ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠰᠦᠯᠵᠢᠶᠡᠨ ᠳᠡᠭᠡᠷ᠎ᠡ ᠪᠤᠰᠤᠳ᠎ᠢ ᠭᠦᠳᠬᠡᠨ ᠳᠣᠷᠣᠮᠵᠢᠯᠠᠪᠠᠯ ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠡᠭᠦᠷᠭᠡᠯᠡᠨ᠎ᠡ
ᠨᠡᠶ᠋ᠢᠲᠡᠯᠡᠭᠰᠡᠨ ᠴᠠᠭ᠄ 2024-11-18

      ᠣᠢ᠌ᠷ᠎ᠠ᠎ᠳᠤ᠂ ᠭᠦᠭᠡᠬᠤᠳᠠ ᠵᠢᠨ ᠬᠣᠲᠣᠩ ᠠᠷᠠᠳ᠎ᠤᠨ ᠲᠣᠭᠣᠷᠢᠭ᠎ᠤᠨ ᠠᠷᠠᠳ᠎ᠤᠨ ᠰᠢᠭᠦᠬᠦ ᠬᠣᠷᠢᠶ᠎ᠠ ᠨᠢᠭᠡ ᠤᠳᠠᠭ᠋ᠠᠨ᠎ᠤ ᠨᠡᠷ᠎ᠡ ᠲᠥᠷᠥ ᠵᠢᠨ ᠡᠷᠬᠡ ᠵᠢᠨ ᠵᠠᠭᠤᠷᠠᠯᠳᠤᠭ᠋ᠠᠨ᠎ᠤ ᠬᠡᠷᠡᠭ᠎ᠢ ᠠᠮᠵᠢᠯᠲᠠ᠎ᠲᠠᠢ ᠡᠶᠡᠳᠡᠭᠦᠯᠪᠡ᠃

      ᠴᠧᠨ ᠣᠪᠣᠭᠲᠤ ᠪᠠ ᠯᠢᠦ ᠣᠪᠣᠭᠲᠤ ᠬᠣᠶᠠᠭᠤᠯᠠ ᠪᠣᠯ ᠬᠠᠮᠲᠤ ᠰᠤᠷᠤᠯᠭ᠋ᠠᠲᠠᠨ᠂ ᠵᠢᠵᠢᠭᠬᠡᠨ ᠶᠠᠪᠤᠳᠠᠯ᠎ᠠᠴᠠ ᠵᠥᠷᠢᠴᠡᠯ ᠭᠠᠷᠴᠤ᠂ ᠳᠤᠷ᠎ᠠ ᠦᠭᠡᠢ᠌ᠴᠡᠯ ᠵᠶ᠋ᠡᠨ ᠭᠠᠷᠭ᠋ᠠᠬᠤ ᠵᠢᠨ ᠲᠥᠯᠥᠭᠡ᠂ ᠯᠢᠦ ᠣᠪᠣᠭᠲᠤ ᠣᠬᠣᠷ ᠸᠢᠳᠢᠤ᠋ ᠵᠢᠨ ᠲᠠᠪᠴᠠᠩ᠎ᠳᠤ ᠴᠧᠨ ᠣᠪᠣᠭᠲᠤ ᠵᠢ ᠢᠯᠡ᠎ᠪᠠᠷ ᠭᠦᠳᠬᠡᠨ ᠬᠠᠷᠢᠶᠠᠪᠠ᠃ ᠴᠧᠨ ᠣᠪᠣᠭᠲᠤ ᠮᠡᠳᠡᠭᠰᠡᠨ᠎ᠤ ᠲᠠᠷᠠᠭ᠎ᠠ ᠪᠠᠰᠠ ᠣᠬᠣᠷ ᠸᠢᠳᠢᠤ᠋ ᠰᠢᠩᠭᠡᠭᠡᠵᠦ ᠯᠢᠦ ᠣᠪᠣᠭᠲᠤ ᠵᠢ ᠬᠠᠷᠢᠶᠠᠪᠠ᠃ ᠬᠣᠶᠠᠷ ᠬᠥᠮᠥᠨ᠎ᠤ ᠰᠦᠯᠵᠢᠶᠡᠨ ᠳᠡᠭᠡᠷᠡᠬᠢ ᠵᠠᠭᠤᠷᠠᠯᠳᠤᠭ᠋ᠠᠨ᠎ᠨᠢ ᠮᠠᠰᠢ ᠣᠯᠠᠨ ᠬᠠᠮᠲᠤ ᠰᠤᠷᠤᠬ᠍ᠴᠢ᠂ ᠰᠦᠯᠵᠢᠶᠡᠨ ᠠᠨᠳᠠ ᠵᠢᠨ ᠠᠩᠬᠠᠷᠤᠯ᠎ᠢ ᠲᠠᠲᠠᠪᠠ᠃ ᠥᠪᠡᠷ᠎ᠤᠨ ᠬᠠᠤᠯᠢ ᠶᠣᠰᠣᠨ᠎ᠤ ᠡᠷᠬᠡ ᠠᠰᠢᠭ ᠵᠶ᠋ᠠᠨ ᠬᠠᠮᠠᠭ᠋ᠠᠯᠠᠬᠤ ᠵᠢᠨ ᠲᠥᠯᠥᠭᠡ ᠴᠧᠨ ᠣᠪᠣᠭᠲᠤ ᠯᠢᠦ ᠣᠪᠣᠭᠲᠤ ᠵᠢ ᠰᠢᠭᠦᠬᠦ ᠬᠣᠷᠢᠶ᠎ᠠ᠎ᠳᠤ ᠵᠠᠭ᠋ᠠᠯᠳᠤᠵᠤ᠂ ᠯᠢᠦ ᠣᠪᠣᠭᠲᠤ ᠵᠢ ᠪᠤᠷᠤᠭᠤ ᠬᠦᠯᠢᠶᠡᠬᠦ ᠵᠢ ᠱᠠᠭ᠋ᠠᠷᠳᠠᠵᠠᠢ᠃ ᠯᠢᠦ ᠣᠪᠣᠭᠲᠤ ᠪᠠᠰᠠ ᠭᠡᠳᠡᠷᠭᠦ ᠵᠠᠭ᠋ᠠᠯᠳᠤᠵᠤ᠂ ᠴᠧᠨ ᠣᠪᠣᠭᠲᠤ᠎ᠪᠠᠷ ᠪᠤᠷᠤᠭᠤ ᠬᠦᠯᠢᠶᠡᠯᠭᠡᠬᠦ ᠭᠡᠪᠡ᠃

      ᠬᠡᠷᠡᠭ᠎ᠢ ᠰᠢᠢ᠍ᠳᠪᠦᠷᠢᠯᠡᠬᠦ᠎ᠪᠠᠷ ᠭᠥᠯᠢᠶᠡᠨ ᠠᠪᠤᠭᠰᠠᠨ᠎ᠤ ᠳᠠᠷᠠᠭ᠎ᠠ᠂ ᠰᠢᠭᠦᠬᠦ ᠲᠤᠰᠢᠶᠠᠯᠲᠠᠨ ᠬᠡᠷᠡᠭ᠎ᠤᠨ ᠪᠠᠢ᠌ᠳᠠᠯ᠎ᠢ ᠨᠠᠷᠢᠨ ᠣᠢ᠌ᠯᠠᠭ᠋ᠠᠵᠤ᠂ ᠲᠤᠰ ᠬᠡᠷᠡᠭ᠎ᠨᠢ ᠲᠡᠢ᠌ᠮᠦ ᠪᠤᠳᠤᠯᠢᠶᠠᠨᠲᠠᠢ ᠪᠢᠰᠢ᠂ ᠬᠣᠯᠪᠣᠭᠳᠠᠯ ᠪᠦᠬᠦᠢ ᠣᠬᠣᠷ ᠸᠢᠳᠢᠤ᠋ ᠵᠢ ᠴᠤ᠌ ᠨᠢᠭᠡᠨᠲᠡ ᠬᠠᠰᠤᠭᠰᠠᠨ᠎ᠢ ᠣᠯᠵᠤ ᠮᠡᠳᠡᠪᠡ᠂ ᠭᠡᠪᠡᠴᠦ ᠬᠣᠶᠠᠷ ᠲᠠᠯ᠎ᠠ᠎ᠪᠠᠷ ᠵᠶ᠋ᠠᠨ ᠴᠥᠮ ᠨᠦᠭᠦᠭᠡ ᠡᠲᠡᠭᠡᠳ ᠵᠶ᠋ᠡᠨ ᠪᠤᠷᠤᠭᠤ᠎ᠲᠠᠢ ᠭᠡᠵᠦ ᠦᠵᠡᠭᠡᠳ ᠴᠥᠮ ᠨᠦᠭᠦᠭᠡ ᠡᠲᠡᠭᠡᠳ᠎ᠲᠡᠭᠡᠨ ᠪᠤᠷᠤᠭᠤ ᠬᠦᠯᠢᠶᠡᠬᠦ ᠳᠤᠷ᠎ᠠ ᠦᠭᠡᠢ ᠪᠠᠢ᠌ᠪᠠ᠃ ᠰᠢᠭᠦᠬᠦ ᠲᠤᠰᠢᠶᠠᠯᠲᠠᠨ ᠬᠣᠶᠠᠷ ᠲᠠᠯ᠎ᠠ ᠵᠢᠨ ᠲᠤᠬᠠᠢ ᠵᠢᠨ ᠬᠥᠮᠥᠨ᠎ᠲᠠᠢ ᠣᠯᠠᠨᠲᠠ ᠶᠠᠷᠢᠯᠴᠠᠨ ᠨᠡᠪᠲᠡᠷᠡᠯᠴᠡᠵᠦ᠂ ᠡᠶᠡᠳᠡᠭᠦᠯᠬᠦ ᠠᠷᠭ᠎ᠠ ᠬᠡᠮᠵᠢᠶ᠎ᠡ ᠵᠢ ᠵᠥᠪᠳᠡᠯᠴᠡᠪᠡ᠃ ᠡᠴᠦᠰ᠎ᠲᠡᠭᠡᠨ᠂ ᠬᠣᠶᠠᠷ ᠲᠠᠯ᠎ᠠ ᠵᠢᠨ ᠲᠤᠬᠠᠢ ᠵᠢᠨ ᠬᠥᠮᠥᠨ ᠡᠶᠡᠳᠡᠭᠦᠯᠭᠡ ᠵᠢᠨ ᠬᠡᠯᠡᠯᠴᠡᠭᠡᠷ ᠲᠣᠬᠢᠷᠠᠭᠰᠠᠨ ᠪᠥᠭᠡᠳ ᠬᠠᠷᠢᠯᠴᠠᠨ ᠪᠤᠷᠤᠭᠤ ᠬᠦᠯᠢᠶᠡᠵᠦ ᠭᠠᠷ ᠠᠳᠬᠤᠨ ᠡᠶᠡᠳᠡᠪᠡ᠃

      ᠰᠢᠭᠦᠭᠴᠢ᠎ᠠᠴᠠ᠂ ᠰᠦᠯᠵᠢᠶ᠎ᠡ ᠪᠣᠯ ᠬᠠᠤᠯᠢ ᠵᠢᠨ ᠭᠠᠳᠠᠨᠠᠬᠢ ᠣᠷᠣᠨ ᠵᠠᠢ ᠪᠢᠰᠢ᠂ ᠰᠦᠯᠵᠢᠶᠡᠨ᠎ᠤ ᠳᠥᠭᠦᠮ ᠳᠥᠲᠡ ᠵᠢ ᠡᠳ᠋ᠯᠡᠬᠦ ᠵᠢᠨ ᠬᠠᠮᠲᠤ ᠦᠭᠡ ᠶᠠᠷᠢᠶ᠎ᠠ ᠦᠢ᠍ᠯᠡ ᠠᠵᠢᠯᠯᠠᠭ᠎ᠠ᠎ᠪᠠᠨ ᠬᠢᠴᠢᠶᠡᠵᠦ᠂ ᠠᠷᠠᠳ ᠢᠷᠭᠡᠨ ᠨᠢᠭᠡᠪᠦᠷᠢ ᠵᠢᠨ ᠨᠡᠢ᠌ᠲᠡᠯᠡᠭᠰᠡᠨ ᠶᠠᠷᠢᠶ᠎ᠠ ᠬᠡᠯᠡᠯᠴᠡᠭᠡ᠎ᠨᠢ ᠦᠨᠡᠨ ᠪᠣᠳᠠᠲᠠᠢ᠂ ᠳᠦᠷᠢᠮ ᠲᠣᠭᠲᠠᠭ᠋ᠠᠯ᠎ᠢ ᠵᠢᠷᠤᠮᠯᠠᠭᠰᠠᠨ ᠪᠠᠢ᠌ᠬᠤ ᠬᠡᠷᠡᠭᠲᠡᠢ᠃ ᠵᠦᠢ ᠵᠣᠬᠢᠰ ᠦᠭᠡᠢ ᠦᠭᠡ ᠶᠠᠷᠢᠶ᠎ᠠ ᠨᠡᠢ᠌ᠲᠡᠯᠡᠵᠦ᠂ ᠬᠠᠤᠯᠢ ᠴᠠᠭ᠋ᠠᠵᠠ ᠵᠢᠨ ᠬᠣᠷᠢᠭ᠎ᠠ ᠱᠤᠭᠤᠮ᠎ᠢ ᠳᠠᠪᠠᠪᠠᠯ ᠪᠤᠰᠤᠳ᠎ᠤᠨ ᠬᠠᠤᠯᠢ ᠶᠣᠰᠣᠨ᠎ᠤ ᠡᠷᠬᠡ ᠠᠰᠢᠭ᠎ᠲᠤ ᠬᠠᠯᠳᠠᠵᠤ ᠮᠡᠳᠡᠨ᠎ᠠ ᠭᠡᠵᠦ  ᠰᠠᠨᠠᠭᠤᠯᠵᠤ ᠪᠠᠢ᠌ᠨ᠎ᠠ᠃ 

ᠢᠷᠡᠯᠲᠡ᠄ᠳᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            