ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠬᠠᠣᠯᠢ᠎ᠪᠠᠷ ᠵᠠᠰᠠᠬᠤ   -   ᠬᠠᠣᠯᠢ᠎ᠪᠠᠷ ᠵᠠᠰᠠᠬᠤ ᠦᠪᠦᠷ ᠮᠣᠩᠭᠤᠯ
ᠬᠥᠬᠡᠬᠣᠲᠠ᠄ ᠬᠠᠷᠢᠭᠤᠴᠠᠯᠭ᠎ᠠ᠎ᠪᠠᠨ ᠡᠭᠦᠷᠭᠡᠯᠡᠨ ᠪᠣᠳᠠᠲᠠᠢ᠎ᠪᠠᠷ ᠠᠵᠢᠯᠯᠠᠵᠤ ᠣᠷᠣᠨ ᠵᠶ᠋ᠠᠨ ᠬᠦᠴᠦᠷᠬᠡᠭᠵᠢᠭᠦᠯᠵᠦ ᠬᠠᠤᠯᠢᠵᠢᠯ᠎ᠤᠨ ᠵᠠᠰᠠᠭ᠎ᠤᠨ ᠣᠷᠳᠣᠨ᠎ᠤ ᠪᠠᠢ᠌ᠭᠤᠯᠤᠯᠲᠠ ᠵᠢᠨ ᠰᠢᠨ᠎ᠡ ᠪᠠᠢ᠌ᠳᠠᠯ᠎ᠢ ᠴᠢᠷᠮᠠᠢ᠌ᠨ ᠡᠭᠦᠳᠴᠦ ᠪᠤᠢ
ᠨᠡᠶ᠋ᠢᠲᠡᠯᠡᠭᠰᠡᠨ ᠴᠠᠭ᠄ 2025-02-20

      2024 ᠣᠨ᠎ᠳᠤ᠂  ᠬᠥᠬᠡᠬᠣᠲᠠ  ᠬᠣᠶᠠᠷ ᠶᠡᠬᠡ ᠶᠠᠪᠤᠳᠠᠯ᠎ᠢ ᠰᠠᠢ᠌ᠲᠤᠷ ᠬᠢᠬᠦ᠎ᠳᠤ ᠠᠩᠬᠠᠷᠤᠯ ᠵᠶ᠋ᠠᠨ ᠲᠥᠪᠯᠡᠷᠡᠭᠦᠯᠵᠦ᠂  ᠵᠢᠷᠭᠤᠭ᠋ᠠᠨ ᠢᠨᠵᠧᠨᠧᠷᠢᠩ᠎ᠢ ᠬᠡᠷᠡᠭᠵᠢᠭᠦᠯᠬᠦ ᠵᠢ ᠪᠠᠲᠤᠯᠠᠵᠤ᠂  ᠬᠠᠤᠯᠢᠵᠢᠯ᠎ᠤᠨ ᠵᠠᠰᠠᠭ᠎ᠤᠨ ᠣᠷᠳᠣᠨ᠎ᠤ ᠪᠠᠢ᠌ᠭᠤᠯᠤᠯᠲᠠ ᠵᠢ ᠪᠦᠬᠦ ᠲᠠᠯ᠎ᠠ᠎ᠪᠠᠷ ᠭᠦᠨᠵᠡᠭᠡᠢ᠌ᠷᠡᠭᠦᠯᠵᠦ᠂  ᠣᠷᠣᠨ᠎ᠤ ᠲᠥᠪ᠎ᠤᠨ ᠠᠵᠤ ᠠᠬᠤᠢ ᠨᠡᠢ᠌ᠭᠡᠮ᠎ᠤᠨ ᠴᠢᠨᠠᠷ ᠰᠠᠢ᠌ᠲᠠᠢ ᠬᠥᠭᠵᠢᠯᠲᠡ᠎ᠳᠤ ᠰᠠᠢ᠌ᠨ ᠰᠠᠢ᠌ᠬᠠᠨ ᠬᠠᠤᠯᠢᠵᠢᠯ᠎ᠤᠨ ᠣᠷᠴᠢᠨ ᠲᠣᠭᠣᠷᠢᠨ᠎ᠢ ᠪᠤᠢ ᠪᠣᠯᠭ᠋ᠠᠵᠤ ᠥᠭᠴᠡᠢ᠃ 

      ᠦᠨᠡᠨᠴᠢ ᠢᠲᠡᠭᠡᠮᠵᠢᠲᠡᠢ᠎ᠪᠠᠷ ᠦᠨᠳᠦᠰᠦ ᠪᠣᠯᠭ᠋ᠠᠬᠤ ᠵᠢ ᠪᠠᠷᠢᠮᠲᠠᠯᠠᠵᠤ᠂ 《ᠦᠨᠡᠨᠴᠢ》᠎ᠪᠠᠷ ᠬᠤᠳᠠᠯᠳᠤᠭ᠎ᠠ ᠡᠵᠡᠩᠨᠡᠬᠦ ᠥᠩ ᠰᠢᠮᠡᠯᠢᠭ ᠬᠥᠷᠥᠰᠥ ᠵᠢ ᠭᠦᠨ  ᠪᠣᠢ᠌ᠵᠢᠭᠤᠯᠵᠠᠢ᠃  ᠪᠥᠬᠥ ᠤᠯᠤᠰ᠎ᠤᠨ ᠦᠨᠡᠨᠴᠢ ᠢᠲᠡᠭᠡᠮᠵᠢ ᠵᠢᠨ ᠪᠠᠢ᠌ᠭᠤᠯᠤᠯᠲᠠ ᠵᠢᠨ ᠨᠥᠯᠥᠭᠡᠯᠡᠬᠦ ᠬᠦᠴᠦᠨ᠎ᠲᠠᠢ ᠬᠣᠲᠠ᠎ᠳᠤ ᠵᠢᠭᠰᠠᠭ᠋ᠠᠭᠳᠠᠪᠠ᠃ 《ᠦᠨᠡᠨᠴᠢ ᠢᠲᠡᠭᠡᠮᠵᠢ ᠵᠢᠨ ᠪᠠᠢ᠌ᠭᠤᠯᠤᠯᠲᠠ ᠵᠢᠨ ᠵᠠᠭ᠋ᠠᠯᠳᠤᠯᠭ᠎ᠠ》 ᠵᠢᠨ  ᠴᠣᠩᠬᠣᠪᠴᠢ ᠵᠢ 11 ᠭᠠᠷᠭ᠋ᠠᠵᠤ᠂  ᠵᠠᠰᠠᠭ᠎ᠤᠨ ᠣᠷᠳᠣᠨ᠎ᠤ ᠢᠲᠡᠭᠡᠯ ᠠᠯᠳᠠᠭᠰᠠᠨ ᠠᠵᠢᠯᠯᠠᠭ᠎ᠠ ᠵᠢ ᠶᠡᠬᠡ᠎ᠪᠠᠷ ᠪᠠᠢ᠌ᠴᠠᠭ᠋ᠠᠵᠤ᠂  ᠴᠢᠩᠭ᠎ᠠ  ᠰᠢᠢ᠍ᠳᠪᠦᠷᠢᠯᠡᠪᠡ᠃  ᠵᠢᠷᠭᠤᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ᠎ᠤᠨ ᠬᠤᠳᠠ ᠵᠢᠨ ᠢᠲᠡᠭᠡᠮᠵᠢ ᠵᠢᠨ ᠪᠠᠢ᠌ᠭᠤᠯᠤᠯᠲᠠ ᠵᠢᠨ ᠲᠦᠷᠦᠭᠦᠴᠦᠳ᠎ᠤᠨ ᠶᠠᠷᠢᠶᠠᠨ᠎ᠤ ᠲᠠᠪᠴᠠᠩ᠎ᠢ ᠳᠠᠭ᠋ᠠᠭ᠋ᠠᠴᠢᠯᠠᠨ ᠡᠷᠬᠢᠯᠡᠵᠦ᠂ ᠭᠤᠸᠠᠩᠵᠧᠦ᠂  ᠬᠠᠩᠵᠧᠦ᠂  ᠰᠢᠶᠠᠮᠧᠨ᠂  ᠨᠢᠩᠪᠦ᠋ᠸᠧ᠂  ᠬᠠᠷᠪᠢᠨ᠎ᠲᠠᠢ ᠬᠠᠮᠲᠤ᠎ᠪᠠᠷ 2024 ᠣᠨ᠎ᠤ ᠦᠨᠡᠨᠴᠢ ᠢᠲᠡᠭᠡᠮᠵᠢ ᠵᠢᠨ ᠪᠠᠢ᠌ᠭᠤᠯᠤᠯᠲᠠ ᠵᠢᠨ ᠨᠥᠯᠥᠭᠡᠯᠡᠬᠦ ᠬᠦᠴᠦᠨ᠎ᠲᠠᠢ ᠬᠤᠳᠠ ᠪᠣᠯᠵᠤ᠂ 7 ᠬᠡᠷᠡᠭ᠎ᠤᠨ ᠵᠢᠱ᠌ᠢᠶ᠎ᠡ᠎ᠨᠢ ᠪᠦᠬᠦ ᠤᠯᠤᠰ᠎ᠤᠨ ᠰᠢᠯᠢᠳᠡᠭ ᠢᠲᠡᠭᠡᠮᠵᠢ ᠵᠢᠨ ᠬᠡᠷᠡᠭ᠎ᠤᠨ ᠵᠢᠱ᠌ᠢᠶ᠎ᠡ᠎ᠪᠠᠷ ᠦᠨᠡᠯᠡᠭᠳᠡᠪᠡ᠃  ᠪᠦᠬᠦ ᠤᠯᠤᠰ᠎ᠤᠨ ᠵᠠᠰᠠᠭ ᠵᠠᠬᠢᠷᠭ᠋ᠠᠨ᠎ᠤ ᠬᠢᠨᠠᠨ ᠵᠥᠪᠰᠢᠶᠡᠷᠡᠬᠦ ᠵᠦᠢ᠍ᠯᠡᠰ᠎ᠤᠨ ᠬᠠᠮᠤᠭ᠎ᠤᠨ ᠴᠥᠭᠡᠨ ᠬᠣᠲᠠ ᠵᠢᠨ  ᠡᠩᠨᠡᠭᠡᠨ᠎ᠳᠤ ᠵᠢᠭᠰᠠᠭ᠋ᠠᠭᠳᠠᠪᠠ᠃  ᠵᠠᠰᠠᠭ ᠵᠠᠬᠢᠷᠭ᠋ᠠᠨ᠎ᠤ ᠬᠢᠨᠠᠨ ᠵᠥᠪᠰᠢᠶᠡᠷᠡᠬᠦ ᠪᠠ ᠤᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠵᠦᠢ᠍ᠯᠡᠰ᠎ᠢ 1296 ᠵᠦᠢ᠍ᠯ ᠪᠠᠢ᠌ᠭᠰᠠᠨ᠎ᠠᠴᠠ᠎ᠨᠢ ᠬᠠᠰᠤᠭ᠋ᠠᠳ 405 ᠵᠦᠢ᠍ᠯ ᠪᠣᠯᠭ᠋ᠠᠪᠠ᠃ 166 《ᠥᠨᠳᠥᠷ ᠪᠦᠲᠦᠮᠵᠢᠲᠡᠶ᠎ᠪᠠᠷ ᠨᠢᠭᠡ ᠶᠠᠪᠤᠳᠠᠯ᠎ᠢ ᠪᠦᠲᠦᠭᠡᠬᠦ》  ᠠᠷᠭ᠎ᠠ ᠵᠢ ᠭᠠᠷᠭ᠋ᠠᠵᠤ᠂  ᠳᠤᠮᠳᠠᠴᠢ ᠴᠠᠭ ᠬᠤᠭᠤᠴᠠᠭ᠎ᠠ ᠵᠢ 74.3%᠎ᠪᠠᠷ ᠪᠤᠭᠤᠨᠢᠰᠬᠠᠪᠠ᠃  ᠬᠥᠬᠡᠬᠣᠲᠠ ᠪᠤᠭᠤᠲᠤ ᠣᠷᠳᠣᠰ  ᠦᠬᠠᠢ ᠵᠢᠨ 《1 ᠴᠠᠭ᠎ᠤᠨ ᠬᠤᠳᠠ ᠵᠢᠨ ᠲᠣᠭᠣᠷᠢᠭ》᠎ᠢ ᠰᠠᠨᠠᠭ᠋ᠠᠴᠢᠯᠠᠭ᠎ᠠ᠎ᠠᠴᠠ᠎ᠪᠠᠨ ᠬᠥᠲᠥᠯᠥᠨ ᠳᠠᠭ᠋ᠠᠭᠤᠯᠵᠤ᠂ 337 ᠵᠦᠢ᠍ᠯ᠎ᠢ 《ᠲᠦᠷᠪᠡᠨ ᠬᠤᠳᠠ᠎ᠳᠤ ᠨᠡᠢ᠌ᠳᠡᠮ ᠰᠢᠢ᠍ᠳᠪᠦᠷᠢᠯᠡᠬᠦ》 ᠵᠦᠢ᠍ᠯᠡᠰ᠎ᠲᠤ ᠣᠷᠣᠭᠤᠯᠪᠠ᠃  ᠵᠠᠰᠠᠭ᠎ᠤᠨ ᠣᠷᠳᠣᠨ᠎ᠤ ᠮᠡᠳᠡᠭᠡ ᠵᠠᠩᠭᠢ ᠵᠢ ᠢᠯᠡ ᠲᠣᠳᠣ ᠪᠣᠯᠭ᠋ᠠᠪᠠ᠃  ᠵᠠᠰᠠᠭ᠎ᠤᠨ ᠣᠷᠳᠣᠨ᠎ᠤ ᠮᠡᠳᠡᠭᠡ ᠵᠠᠩᠭᠢ ᠵᠢ 8962 ᠵᠤᠷᠪᠤᠰ᠂  ᠲᠥᠷᠥ ᠵᠢᠨ ᠪᠣᠳᠣᠯᠭ᠎ᠠ ᠵᠢᠨ ᠲᠠᠢ᠌ᠯᠤᠮᠵᠢ ᠵᠢ 742 ᠵᠤᠷᠪᠤᠰ ᠰᠠᠨᠠᠭ᠋ᠠᠴᠢᠯᠠᠭ᠎ᠠ ᠎ᠠᠴᠠ᠎ᠪᠠᠨ ᠢᠯᠡ ᠪᠣᠯᠭ᠋ᠠᠪᠠ᠃  ᠰᠦᠯᠵᠢᠶᠡᠨ ᠳᠡᠭᠡᠷ᠎ᠡ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠭᠤᠶᠤᠴᠢᠯᠠᠯ᠎ᠤᠨ ᠠᠷᠭ᠎ᠠ ᠵᠠᠮ᠎ᠢ ᠰᠠᠭ᠋ᠠᠳ ᠦᠭᠡᠢ ᠨᠠᠪᠲᠠᠷᠡᠭᠦᠯᠵᠦ᠂  ᠵᠠᠰᠠᠭ᠎ᠤᠨ ᠣᠷᠳᠣᠨ᠎ᠤ ᠮᠡᠳᠡᠭᠡ ᠵᠠᠩᠭᠢ ᠵᠢ ᠢᠯᠡ ᠪᠣᠯᠭ᠋ᠠᠬᠤ ᠭᠤᠶᠤᠴᠢᠯᠠᠯ᠎ᠢ 1714 ᠬᠤᠪᠢ ᠭᠥᠯᠢᠶᠡᠨ ᠠᠪᠴᠤ ᠰᠢᠢ᠍ᠳᠪᠦᠷᠢᠯᠡᠵᠦ᠂  ᠰᠢᠢ᠍ᠳᠪᠦᠷᠢᠯᠡᠵᠦ ᠳᠠᠭᠤᠰᠬᠠᠭᠰᠠᠨ ᠨᠣᠷᠮ᠎ᠠ 100%᠎ᠳᠤ ᠬᠥᠷᠪᠡ᠃ 

      ᠤᠷᠢᠳ ᠵᠶ᠋ᠠᠷ ᠬᠠᠤᠯᠢ ᠲᠣᠭᠲᠠᠭ᠋ᠠᠬᠤ ᠵᠢ ᠪᠠᠷᠢᠮᠲᠠᠯᠠᠵᠤ᠂  ᠰᠠᠢ᠌ᠨ ᠬᠠᠤᠯᠢ᠎ᠪᠠᠷ ᠴᠢᠳᠠᠮᠠᠭ᠋ᠠᠢ᠎ᠪᠠᠷ ᠵᠠᠰᠠᠬᠤ ᠵᠢᠨ ᠰᠠᠭᠤᠷᠢ ᠵᠢ  ᠪᠠᠲᠤᠳᠬᠠᠵᠠᠢ᠃  ᠣᠷᠣᠨ ᠪᠦᠰᠡ ᠵᠢᠨ ᠬᠠᠮᠵᠢᠯᠴᠠᠨ ᠬᠠᠤᠯᠢ ᠲᠣᠭᠲᠠᠭ᠋ᠠᠬᠤ ᠲᠣᠭᠲᠠᠴᠠ ᠵᠢ  ᠪᠠᠢ᠌ᠭᠤᠯᠵᠠᠢ᠃  ᠬᠥᠬᠡᠬᠣᠲᠠ ᠪᠤᠭᠤᠲᠤ ᠣᠷᠳᠣᠰ  ᠦᠬᠠᠢ ᠵᠢᠨ ᠠᠩᠬᠠᠳᠠᠭᠴᠢ ᠬᠠᠮᠵᠢᠯᠴᠠᠭᠰᠠᠨ ᠬᠠᠤᠯᠢ ᠲᠣᠭᠲᠠᠭ᠋ᠠᠯᠲᠠ 《ᠬᠥᠬᠡᠬᠣᠲᠠ ᠵᠢᠨ ᠠᠭ᠋ᠠᠷ ᠮᠠᠨᠳᠠᠯ᠎ᠤᠨ ᠪᠣᠬᠢᠷᠲᠤᠯ᠎ᠢ ᠰᠡᠷᠭᠡᠢ᠌ᠯᠡᠨ ᠵᠠᠰᠠᠬᠤ ᠬᠠᠮᠢᠶᠠᠷᠤᠯᠲᠠ ᠵᠢᠨ ᠳᠦᠷᠢᠮ》 ᠎ᠳᠤ ᠵᠠᠰᠠᠪᠤᠷᠢ ᠣᠷᠣᠭᠤᠯᠬᠤ ᠵᠢ ᠠᠬᠢᠭᠤᠯᠪᠠ᠃  ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠪᠡᠬᠢ ᠪᠤᠢ ᠪᠣᠯᠭ᠋ᠠᠬᠤ ᠶᠠᠪᠤᠳᠠᠯ᠎ᠢ ᠣᠷᠣᠨ ᠨᠤᠲᠤᠭ᠎ᠤᠨ ᠬᠠᠤᠯᠢ ᠲᠣᠭᠲᠠᠭ᠋ᠠᠯᠲᠠ ᠵᠢᠨ ᠤᠷᠢᠳᠠᠴᠢ ᠬᠢᠨᠠᠨ ᠬᠠᠷᠭᠤᠭᠤᠯᠬᠤ ᠨᠥᠬᠥᠴᠡᠯ ᠪᠣᠯᠭ᠋ᠠᠵᠤ᠂  ᠭᠣᠣᠯᠴᠢ ᠥᠷᠢᠰᠦᠯᠳᠦᠭᠡᠨ᠎ᠠᠴᠠ ᠵᠥᠷᠢᠴᠡᠭᠰᠡᠨ ᠬᠢᠨᠠᠨ ᠪᠠᠢ᠌ᠴᠠᠭ᠋ᠠᠯᠲᠠ ᠵᠢᠨ ᠦᠯᠡᠳᠡᠭᠡᠯ ᠪᠢᠴᠢᠭ ᠮᠠᠲ᠋ᠧᠷᠢᠶᠠᠯ᠎ᠢ ᠲᠥᠪᠯᠡᠷᠡᠭᠦᠯᠦᠨ  ᠢᠯᠭ᠋ᠠᠷᠠᠭᠤᠯᠵᠠᠢ᠃ 《ᠵᠢᠵᠢᠭ ᠬᠡᠷᠴᠢᠮ》 ᠵᠶ᠋ᠡᠷ ᠨᠠᠷᠢᠯᠢᠭ ᠣᠨᠣᠴᠠᠲᠠᠢ᠎ᠪᠠᠷ ᠬᠠᠤᠯᠢ ᠲᠣᠭᠲᠠᠭ᠋ᠠᠪᠠ᠃ 《ᠬᠠᠶ᠋ᠢᠮᠢᠶᠠᠨ ᠬᠣᠲᠠ ᠵᠢᠨ ᠪᠦᠲᠦᠭᠡᠨ ᠪᠠᠢ᠌ᠭᠤᠯᠤᠯᠲᠠ ᠵᠢᠨ ᠬᠠᠮᠢᠶᠠᠷᠤᠯᠲᠠ ᠵᠢᠨ ᠳᠦᠷᠢᠮ》 《ᠲᠠᠯ᠎ᠠ ᠨᠤᠲᠤᠭ᠎ᠤᠨ ᠲᠣᠷᠭ᠋ᠠᠨ ᠵᠠᠮ᠎ᠤᠨ ᠰᠣᠶᠣᠯ᠎ᠤᠨ ᠲᠡᠩᠭᠡᠯᠢᠭ᠎ᠤᠨ ᠪᠦᠰᠡ ᠵᠢ ᠬᠠᠮᠠᠭ᠋ᠠᠯᠠᠬᠤ ᠳᠦᠷᠢᠮ》  ᠵᠡᠷᠭᠡ 4 ᠣᠷᠣᠨ ᠨᠤᠲᠤᠭ᠎ᠤᠨ ᠴᠢᠨᠠᠷᠲᠠᠢ ᠬᠠᠤᠯᠢ ᠲᠣᠭᠲᠠᠭ᠋ᠠᠯ᠎ᠢ ᠨᠡᠢ᠌ᠲᠡᠯᠡᠬᠦ ᠵᠢ ᠲᠦᠯᠬᠢᠨ  ᠠᠬᠢᠭᠤᠯᠵᠠᠢ᠃ 《ᠤᠶᠤᠨᠴᠢ + ᠬᠠᠤᠯᠢ ᠲᠣᠭᠲᠠᠭ᠋ᠠᠬᠤ》  ᠵᠠᠭᠪᠤᠷ᠎ᠤᠨ ᠲᠠᠯ᠎ᠠ᠎ᠪᠠᠷ ᠰᠢᠨ᠎ᠡ ᠵᠢ  ᠡᠭᠦᠳᠴᠡᠢ᠃  ᠬᠠᠤᠯᠢ ᠲᠣᠭᠲᠠᠭ᠋ᠠᠵᠤ ᠴᠤᠭᠯᠠᠭᠤᠯᠬᠤ ᠰᠦᠯᠵᠢᠶᠡᠨ ᠳᠡᠭᠡᠷᠡᠬᠢ ᠲᠠᠪᠴᠠᠩ᠎ᠢ ᠪᠠᠢ᠌ᠭᠤᠯᠵᠤ᠂ ᠬᠣᠷᠢᠨᠭᠡᠷ ᠰᠢᠨ᠎ᠡ ᠲᠣᠭᠣᠷᠢᠭ᠎ᠤᠨ ᠰᠢᠨ᠎ᠡ ᠵᠢ ᠡᠭᠦᠳᠦᠭᠴᠢ ᠵᠢᠨ ᠲᠥᠪ᠂  ᠶᠡᠷᠦᠩᠬᠡᠢ᠌ᠯᠡᠭᠰᠡᠨ ᠭᠠᠢ᠌ᠯᠢ ᠪᠠᠲᠤᠯᠠᠬᠤ ᠲᠤᠭᠤᠷᠢᠭ  ᠵᠡᠷᠭᠡ ᠰᠢᠨ᠎ᠡ᠎ᠪᠠᠷ ᠮᠠᠨᠳᠤᠭᠰᠠᠨ ᠬᠦᠷᠢᠶᠡᠨ᠎ᠳᠤ ᠦᠨᠳᠦᠰᠦᠨ ᠱᠠᠲᠤᠨ᠎ᠤ ᠬᠠᠤᠯᠢ ᠲᠣᠭᠲᠠᠭ᠋ᠠᠬᠤ ᠬᠠᠷᠢᠯᠴᠠᠬᠤ ᠴᠡᠭ᠎ᠢ 27᠂  ᠬᠠᠤᠯᠢ᠎ᠪᠠᠷ ᠵᠠᠰᠠᠬᠤ ᠠᠵᠢᠭᠯᠠᠯᠲᠠ ᠵᠢᠨ ᠴᠡᠭ᠎ᠢ 11  ᠪᠠᠢ᠌ᠭᠤᠯᠵᠤ᠂  ᠬᠠᠤᠯᠢ᠎ᠪᠠᠷ ᠵᠠᠰᠠᠬᠤ ᠠᠵᠢᠭᠯᠠᠭᠴᠢ ᠵᠢ 26 ᠵᠢ ᠲᠤᠬᠢᠷᠠᠭᠤᠯᠪᠠ᠃ 

      ᠬᠠᠤᠯᠢ ᠶᠣᠰᠣᠭ᠋ᠠᠷ ᠵᠠᠰᠠᠭ ᠶᠠᠪᠤᠭᠤᠯᠬᠤ ᠵᠢ ᠪᠠᠷᠢᠮᠲᠠᠯᠠᠵᠤ᠂  ᠬᠤᠳᠠᠯᠳᠤᠭ᠎ᠠ ᠡᠵᠡᠩᠨᠡᠬᠦ ᠬᠠᠤᠯᠢᠵᠢᠯ᠎ᠤᠨ ᠣᠷᠴᠢᠨ ᠨᠥᠬᠥᠴᠡᠯ᠎ᠢ  ᠳᠡᠭᠡᠭᠰᠢᠯᠡᠭᠦᠯᠵᠡᠢ᠃ 《ᠬᠠᠤᠯᠢ᠎ᠪᠠᠷ ᠵᠠᠰᠠᠬᠤ ᠭᠠᠳᠠᠷ ᠲᠠᠷᠢᠬᠢ》 ᠵᠢᠨ ᠦᠢ᠍ᠯᠡᠳᠦᠯ᠎ᠢ   ᠪᠠᠳᠠᠷᠠᠭᠤᠯᠵᠠᠢ᠃  ᠣᠨ᠎ᠤ 4 ᠵᠦᠢ᠍ᠯ᠎ᠤᠨ ᠴᠢᠬᠤᠯᠠ ᠶᠡᠬᠡ ᠵᠠᠰᠠᠭ ᠵᠠᠬᠢᠷᠭ᠋ᠠᠨ᠎ᠤ ᠰᠢᠢ᠍ᠳᠪᠦᠷᠢᠲᠦ ᠪᠣᠳᠣᠯᠭ᠎ᠠ ᠵᠢᠨ ᠭᠠᠷᠴᠠᠭ᠂  ᠬᠣᠲᠠ ᠵᠢᠨ ᠲᠣᠰ ᠱᠠᠲᠤᠨ᠎ᠤ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠵᠦᠢ᠍ᠯᠡᠰ᠎ᠤᠨ ᠲᠣᠳᠣᠷᠬᠠᠢ ᠬᠠᠭᠤᠳᠠᠰᠤ ᠵᠢ 4835 ᠨᠡᠢ᠌ᠲᠡᠯᠡᠪᠡ᠃  ᠪᠥᠬᠥ ᠬᠣᠲᠠ ᠵᠢᠨ ᠡᠯ᠎ᠡ ᠱᠠᠲᠤᠨ᠎ᠤ ᠨᠠᠮ ᠵᠠᠰᠠᠭ᠎ᠤᠨ ᠪᠠᠢ᠌ᠭᠤᠯᠭ᠎ᠠ ᠵᠢᠨ ᠬᠠᠤᠯᠢ ᠴᠠᠭ᠋ᠠᠵᠠ ᠵᠢᠨ ᠵᠥᠪᠯᠡᠭᠴᠢ᠎ᠠᠴᠠ 7500 ᠭᠠᠷᠤᠢ ᠬᠤᠪᠢ ᠤᠳᠠᠭ᠎ᠠ ᠬᠠᠤᠯᠢ ᠴᠠᠭ᠋ᠠᠵᠠ ᠵᠢᠨ ᠰᠠᠨᠠᠯ ᠬᠤᠷᠢᠶᠠᠵᠤ᠂  ᠠᠳᠠᠯᠢ ᠬᠤᠭᠤᠴᠠᠭ᠋ᠠᠨ᠎ᠤ᠎ᠬᠢ᠎ᠠᠴᠠ 23.6%᠎ᠪᠠᠷ ᠨᠡᠮᠡᠭᠳᠡᠪᠡ᠃  ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠦᠯᠲᠡ᠎ᠳᠤ ᠬᠠᠮᠲᠤᠷᠠᠭᠰᠠᠨ ᠬᠢᠨᠠᠯᠲᠠ ᠲᠠᠯᠪᠢᠬᠤ ᠲᠣᠭᠲᠠᠴᠠ ᠵᠢ ᠪᠠᠢ᠌ᠭᠤᠯᠵᠠᠢ᠃  ᠠᠩᠬᠠᠳᠠᠭᠴᠢ 《12345》  ᠵᠠᠰᠠᠭ᠎ᠤᠨ ᠶᠠᠪᠤᠳᠠᠯ᠎ᠤᠨ ᠬᠠᠯᠠᠮᠰᠢᠯ ᠤᠲᠠᠰᠤ᠂  ᠠᠵᠤ ᠦᠢ᠍ᠯᠡᠳᠪᠦᠷᠢ ᠬᠤᠳᠠᠯᠳᠤᠭ᠋ᠠᠨ᠎ᠤ ᠬᠣᠯᠪᠣᠭ᠎ᠠ᠂ 《ᠮᠸᠩ ᠴᠢ ᠲᠦᠩ》 ᠵᠢᠨ ᠲᠠᠪᠴᠠᠩ᠎ᠯᠤᠭ᠎ᠠ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠦᠯᠲᠡ᠎ᠳᠤ ᠬᠢᠨᠠᠯᠲᠠ ᠲᠠᠯᠪᠢᠬᠤ ᠠᠵᠢᠯ᠎ᠤᠨ ᠬᠠᠮᠲᠤᠷᠠᠭᠰᠠᠨ ᠲᠣᠭᠲᠠᠴᠠ ᠵᠢ ᠪᠠᠢ᠌ᠭᠤᠯᠪᠠ᠃ 《ᠶᠠᠪᠤᠳᠠᠯ ᠦᠭᠡᠢ ᠪᠣᠯ ᠬᠠᠷᠰᠢᠯᠠᠬᠤ ᠦᠭᠡᠢ》  ᠬᠤᠳᠠᠯᠳᠤᠭ᠎ᠠ ᠡᠷᠭᠢᠯᠡᠬᠦ ᠬᠠᠤᠯᠢᠵᠢᠯ ᠎ᠤᠨ ᠣᠷᠴᠢᠨ ᠲᠣᠭᠣᠷᠢᠨ᠎ᠢ ᠪᠣᠶ  ᠪᠣᠯᠭ᠋ᠠᠵᠠᠢ᠃  ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ᠎ᠢ ᠨᠢᠭᠡᠳᠦᠯᠲᠡᠢ ᠲᠥᠯᠥᠪᠯᠡᠨ ᠬᠢᠨᠠᠨ ᠬᠠᠮᠢᠶᠠᠷᠴᠤ ᠠᠵᠤ ᠠᠬᠤᠢ᠌ᠯᠠᠯ᠎ᠳᠤ 137 ᠤᠳᠠᠭ᠎ᠠ ᠵᠢᠨ 《ᠨᠢᠭᠡ ᠤᠳᠠᠭ᠎ᠠ ᠵᠢᠨ ᠶᠡᠷᠦᠩᠬᠡᠢ ᠪᠠᠢ᠌ᠴᠠᠭ᠋ᠠᠯᠲᠠ》 ᠵᠢ  ᠥᠷᠨᠢᠭᠦᠯᠪᠡ᠃  ᠤᠶᠠᠨ ᠬᠠᠳᠠᠨ ᠵᠶ᠋ᠠᠷ ᠬᠠᠤᠯᠢ ᠬᠡᠷᠡᠭᠵᠢᠭᠦᠯᠬᠦ ᠵᠢ ᠶᠡᠬᠡ᠎ᠪᠠᠷ ᠬᠡᠷᠡᠭᠵᠢᠭᠦᠯᠵᠦ᠂ 《ᠲᠣᠷᠭ᠋ᠠᠭᠤᠯᠢ᠎ᠠᠴᠠ ᠬᠡᠯᠲᠦᠷᠢᠭᠦᠯᠵᠦ ᠲᠣᠷᠭ᠋ᠠᠭᠤᠯᠢ ᠵᠢ ᠬᠥᠩᠭᠡᠪᠴᠢᠯᠡᠬᠦ ᠲᠣᠳᠣᠷᠬᠠᠢ ᠬᠠᠭᠤᠳᠠᠰᠤ》 ᠵᠢᠨ 3.0 ᠬᠡᠪᠯᠡᠯ᠎ᠢ ᠨᠡᠢ᠌ᠲᠡᠯᠡᠵᠦ᠂  ᠲᠣᠷᠭ᠋ᠠᠭᠤᠯᠢ᠎ᠠᠴᠠ ᠬᠡᠯᠲᠦᠷᠢᠭᠦᠯᠵᠦ ᠲᠣᠷᠭ᠋ᠠᠭᠤᠯᠢ ᠵᠢ ᠬᠥᠩᠭᠡᠪᠴᠢᠯᠡᠬᠦ 160   ᠵᠦᠢ᠍ᠯᠡᠰ᠎ᠢ ᠲᠡᠭᠦᠯᠳᠡᠷᠵᠢᠭᠦᠯᠪᠡ᠃  ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ᠎ᠳᠤ ᠠᠵᠤ ᠠᠬᠤᠢ᠌ᠯᠠᠯ᠎ᠢ ᠬᠠᠮᠠᠭ᠋ᠠᠯᠠᠨ ᠪᠥᠬᠥ ᠬᠣᠲᠠ᠎ᠳᠤ ᠠᠵᠤ ᠠᠬᠤᠢ᠌ᠯᠠᠯ᠎ᠳᠤ ᠬᠣᠯᠪᠣᠭᠳᠠᠬᠤ ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ ᠦᠢ᠍ᠯᠡᠴᠢᠯᠡᠭᠡᠨ᠎ᠤ  ᠴᠡᠭ᠎ᠢ 101 ᠭᠠᠷᠭ᠋ᠠᠪᠠ᠃  ᠰᠢᠭᠦᠬᠦ ᠬᠣᠷᠢᠶ᠎ᠠ᠂  ᠪᠠᠢ᠌ᠴᠠᠭ᠋ᠠᠬᠤ ᠬᠣᠷᠢᠶ᠎ᠠ᠎ᠲᠠᠢ 《ᠨᠢᠭᠡ ᠲᠠᠩᠬᠢᠮ᠎ᠤᠨ  ᠪᠣᠯᠪᠠᠰᠤᠷᠠᠯ》᠎ᠢ 800 ᠭᠠᠷᠤᠢ ᠬᠥᠮᠥᠨ ᠤᠳᠠᠭ᠎ᠠ ᠥᠷᠨᠢᠭᠦᠯᠪᠡ᠃  ᠪᠥᠬᠥ ᠵᠢᠯ᠎ᠳᠤ ᠰᠢᠢ᠍ᠳᠪᠦᠷᠢᠯᠡᠵᠦ ᠳᠠᠭᠤᠰᠬᠠᠭᠰᠠᠨ ᠵᠠᠰᠠᠭ ᠵᠠᠬᠢᠷᠭ᠋ᠠᠨ᠎ᠤ ᠳᠠᠬᠢᠨ ᠵᠥᠪᠯᠡᠭᠰᠡᠨ ᠬᠡᠷᠡᠭ᠎ᠤᠨ ᠲᠣᠭ᠎ᠠ ᠬᠡᠮᠵᠢᠶ᠎ᠡ ᠠᠳᠠᠯᠢ ᠬᠤᠭᠤᠴᠠᠭ᠋ᠠᠨ᠎ᠤ᠎ᠬᠢ᠎ᠠᠴᠠ 259.82% ᠨᠡᠮᠡᠭᠳᠡᠵᠦ᠂  ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠬᠠᠷᠢᠭᠤᠴᠠᠯᠭ᠋ᠠᠲᠠᠨ᠎ᠤ ᠰᠢᠭᠦᠯᠲᠡ᠎ᠳᠤ ᠣᠷᠣᠯᠴᠠᠨ ᠵᠠᠷᠭᠤ ᠬᠦᠯᠢᠶᠡᠭᠰᠡᠨ ᠨᠣᠷᠮ᠎ᠠ 100%᠎ᠳᠤ ᠬᠦᠷᠴᠦ᠂  ᠵᠠᠰᠠᠭ ᠵᠠᠬᠢᠷᠭ᠋ᠠᠨ᠎ᠤ ᠳᠠᠬᠢᠨ ᠵᠥᠪᠯᠡᠭᠰᠡᠨ᠎ᠤ ᠪᠤᠷᠤᠭᠤ ᠵᠢ ᠵᠠᠯᠠᠷᠠᠭᠤᠯᠬᠤ ᠨᠣᠷᠮ᠎ᠠ᠂  ᠵᠠᠰᠠᠭ ᠵᠠᠬᠢᠷᠭ᠋ᠠᠨ᠎ᠤ ᠵᠠᠷᠭᠤ ᠵᠢᠨ ᠵᠠᠷᠭᠤ ᠢᠯᠠᠭᠳᠠᠭᠰᠠᠨ ᠨᠣᠷᠮ᠎ᠠ ᠵᠢ ᠴᠥᠮ ᠪᠠᠭᠤᠷᠠᠭᠤᠯᠬᠤ ᠵᠢ ᠪᠡᠶᠡᠯᠡᠭᠦᠯᠪᠡ᠃ 

      ᠠᠷᠠᠳ᠎ᠤᠨ ᠲᠥᠯᠥᠭᠡ ᠬᠠᠤᠯᠢ᠎ᠪᠠᠷ ᠵᠠᠰᠠᠬᠤ ᠵᠢ ᠪᠠᠷᠢᠮᠲᠠᠯᠠᠵᠤ᠂  ᠬᠠᠤᠯᠢ ᠴᠠᠭ᠋ᠠᠵᠠ ᠵᠢᠨ ᠦᠢ᠍ᠯᠡᠴᠢᠯᠡᠭᠡ ᠎ᠪᠠᠷ ᠠᠷᠠᠳ᠎ᠤᠨ ᠠᠮᠢᠳᠤᠷᠠᠯ᠎ᠤᠨ ᠠᠵᠠ ᠵᠢᠷᠭ᠋ᠠᠯ᠎ᠢ ᠨᠡᠮᠡᠭᠳᠡᠭᠦᠯᠪᠡ᠃  ᠵᠥᠷᠢᠴᠡᠯ ᠵᠢᠭᠤᠷᠠᠯᠳᠤᠭ᠋ᠠᠨ᠎ᠢ ᠡᠶᠡᠳᠡᠭᠦᠯᠬᠦ ᠰᠢᠰᠲ᠋ᠧᠮ᠎ᠢ   ᠪᠠᠢ᠌ᠭᠤᠯᠵᠠᠢ᠃  ᠪᠥᠬᠥ ᠬᠣᠲᠠ᠎ᠳᠤ 《ᠨᠢᠭᠡ ᠥᠷᠲᠡᠭᠡ ᠮᠠᠶᠢᠭ》᠎ᠤᠨ ᠵᠥᠷᠢᠴᠡᠯ ᠵᠢᠭᠤᠷᠠᠯᠳᠤᠭ᠋ᠠᠨ᠎ᠢ ᠡᠶᠡᠳᠡᠭᠦᠯᠬᠦ ᠲᠥᠪ 59᠂  ᠡᠮᠴᠢᠯᠡᠭᠡ᠂  ᠠᠳᠠᠯ ᠠᠬᠤᠢ ᠵᠡᠷᠭᠡ ᠠᠵᠢᠯ ᠲᠥᠷᠥᠯ᠎ᠤᠨ ᠴᠢᠨᠠᠷᠲᠠᠢ ᠡᠶᠡᠳᠡᠭᠦᠯᠬᠦ ᠵᠣᠬᠢᠶᠠᠨ ᠪᠠᠢ᠌ᠭᠤᠯᠤᠯᠲᠠ 84᠂  ᠠᠷᠠᠳ᠎ᠤᠨ ᠡᠶᠡᠳᠡᠭᠦᠯᠬᠦ ᠺᠣᠮᠢᠰ 1627 ᠪᠠᠢ᠌ᠭᠤᠯᠵᠤ᠂  ᠡᠯ᠎ᠡ ᠲᠥᠷᠥᠯ᠎ᠤᠨ ᠵᠥᠷᠢᠴᠡᠯ ᠵᠢᠭᠤᠷᠠᠯᠳᠤᠭ᠋ᠠᠨ᠎ᠢ 1 ᠲᠦᠮᠡ ᠭᠠᠷᠤᠢ ᠡᠶᠡᠳᠡᠭᠦᠯᠵᠦ᠂  ᠠᠳᠠᠯᠢ ᠬᠤᠭᠤᠴᠠᠭ᠋ᠠᠨ᠎ᠤ᠎ᠬᠢ᠎ᠠᠴᠠ 25.6%᠎ᠪᠠᠷ ᠨᠡᠮᠡᠭᠳᠡᠨ᠂  ᠵᠠᠬᠢᠳᠠᠯ ᠰᠣᠷᠪᠤᠯᠵᠢᠯᠠᠭ᠎ᠠ ᠵᠢᠨ ᠶᠡᠷᠦᠩᠬᠡᠢ ᠬᠡᠮᠵᠢᠶ᠎ᠡ ᠠᠳᠠᠯᠢ ᠬᠤᠭᠤᠴᠠᠭ᠋ᠠᠨ᠎ᠤ᠎ᠬᠢ᠎ᠠᠴᠠ 24.7%᠎ᠪᠠᠷ ᠪᠠᠭᠤᠷᠠᠪᠠ᠃ 《ᠬᠥᠬᠡᠬᠣᠲᠠ ᠵᠢᠨ ᠬᠠᠤᠯᠢ ᠴᠠᠭ᠋ᠠᠵᠠ ᠵᠢᠨ ᠨᠡᠪᠲᠡᠷᠬᠡᠢ》 ᠵᠢ ᠰᠤᠳᠤᠯᠤᠨ   ᠨᠡᠭᠡᠭᠡᠵᠡᠢ᠃ 1257 ᠤᠯᠠᠨ ᠨᠡᠶ᠋ᠢᠲᠡ ᠵᠢᠨ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠲᠠᠪᠴᠠᠩ᠎ᠢ ᠪᠠᠢ᠌ᠭᠤᠯᠵᠤ᠂  ᠲᠦᠷᠪᠡᠨ ᠱᠠᠲᠤᠨ᠎ᠤ 《30 ᠮᠢᠨᠦ᠋ᠲ᠎ᠤᠨ ᠤᠯᠠᠨ ᠨᠡᠶ᠋ᠢᠲᠡ ᠵᠢᠨ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠬᠦᠷᠢᠶ᠎ᠡ》 ᠵᠢ ᠬᠠᠮᠤᠷᠴᠤ᠂  ᠤᠯᠠᠨ ᠲᠦᠮᠡᠨ᠎ᠳᠤ 3.6 ᠲᠦᠮᠡᠨ ᠬᠥᠮᠥᠨ ᠤᠳᠠᠭ᠎ᠠ ᠦᠢ᠍ᠯᠡᠴᠢᠯᠡᠪᠡ᠃  ᠬᠠᠤᠯᠢ ᠴᠠᠭ᠋ᠠᠵᠠ ᠵᠢᠨ ᠵᠥᠪᠯᠡᠯᠭᠡ ᠥᠭᠬᠦ᠂  ᠠᠵᠢᠯ ᠶᠠᠪᠤᠳᠠᠯ ᠡᠷᠬᠢᠯᠡᠬᠦ ᠦᠢ᠍ᠯᠡᠴᠢᠯᠡᠭᠡ᠂  ᠪᠠᠢ᠌ᠴᠠᠭ᠋ᠠᠨ ᠯᠠᠪᠯᠠᠬᠤ ᠪᠠᠢ᠌ᠴᠠᠭ᠋ᠠᠨ ᠰᠢᠯᠭ᠋ᠠᠯᠲᠠ ᠵᠢ ᠬᠠᠮᠤᠷᠤᠭᠰᠠᠨ 3 ᠶᠡᠬᠡ ᠲᠦᠷᠦᠯ᠎ᠤᠨ 25 ᠬᠡᠰᠡᠭ᠎ᠤᠨ 《ᠰᠦᠯᠵᠢᠶᠡᠨ ᠳᠡᠭᠡᠷᠡᠬᠢ ᠬᠠᠤᠯᠢ ᠴᠠᠭ᠋ᠠᠵᠠ ᠵᠢᠨ ᠲᠣᠪᠴᠢᠶ᠎ᠠ》 ᠵᠢ ᠪᠠᠢ᠌ᠭᠤᠯᠵᠤ᠂  ᠨᠢᠭᠡ ᠲᠣᠰᠬᠣᠨ (ᠨᠡᠢ᠌ᠭᠡᠮ ᠲᠣᠭᠣᠷᠢᠭ)᠎ᠳᠤ ᠨᠢᠭᠡ ᠨᠣᠮᠧᠷ᠎ᠲᠠᠢ ᠪᠠᠢ᠌ᠬᠤ ᠵᠢ ᠬᠡᠷᠡᠭᠵᠢᠭᠦᠯᠵᠦ᠂  ᠦᠨᠳᠦᠰᠦᠨ ᠱᠠᠲᠤᠨ᠎ᠤ ᠤᠯᠠᠨ ᠲᠦᠮᠡᠨ᠎ᠤ ᠳᠡᠷᠭᠡᠳᠡᠬᠢ ᠳᠣᠲᠣᠨᠣ ᠬᠠᠤᠯᠢ ᠴᠠᠭ᠋ᠠᠵᠠ ᠵᠢᠨ ᠵᠥᠪᠯᠡᠭᠴᠢ ᠪᠣᠯᠪᠠ᠃ 2 ᠨᠢᠭᠡᠴᠡ᠂ 4 ᠬᠤᠪᠢ ᠬᠥᠮᠥᠨ ᠪᠥᠬᠥ ᠤᠯᠤᠰ᠎ᠤᠨ ᠣᠯᠠᠨ ᠨᠡᠶ᠋ᠢᠲᠡ ᠵᠢᠨ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠠᠵᠢᠯ᠎ᠤᠨ ᠲᠡᠷᠢᠭᠦᠨ᠎ᠤ ᠬᠥᠬᠢᠭᠦᠯᠦᠯ᠎ᠢ ᠭᠥᠷᠳᠡᠪᠡ᠃ 《ᠹᠠ ᠷᠦᠨ ᠴᠢᠩ ᠴᠧᠩ》᠎ᠤᠨ ᠨᠠᠷᠠᠲᠤ  ᠲᠥᠷᠥᠯ ᠲᠡᠮᠳᠡᠭᠲᠦ ᠵᠢ ᠪᠠᠢ᠌ᠭᠤᠯᠤᠨ   ᠬᠦᠴᠦᠷᠬᠡᠭᠵᠢᠭᠦᠯᠵᠡᠢ᠃ 《ᠨᠠᠢ᠍ᠮᠠᠳᠤᠭ᠋ᠠᠷ ᠲᠠᠪᠤᠨ ᠵᠢᠯ》᠎ᠤᠨ ᠬᠠᠤᠯᠢ ᠲᠦᠭᠡᠮᠡᠯᠵᠢᠭᠦᠯᠬᠦ ᠠᠵᠢᠯ᠎ᠢ ᠭᠦᠨᠵᠡᠭᠡᠢ ᠠᠬᠢᠭᠤᠯᠵᠤ᠂ ᠦᠨᠳᠦᠰᠦᠨ ᠬᠠᠤᠯᠢ᠎ᠳᠤ ᠲᠠᠩᠭ᠋ᠠᠷᠢᠭᠯᠠᠬᠤ ᠠᠵᠢᠯᠯᠠᠭ᠎ᠠ ᠵᠢ 560 ᠭᠠᠷᠤᠢ ᠲᠠᠯᠠᠪᠤᠷ ᠤᠳᠠᠭ᠎ᠠ ᠵᠣᠬᠢᠶᠠᠨ ᠪᠠᠢ᠌ᠭᠤᠯᠵᠤ᠂ 2024 ᠣᠨ᠎ᠤ ᠪᠥᠬᠥ ᠣᠷᠣᠨ᠎ᠤ ᠦᠨᠳᠦᠰᠦᠨ ᠬᠠᠤᠯᠢ᠎ᠳᠤ ᠲᠠᠩᠭ᠋ᠠᠷᠢᠭᠯᠠᠬᠤ ᠠᠵᠢᠯᠯᠠᠭ᠎ᠠ ᠵᠢ ᠳᠠᠭ᠋ᠠᠭ᠋ᠠᠨ ᠡᠷᠭᠢᠯᠡᠪᠡ᠃ ᠬᠠᠤᠯᠢᠵᠢᠯ᠎ᠤᠨ ᠰᠣᠶᠣᠯ᠎ᠤᠨ 1883 ᠭᠣᠣᠯ ᠰᠡᠳᠦᠪᠲᠦ ᠠᠭᠤᠳᠠᠮ ᠲᠠᠯᠠᠪᠠᠢ (ᠴᠡᠴᠡᠷᠯᠢᠭ᠂  ᠤᠷᠳᠤ ᠬᠣᠩᠭᠢᠯ) ᠵᠢ ᠪᠠᠢ᠌ᠭᠤᠯᠵᠤ᠂  ᠪᠦᠬᠦ ᠠᠷᠠᠳ᠎ᠤᠨ  ᠬᠠᠤᠯᠢᠵᠢᠯ᠎ᠤᠨ  ᠤᠬᠠᠭᠤᠯᠭ᠎ᠠ ᠬᠥᠮᠦᠵᠢᠯ᠎ᠢ ᠲᠦᠭᠡᠮᠡᠯᠵᠢᠭᠦᠯᠦᠭᠰᠡᠨ ᠨᠤᠷᠮ᠎ᠠ

92% ᠎ᠲᠤ ᠬᠦᠷᠪᠡ᠃ 3 ᠨᠢᠭᠡᠴᠡ᠂ 2 ᠬᠤᠪᠢ ᠬᠥᠮᠥᠨ ᠪᠥᠬᠥ ᠤᠯᠤᠰ᠎ᠤᠨ 《ᠨᠠᠢ᠍ᠮᠠᠳᠤᠭ᠋ᠠᠷ ᠲᠠᠪᠤᠨ ᠵᠢᠯ》᠎ᠤᠨ ᠬᠠᠤᠯᠢ ᠲᠦᠭᠡᠮᠡᠯᠵᠢᠭᠦᠯᠬᠦ ᠳᠤᠮᠳᠠ ᠬᠤᠭᠤᠴᠠᠭ᠋ᠠᠨ᠎ᠤ ᠲᠡᠷᠢᠭᠦᠨ᠎ᠤ ᠬᠥᠬᠢᠭᠦᠯᠦᠯ᠎ᠢ ᠭᠥᠷᠳᠡᠪᠡ᠃  ᠭᠠᠳᠠᠭ᠋ᠠᠳᠤ᠎ᠳᠤ ᠬᠣᠯᠪᠣᠭᠳᠠᠬᠤ ᠬᠠᠤᠯᠢ᠎ᠪᠠᠷ ᠵᠠᠰᠠᠬᠤ ᠦᠢ᠍ᠯᠡᠴᠢᠯᠡᠭᠡᠨ᠎ᠤ ᠥᠨᠳᠥᠷᠯᠢᠭ ᠪᠥᠬᠥ ᠣᠷᠣᠨ᠎ᠤ ᠠᠩᠬᠠᠳᠠᠭᠴᠢ 《ᠭᠠᠳᠠᠭ᠋ᠠᠳᠤ᠎ᠳᠤ ᠬᠣᠯᠪᠣᠭᠳᠠᠬᠤ ᠬᠠᠤᠯᠢᠴᠢ ᠵᠢᠨ ᠦᠢ᠍ᠯᠡᠴᠢᠯᠡᠭᠡᠨ᠎ᠤ ᠠᠵᠢᠯ᠎ᠤᠨ ᠥᠷᠲᠡᠭᠡ》 ᠵᠢ ᠪᠠᠢ᠌ᠭᠤᠯᠵᠤ᠂  ᠪᠥᠬᠥ ᠣᠷᠣᠨ᠎ᠤ ᠠᠩᠬᠠᠳᠠᠭᠴᠢ ᠬᠠᠤᠯᠢᠴᠢ ᠵᠢᠨ ᠨᠡᠢ᠌ᠭᠡᠮᠯᠢᠭ᠎ᠨᠢ ᠮᠣᠩᠭᠣᠯ ᠤᠯᠤᠰ᠎ᠤᠨ ᠬᠠᠤᠯᠢᠴᠢ ᠵᠢᠨ ᠨᠡᠢ᠌ᠭᠡᠮᠯᠢᠭ᠎ᠲᠠᠢ 《ᠬᠠᠮᠲᠤᠷᠠᠯᠴᠠᠭ᠋ᠠᠨ᠎ᠤ ᠰᠠᠨᠠᠭᠤᠯᠤᠮᠵᠢ》᠎ᠳᠤ ᠭᠠᠷ᠎ᠤᠨ ᠥᠰᠥᠭ ᠵᠢᠷᠤᠵᠤ᠂  ᠬᠥᠯᠥᠨ ᠪᠣᠶ᠋ᠢᠷ ᠬᠣᠲᠠ᠂  ᠮᠠᠨᠵᠤᠤᠷ᠂  ᠡᠷᠢᠶᠡᠨ ᠬᠣᠲᠠ᠎ᠯᠤᠭ᠎ᠠ ᠣᠷᠣᠰ ᠮᠣᠩᠭᠣᠯ᠎ᠳᠤ ᠬᠣᠯᠪᠣᠭᠳᠠᠬᠤ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠬᠣᠯᠪᠣᠭ᠎ᠠ ᠵᠢ ᠪᠠᠢ᠌ᠭᠤᠯᠵᠤ᠂  ᠬᠠᠲᠤᠨ ᠭᠣᠣᠯ ᠳᠠᠭ᠋ᠠᠤ ᠵᠢᠨ ᠶᠢᠰᠦᠨ ᠮᠤᠵᠢ ᠵᠢᠨ ᠮᠤᠵᠢ ᠵᠢᠨ ᠲᠥᠪ ᠬᠣᠲᠠ᠎ᠯᠤᠭ᠎ᠠ 《ᠨᠢᠭᠡ ᠪᠦᠰᠡ ᠨᠢᠭᠡ ᠵᠠᠮ》᠂ 《ᠳᠤᠮᠳᠠᠳᠤ ᠡᠸᠦ᠋ᠷᠦᠫᠡ ᠵᠢᠨ ᠵᠢᠰᠢᠶᠠᠨ᠎ᠤ ᠭᠠᠯᠲᠤ ᠲᠡᠷᠭᠡ》 ᠵᠢᠨ ᠭᠠᠳᠠᠭ᠋ᠠᠳᠤ᠎ᠳᠤ ᠬᠣᠯᠪᠣᠭᠳᠠᠬᠤ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠬᠣᠯᠪᠣᠭ᠎ᠠ ᠵᠢ ᠪᠠᠢ᠌ᠭᠤᠯᠪᠠ᠃ 《ᠭᠠᠳᠠᠭ᠋ᠠᠳᠤ᠎ᠳᠤ ᠬᠣᠯᠪᠣᠭᠳᠠᠬᠤ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠴᠢᠳᠠᠪᠤᠷᠢᠲᠠᠨ᠎ᠢ ᠬᠥᠮᠥᠵᠢᠭᠦᠯᠬᠦ ᠳᠠᠳᠤᠯᠭ᠎ᠠ ᠪᠣᠯᠪᠠᠰᠤᠷᠠᠯ᠎ᠤᠨ ᠰᠠᠭᠤᠷᠢᠨ ᠭᠠᠵᠠᠷ》᠎ᠢ ᠪᠠᠢ᠌ᠭᠤᠯᠵᠤ᠂ 29 ᠬᠠᠤᠯᠢᠴᠢ ᠵᠢ ᠪᠦᠬᠦ ᠣᠷᠣᠨ᠎ᠤ ᠭᠠᠳᠠᠭ᠋ᠠᠳᠤ᠎ᠳᠤ ᠬᠣᠯᠪᠣᠭᠳᠠᠬᠤ ᠬᠠᠤᠯᠢ ᠴᠠᠭ᠋ᠠᠵᠠ ᠵᠢᠨ ᠦᠢ᠍ᠯᠡᠴᠢᠯᠡᠭᠡᠨ᠎ᠤ ᠳᠠᠭ᠋ᠠᠭᠤᠯᠤᠭᠴᠢ ᠴᠢᠳᠠᠪᠤᠷᠢᠲᠠᠨ᠎ᠤ ᠬᠥᠮᠥᠷᠭᠡ᠎ᠳᠤ ᠣᠷᠣᠭᠤᠯᠵᠤ᠂  ᠤᠮᠠᠷᠠᠰᠢ ᠨᠡᠭᠡᠭᠡᠯᠲᠡ ᠬᠢᠬᠦ  ᠬᠥᠭᠥᠷᠭᠡᠨ ᠪᠡᠬᠢᠯᠡᠯᠲᠡ ᠪᠠᠶ᠋ᠢᠭᠤᠯᠬᠤ ᠵᠢᠨ ᠲᠥᠯᠥᠭᠡ 《ᠬᠠᠤᠯᠢ ᠴᠠᠭ᠋ᠠᠵᠠ ᠵᠢᠨ ᠠᠷᠤ ᠲᠠᠯ᠎ᠠ ᠵᠢᠨ ᠲᠤᠰᠠᠯᠠᠮᠵᠢ ᠵᠢᠨ ᠪᠦᠯᠬᠦᠮ》᠎ᠢ ᠪᠠᠢ᠌ᠭᠤᠯᠪᠠ᠃

ᠢᠷᠡᠯᠲᠡ᠄ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠠᠤᠯᠢ ᠴᠠᠭ᠋ᠠᠵᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            