯ᠎ᠢ ᠪᠠᠶ᠋ᠢᠷᠢᠯᠠᠭᠤᠯᠤᠨ ᠥᠷᠨᠢᠭᠦᠯᠪᠡ᠃ 1 ᠰᠠᠷ᠎ᠠ ᠵᠢᠨ 15᠎ᠤ ᠡᠳᠦᠷ᠂ ᠭᠢᠨᠳᠠᠨ᠎ᠤ ᠬᠠᠮᠢᠶᠠᠷᠤᠯᠲᠠ ᠵᠢᠨ ᠲᠣᠪᠴᠢᠶ᠎ᠠ ᠵᠢᠨ ᠪᠠᠶ᠋ᠢᠭᠤᠯᠭ᠎ᠠ᠎ᠠᠴᠠ ᠠᠷᠠᠳ᠎ᠤᠨ ᠴᠠᠭᠳᠠᠭ᠎ᠠ ᠵᠢᠨ ᠠᠵᠢᠯᠲᠠᠨ᠎ᠢ ᠵᠣᠬᠢᠶᠠᠨ ᠪᠠᠢ᠌ᠭᠤᠯᠤᠨ 2021 ᠣᠨ᠎ᠤ ᠨᠢᠭᠡᠳᠦᠭᠡᠷ ᠤᠯᠠᠷᠢᠯ᠎ᠤᠨ ᠰᠢᠯᠭ᠋ᠠᠯᠲᠠ ᠬᠢᠪᠠ᠃ ᠬᠠᠤᠯᠢ ᠴᠠᠭ᠋ᠠᠵᠠ ᠵᠢᠨ ᠲᠢᠩᠬᠢᠮ᠎ᠤᠨ ᠨᠠᠮ᠎ᠤᠨ ᠬᠣᠷᠢᠶᠠᠨ᠎ᠤ ᠭᠡᠰᠢᠭᠦᠨ᠂ ᠲᠢᠩᠬᠢᠮ᠎ᠤᠨ ᠳᠡᠳ᠋ ᠳᠠᠷᠤᠭ᠎ᠠ᠂ ᠭᠢᠨᠳᠠᠨ᠎ᠤ ᠬᠠᠮᠢᠶᠠᠷᠤᠯᠲᠠ ᠵᠢᠨ ᠲᠣᠪᠴᠢᠶ᠎ᠠ ᠵᠢᠨ ᠨᠠᠮ᠎ᠤᠨ ᠬᠣᠷᠢᠶᠠᠨ᠎ᠤ ᠱᠦᠵᠢ᠂ ᠲᠣᠪᠴᠢᠶᠠᠨ ᠳᠠᠷᠤᠭ᠎ᠠ ᠬᠣᠩ ᠴᠧᠩ ᠬᠤᠤ ᠲᠤᠬᠠᠶ ᠵᠢᠨ ᠲᠠᠯᠠᠪᠠᠶ᠎ᠳᠤ ᠲᠣᠭᠣᠷᠢᠨ ᠰᠢᠯᠭ᠋ᠠᠵᠤ᠂ ᠲᠣᠪᠴᠢᠶ᠎ᠠ ᠵᠢᠨ ᠨᠠᠮ᠎ᠤᠨ ᠬᠣᠷᠢᠶᠠᠨ᠎ᠤ ᠭᠡᠰᠢᠭᠦᠨ᠂ ᠤᠯᠤᠰ ᠲᠥᠷᠥ ᠵᠢᠨ ᠬᠡᠯᠲᠡᠰ᠎ᠤᠨ ᠬᠠᠷᠢᠭᠤᠴᠠᠯᠭ᠋ᠠᠲᠠᠨ ᠪᠥᠬᠥ ᠶᠠᠪᠤᠴᠠ᠎ᠳᠤ ᠰᠢᠯᠭ᠋ᠠᠯᠲᠠ ᠬᠢᠨᠠᠪᠠ᠃ ᠲᠣᠪᠴᠢᠶᠠᠨ᠎ᠤ ᠪᠠᠶ᠋ᠢᠭᠤᠯᠭ᠎ᠠ ᠵᠢᠨ 70 ᠠᠷᠠᠳ᠎ᠤᠨ ᠴᠠᠭᠳᠠᠭ᠎ᠠ ᠲᠣᠰ ᠤᠳᠠᠭ᠎ᠠ ᠵᠢᠨ ᠰᠢᠯᠭ᠋ᠠᠯᠲᠠ᠎ᠳᠤ ᠨᠡᠷ᠎ᠡ ᠮᠡᠳᠡᠭᠦᠯᠦᠨ ᠤᠷᠤᠯᠴᠠᠪᠠ᠃
ᠲᠤᠰ ᠤᠳᠠᠭ᠎ᠠ ᠵᠢᠨ ᠰᠢᠯᠭ᠋ᠠᠯᠲᠠ᠎ᠳᠤ ᠲᠣᠪᠴᠢᠶᠠᠨ᠎ᠤ ᠪᠠᠢ᠌ᠭᠤᠯᠭ᠎ᠠ ᠵᠢᠨ ᠯᠠᠪᠯᠠᠯᠲᠠ ᠵᠢᠨ ᠠᠵᠢᠯᠲᠠᠨ᠎ᠤ ᠳᠣᠲᠣᠷ᠎ᠠ ᠭᠠᠵᠠᠷ ᠲᠠᠰᠤᠭ᠎ᠤᠨ ᠬᠠᠷᠢᠭᠤᠴᠠᠯᠭ᠋ᠠᠲᠠᠨ ᠪᠠᠶ᠋ᠢᠬᠤ ᠪᠥᠭᠡᠳ ᠪᠠᠰᠠ ᠨᠠᠰᠤᠨ᠎ᠤ ᠠᠮᠠᠷᠠᠯᠲᠠ ᠠᠪᠬᠤ ᠭᠡᠵᠦ ᠪᠠᠶ᠋ᠢᠭ᠎ᠠ ᠠᠬᠠᠮᠠᠳ ᠨᠥᠬᠥᠳ ᠪᠠᠢ᠌ᠵᠤ᠂ ᠪᠠᠰᠠ ᠵᠠᠯᠠᠭᠤ ᠠᠷᠠᠳ᠎ᠤᠨ ᠴᠠᠭᠳᠠᠭ᠎ᠠ ᠠᠵᠢᠯᠲᠠᠨ ᠪᠠᠶ᠋ᠢᠨ᠎ᠠ᠃ ᠪᠦᠬᠦ ᠨᠥᠬᠥᠳ ᠰᠡᠳᠬᠢᠯ ᠰᠠᠨᠠᠭ᠎ᠠ᠎ᠪᠠᠨ ᠲᠥᠪᠯᠡᠷᠡᠭᠦᠯᠦᠨ᠂ ᠨᠢᠭᠡ ᠰᠡᠳᠬᠢᠯ ᠨᠢᠭᠡ ᠵᠣᠷᠢᠭ ᠵᠶ᠋ᠠᠷ ᠲᠣᠭᠲᠠᠭᠰᠠᠨ ᠴᠠᠭ᠎ᠤᠨ ᠳᠣᠲᠣᠷ᠎ᠠ ᠪᠦᠬᠦ ᠰᠡᠳᠦᠪ᠎ᠢ ᠬᠠᠷᠢᠭᠤᠯᠵᠤ᠂ ᠰᠢᠯᠭ᠋ᠠᠯᠲᠠ᠎ᠪᠠᠷ ᠰᠤᠷᠤᠯᠴᠠᠯᠭ᠎ᠠ ᠵᠢ ᠠᠬᠢᠭᠤᠯᠬᠤ ᠵᠣᠷᠢᠯᠭ᠎ᠠ᠎ᠳᠤ᠎ᠪᠠᠨ ᠬᠦᠷᠴᠡᠶ᠃
《ᠬᠣᠶᠠᠷ ᠵᠢᠯ᠎ᠤᠨ ᠭᠤᠷᠪᠠ ᠤᠳᠠᠭ᠎ᠠ ᠵᠢᠨ ᠰᠢᠯᠭ᠋ᠠᠯᠲᠠ》 ᠵᠢᠨ ᠠᠵᠢᠯ᠎ᠢ ᠥᠷᠨᠢᠭᠦᠯᠦᠭᠰᠡᠨ᠎ᠨᠢ ᠥᠷᠭᠡᠨ ᠤᠯᠠᠨ ᠠᠷᠠᠳ᠎ᠤᠨ ᠴᠠᠭᠳᠠᠭ᠎ᠠ ᠵᠢᠨ ᠠᠵᠢᠯᠲᠠᠨ᠎ᠤ ᠰᠠᠨᠠᠭ᠋ᠠᠴᠢᠯᠠᠭ᠎ᠠ᠎ᠠᠴᠠ᠎ᠪᠠᠨ ᠰᠤᠷᠤᠯᠴᠠᠬᠤ ᠦᠵᠡᠯ ᠤᠬᠠᠮᠰᠠᠷ᠎ᠢ ᠤᠯᠠᠮ ᠨᠢᠭᠡ ᠠᠯᠬᠤᠮ ᠨᠡᠮᠡᠭᠳᠡᠭᠦᠯᠵᠦ᠂ ᠪᠥᠬᠥ ᠰᠢᠰᠲᠸᠮ᠎ᠤᠨ ᠠᠷᠠᠳ᠎ᠤᠨ ᠴᠠᠭᠳᠠᠭ᠎ᠠ ᠵᠢᠨ ᠠᠵᠢᠯᠲᠠᠨ᠎ᠤ ᠮᠡᠳᠡᠯᠭᠡ ᠪᠤᠯᠪᠠᠰᠤᠷᠠᠭᠤᠯᠤᠯ᠎ᠤᠨ ᠴᠢᠳᠠᠪᠤᠷᠢ ᠵᠢ ᠬᠦᠴᠦᠲᠡᠢ ᠳᠡᠭᠡᠭᠰᠢᠯᠡᠭᠦᠯᠦᠨ᠂ ᠤᠨᠤᠯ᠎ᠤᠨ ᠰᠠᠭᠤᠷᠢ ᠵᠢ ᠪᠡᠬᠢᠵᠢᠭᠦᠯᠵᠦ᠂ ᠠᠷᠠᠳ᠎ᠤᠨ ᠴᠠᠭᠳᠠᠭ᠎ᠠ ᠵᠢᠨ ᠡᠩᠨᠡᠭᠡᠨ᠎ᠤ 《ᠲᠥᠷᠪᠡᠴᠢᠯᠡᠯᠳᠠ》 ᠵᠢᠨ ᠪᠠᠶ᠋ᠢᠭᠤᠯᠤᠯᠲᠠ ᠵᠢ ᠦᠷᠭᠦᠯᠵᠢᠯᠡᠨ ᠴᠢᠩᠭ᠋ᠠᠳᠬᠠᠬᠤ᠎ᠳᠤ ᠢᠳᠡᠪᠬᠢᠲᠡᠢ ᠠᠬᠢᠭᠤᠯᠬᠤ ᠦᠢ᠍ᠯᠡᠳᠦᠯ ᠦᠵᠡᠭᠦᠯᠪᠡ᠃