ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠠᠰᠠᠷ᠎ᠤᠨ ᠭᠡᠷ ᠵᠢᠨᠨ ᠵᠠᠰᠠᠬᠤ᠎ᠳᠠᠭᠠᠨ ᠵᠡᠷᠭᠡᠯᠡᠳᠡᠭᠡ ᠠᠢ᠌ᠯ᠎ᠤᠨ ᠡᠷᠬᠡ ᠠᠰᠢᠭ᠎ᠢ ᠬᠣᠬᠢᠷᠠᠭᠤᠯᠵᠤ ᠪᠤᠯᠬᠤ ᠦᠭᠡᠢ
ᠨᠡᠶ᠋ᠢᠲᠡᠯᠡᠭᠰᠡᠨ ᠴᠠᠭ᠄ 2024-07-10

      ᠠᠮᠢᠳᠤᠷᠠᠯ᠎ᠤᠨ ᠣᠷᠣᠨ ᠵᠠᠢ ᠪᠠ ᠣᠷᠴᠢᠨ ᠲᠣᠭᠣᠷᠢᠨ ᠵᠢᠨᠨ ᠰᠠᠢ᠌ᠵᠢᠷᠠᠭᠤᠯᠬᠤ ᠵᠢᠨ ᠲᠥᠯᠥᠭᠡ᠂ ᠮᠠᠰᠢ ᠤᠯᠠᠨ ᠭᠡᠷ ᠪᠦᠯᠢ ᠵᠢᠨ᠎ᠬᠢᠨ ᠭᠡᠷ ᠪᠠᠢ᠌ᠰᠢᠩ ᠵᠶ᠋ᠠᠨ ᠵᠠᠰᠠᠵᠤ ᠴᠢᠮᠡᠭᠯᠡᠬᠦ ᠪᠠ ᠬᠡᠰᠡᠭ ᠲᠠᠯ᠎ᠠ ᠵᠢᠨ ᠥᠭᠡᠷᠡᠴᠢᠯᠡᠯᠲᠡ ᠬᠢᠳᠡᠭ᠃ ᠭᠡᠪᠡᠴᠦ ᠵᠠᠰᠠᠨ ᠴᠢᠮᠡᠭᠯᠡᠵᠦ ᠥᠭᠡᠷᠡᠴᠢᠯᠡᠬᠦ ᠶᠠᠪᠤᠴᠠ᠎ᠳᠤ ᠪᠠᠰᠠ ᠭᠡᠷ ᠪᠠᠢ᠌ᠰᠢᠩ᠎ᠤᠨ ᠪᠦᠲᠦᠴᠡ ᠵᠢ ᠳᠤᠷ᠎ᠠ᠎ᠪᠠᠷ ᠵᠶ᠋ᠠᠨ ᠥᠭᠡᠷᠡᠴᠢᠯᠡᠵᠦ᠂ ᠬᠥᠷᠰᠢ ᠵᠡᠷᠭᠡᠯᠡᠳᠡᠭᠡ ᠠᠢ᠌ᠯ᠎ᠤᠨ ᠵᠢᠨᠨ ᠡᠷᠬᠡ ᠠᠰᠢᠭ᠎ᠢ ᠬᠣᠬᠢᠷᠠᠭᠤᠯᠬᠤ ᠪᠠᠢ᠌ᠳᠠᠯ ᠦᠷᠭᠦᠯᠵᠢ ᠭᠠᠷᠳᠠᠭ᠃

      ᠪᠡᠭᠡᠵᠢᠩ ᠬᠣᠲᠠ ᠵᠢᠨ ᠨᠢᠭᠡᠨ ᠰᠠᠭᠤᠭ᠋ᠠᠯᠢ ᠲᠣᠭᠣᠷᠢᠭ᠎ᠤᠨ 202 ᠭᠡᠷ᠎ᠤᠨ ᠡᠵᠡᠨ ᠵᠠᠩ ᠠᠪᠤᠭ᠋ᠠᠢ ᠥᠪᠡᠷ᠎ᠤᠨ ᠲᠣᠭᠣᠭ᠋ᠠᠨ ᠭᠡᠷ᠎ᠤᠨ ᠬᠢᠨᠢ ᠠᠲᠠᠷ᠎ᠠᠴᠠ ᠤᠰᠤ ᠭᠣᠭᠣᠵᠢᠭᠰᠠᠨ᠎ᠢ ᠣᠯᠵᠤ ᠮᠡᠳᠡᠵᠡᠢ᠃ ᠨᠠᠷᠢᠨ ᠪᠠᠢ᠌ᠴᠠᠭ᠋ᠠᠬᠤ᠎ᠪᠠᠷ ᠳᠠᠮᠵᠢᠨ ᠤᠰᠤ᠎ᠨᠢ ᠠᠰᠠᠷ ᠳᠡᠭᠡᠷᠡᠬᠢ 302 ᠭᠡᠷ᠎ᠠᠴᠠ ᠭᠣᠭᠣᠵᠢᠭᠰᠠᠨ ᠬᠡᠮᠡᠨ ᠲᠡᠷᠡ ᠦᠵᠡᠵᠦ᠂ ᠠᠰᠠᠷ ᠳᠡᠭᠡᠷ᠎ᠡ ᠭᠠᠷᠴᠤ ᠪᠠᠢ᠌ᠴᠠᠭ᠋ᠠᠨ ᠦᠵᠡᠭᠰᠡᠨ᠎ᠤ ᠳᠠᠷᠠᠭ᠎ᠠ᠂ ᠥᠪᠡᠷ᠎ᠤᠨ ᠲᠣᠭᠣᠭ᠋ᠠᠨ ᠭᠡᠷ᠎ᠤᠨ ᠳᠡᠭᠡᠷ᠎ᠡ ᠲᠠᠯ᠎ᠠ᠎ᠨᠢ ᠳᠡᠭᠡᠷ᠎ᠡ ᠠᠢ᠌ᠯ᠎ᠤᠨ ᠬᠢᠨᠢ ᠠᠷᠢᠭᠤᠨ ᠴᠡᠪᠡᠷ᠎ᠤᠨ ᠲᠠᠰᠤᠯᠭ᠎ᠠ ᠪᠤᠯᠬᠤ ᠵᠢ ᠣᠯᠵᠤ ᠮᠡᠳᠡᠪᠡ᠃

      ᠤᠤᠯ᠎ᠨᠢ 302 ᠭᠡᠷ᠎ᠤᠨ ᠡᠵᠡᠨ ᠭᠤᠤ ᠠᠪᠤᠭ᠋ᠠᠢ ᠠᠷᠢᠭᠤᠨ ᠴᠡᠪᠡᠷ᠎ᠤᠨ ᠲᠠᠰᠤᠯᠭ᠎ᠠ ᠵᠢᠨ ᠣᠷᠣᠨ ᠪᠠᠢ᠌ᠷᠢ ᠵᠢ ᠳᠤᠷ᠎ᠠ᠎ᠪᠠᠷ ᠵᠢᠨᠨ ᠥᠭᠡᠷᠡᠴᠢᠯᠡᠵᠦ᠂ ᠠᠷᠢᠭᠤᠨ ᠴᠡᠪᠡᠷ᠎ᠤᠨ ᠲᠠᠰᠤᠯᠭ᠎ᠠ᠎ᠪᠠᠨ ᠶᠠᠭ ᠰᠠᠢ᠌ᠬᠠᠨ ᠵᠠᠩ ᠠᠪᠤᠭ᠋ᠠᠢ ᠵᠢᠨ ᠭᠡᠷ᠎ᠤᠨ ᠲᠣᠭᠣᠭ᠋ᠠᠨ ᠭᠡᠷ᠎ᠤᠨ ᠳᠡᠭᠡᠷ᠎ᠡ ᠲᠠᠯ᠎ᠠ᠎ᠳᠤ ᠪᠠᠢ᠌ᠷᠢᠯᠠᠭᠤᠯᠤᠭᠰᠠᠨ ᠪᠠᠢ᠌ᠪᠠ᠃ ᠵᠠᠩ ᠠᠪᠤᠭ᠋ᠠᠢ ᠵᠢᠨ ᠨᠢᠭᠡ ᠭᠡᠷ᠎ᠤᠨ᠎ᠬᠢᠨ ᠡᠨᠡᠬᠦ ᠪᠠᠢ᠌ᠳᠠᠯ᠎ᠢ ᠭᠥᠯᠢᠶᠡᠨ ᠠᠪᠬᠤ᠎ᠳᠤ ᠪᠡᠷᠬᠡ ᠪᠠᠢ᠌ᠵᠤ᠂ ᠬᠡᠳᠦᠨᠲᠡ ᠵᠥᠪᠳᠡᠯᠴᠡᠭᠡᠳ ᠦᠷ᠎ᠡ ᠳ᠋ᠦᠩ ᠭᠠᠷᠤᠭᠰᠠᠨ ᠦᠭᠡᠢ ᠪᠣᠯᠬᠣᠷ ᠭᠤᠤ ᠣᠪᠣᠭᠲᠤ ᠵᠢ ᠰᠢᠭᠦᠬᠦ ᠬᠣᠷᠢᠶᠠᠨ᠎ᠳᠤ ᠵᠠᠭ᠋ᠠᠯᠳᠤᠵᠤ᠂ ᠨᠦᠭᠦᠭᠡ ᠡᠲᠡᠭᠡᠳ ᠵᠶ᠋ᠡᠷ ᠭᠡᠷ ᠪᠠᠢ᠌ᠰᠢᠩ᠎ᠤᠨ ᠪᠦᠲᠦᠴᠡ ᠵᠢᠨ ᠪᠠᠢ᠌ᠷᠢᠰᠢᠯ᠎ᠢ ᠰᠡᠷᠭᠦᠭᠡᠯᠭᠡᠭᠦ᠎ᠪᠠᠷ ᠱᠠᠭ᠋ᠠᠷᠳᠠᠵᠠᠢ᠃

      ᠲᠡᠭᠡᠪᠡᠯ ᠥᠪᠡᠷ᠎ᠤᠨ ᠭᠡᠷ ᠵᠶ᠋ᠡᠨ ᠳᠤᠷ᠎ᠠ᠎ᠪᠠᠷ ᠵᠶ᠋ᠠᠨ ᠵᠠᠰᠠᠵᠤ ᠪᠣᠯᠣᠨ᠎ᠠ ᠦᠦ? 《ᠮᠠᠨ᠎ᠤ ᠤᠯᠤᠰ᠎ᠤᠨ ᠢᠷᠭᠡᠨ᠎ᠤ ᠬᠠᠤᠯᠢ ᠵᠢᠨ ᠪᠢᠴᠢᠭ᠎ᠲᠤ ᠲᠣᠭᠲᠠᠭ᠋ᠠᠭᠰᠠᠨ ᠵᠢᠨᠷ᠂ ᠦᠯᠦ ᠬᠥᠳᠡᠯᠬᠦ ᠬᠥᠷᠥᠩᠭᠡ ᠵᠢᠨ ᠬᠥᠷᠰᠢ ᠵᠡᠷᠭᠡᠯᠡᠳᠡᠭᠡ ᠵᠢᠨ ᠡᠷᠬᠡᠲᠦ ᠬᠥᠮᠥᠨ᠎ᠨᠢ ᠦᠢ᠍ᠯᠡᠳᠪᠦᠷᠢᠯᠡᠯ᠎ᠳᠤ ᠠᠰᠢᠭᠲᠠᠢ᠂ ᠠᠮᠢᠳᠤᠷᠠᠯ᠎ᠳᠤ ᠲᠦᠭᠦᠮ᠂ ᠪᠦᠯᠬᠦᠮᠳᠡᠨ ᠬᠠᠪᠰᠤᠷᠤᠯᠴᠠᠬᠤ᠂ ᠲᠥᠪ ᠭᠣᠣᠯᠴᠢ ᠵᠦᠢ ᠵᠣᠬᠢᠰᠲᠠᠢ ᠪᠠᠢ᠌ᠬᠤ ᠵᠠᠷᠴᠢᠮ ᠶᠣᠰᠣᠭ᠋ᠠᠷ ᠬᠥᠷᠰᠢ ᠵᠡᠷᠭᠡᠯᠡᠳᠡᠭᠡ ᠵᠢᠨ ᠬᠠᠷᠢᠴᠠᠭ᠎ᠠ᠎ᠪᠠᠨ ᠵᠥᠪ ᠰᠢᠢ᠍ᠳᠪᠦᠷᠢᠯᠡᠬᠦ ᠬᠡᠷᠡᠭᠲᠡᠢ》 ᠭᠡᠰᠡᠨ ᠪᠠᠢ᠌ᠳᠠᠭ ᠭᠡᠵᠦ ᠪᠡᠭᠡᠵᠢᠩ ᠬᠣᠲᠠ ᠵᠢᠨ ᠭᠤᠷᠪᠠᠳᠤᠭ᠋ᠠᠷ ᠠᠷᠠᠳ᠎ᠤᠨ ᠳᠤᠮᠳᠠ ᠵᠡᠷᠭᠡ ᠵᠢᠨ ᠰᠢᠭᠦᠬᠦ ᠬᠣᠷᠢᠶᠠᠨ᠎ᠤ ᠰᠢᠭᠦᠭᠴᠢ ᠰᠢᠶᠠ ᠯᠢ ᠬᠡᠯᠡᠬᠦ ᠵᠢᠨ ᠳᠠᠭ᠋ᠠᠤ ᠭᠡᠷ ᠪᠠᠢ᠌ᠰᠢᠩ ᠵᠢᠨᠨ ᠥᠭᠡᠷᠡᠴᠢᠯᠡᠵᠦ ᠵᠠᠰᠠᠬᠤ᠎ᠨᠢ ᠭᠡᠷ᠎ᠤᠨ ᠡᠵᠡᠨ᠎ᠤ ᠡᠷᠬᠡ ᠴᠢᠯᠦᠭᠡ ᠪᠤᠯᠬᠤ ᠪᠤᠯᠪᠠᠴᠤ ᠵᠢᠷᠤᠮᠵᠢᠭᠤᠨ ᠵᠥᠪᠰᠢᠶᠡᠷᠡᠭᠰᠡᠨ ᠬᠡᠪᠴᠢᠶᠡᠨ ᠳᠣᠲᠣᠷ᠎ᠠ ᠪᠠᠢ᠌ᠬᠤ ᠬᠡᠷᠡᠭᠲᠡᠢ᠃

      ᠣᠷᠣᠨ ᠰᠠᠭᠤᠴᠠ ᠵᠢᠨ ᠵᠢᠷᠤᠭ ᠲᠥᠯᠥᠪᠯᠡᠭᠡ ᠵᠢᠨ ᠵᠢᠷᠤᠮᠵᠢᠯ᠎ᠢ ᠦᠨᠳᠦᠰᠦᠯᠡᠨ᠂ ᠵᠣᠷᠯᠣᠩ᠎ᠢ ᠰᠢᠭᠤᠳ ᠳᠣᠣᠷ᠎ᠠ ᠳᠠᠪᠬᠤᠷᠭ᠎ᠠ ᠵᠢᠨ ᠰᠠᠭᠤᠬᠤ ᠡᠷᠦᠭᠡ ᠵᠢᠨ ᠤᠨᠲᠠᠬᠤ ᠥᠷᠥᠭᠡ᠂ ᠵᠣᠴᠢᠨ᠎ᠤ ᠦᠷᠦᠭᠡ᠂ ᠲᠣᠭᠣᠭ᠋ᠠᠨ ᠭᠡᠷ ᠪᠣᠯᠣᠨ ᠬᠣᠭᠣᠯᠠᠨ ᠭᠡᠷ᠎ᠤᠨ ᠳᠡᠭᠡᠳᠦ ᠳᠠᠪᠬᠤᠷᠭ᠎ᠠ᠎ᠳᠤ ᠪᠠᠢ᠌ᠷᠢᠯᠠᠭᠤᠯᠵᠤ ᠪᠤᠯᠬᠤ ᠦᠭᠡᠢ᠃ 《ᠲᠤᠰ ᠵᠦᠢ᠍ᠯ ᠵᠤᠷᠪᠤᠰ ᠪᠣᠯ ᠠᠯᠪᠠᠳᠠᠯᠭ᠎ᠠ ᠵᠢᠨ ᠴᠢᠨᠠᠷᠲᠠᠢ ᠵᠦᠢ᠍ᠯ ᠵᠤᠷᠪᠤᠰ᠎ᠲᠤ ᠲᠣᠭ᠋ᠠᠴᠠᠭᠳᠠᠨ᠎ᠠ》᠃ ᠰᠢᠭᠦᠬᠦ ᠬᠣᠷᠢᠶ᠎ᠠ ᠰᠢᠭᠦᠭᠰᠡᠨ᠎ᠤ ᠲᠠᠷᠠᠭ᠎ᠠ᠂ 302 ᠭᠡᠷ᠎ᠤᠨ ᠡᠵᠡᠨ᠎ᠤ ᠭᠡᠷ ᠪᠠᠢ᠌ᠰᠢᠩ᠎ᠤᠨ ᠪᠦᠲᠦᠴᠡ ᠵᠢ ᠬᠤᠪᠢᠷᠠᠭᠤᠯᠤᠭᠰᠠᠨ ᠠᠵᠢᠯᠯᠠᠭ᠎ᠠ᠎ᠨᠢ ᠲᠣᠭᠲᠠᠭ᠋ᠠᠯ᠎ᠢ ᠵᠥᠷᠢᠴᠡᠭᠰᠡᠨ᠎ᠳᠤ ᠲᠣᠭ᠋ᠠᠴᠠᠭᠳᠠᠨ᠎ᠠ ᠭᠡᠵᠦ ᠦᠵᠡᠭᠡᠳ᠂ ᠭᠤᠤ ᠠᠪᠤᠭ᠋ᠠᠢ ᠵᠢ ᠭᠡᠷ ᠪᠠᠢ᠌ᠰᠢᠩ᠎ᠤᠨ ᠠᠷᠢᠭᠤᠨ ᠴᠡᠪᠡᠷ᠎ᠤᠨ ᠲᠠᠰᠤᠯᠭ᠎ᠠ᠂ ᠲᠣᠭᠣᠭ᠋ᠠᠨ ᠭᠡᠷ᠎ᠤᠨ ᠪᠦᠲᠦᠴᠡ ᠵᠢ ᠤᠤᠯ ᠪᠠᠢ᠌ᠳᠠᠯ ᠵᠶ᠋ᠠᠷ᠎ᠨᠢ ᠰᠡᠷᠭᠦᠭᠡᠯᠭᠡᠭᠦ᠎ᠪᠠᠷ ᠰᠢᠭᠦᠨ ᠳᠠᠰᠤᠯᠵᠠᠢ᠃

      ᠭᠡᠷ᠎ᠲᠤ ᠣᠷᠣᠬᠤ ᠡᠭᠦᠳᠡ ᠵᠢ ᠳᠣᠲᠣᠭᠰᠢ ᠨᠡᠭᠡᠭᠡᠳᠡᠭ ᠪᠠᠢ᠌ᠭᠰᠠᠨ᠎ᠢ ᠭᠠᠳᠠᠭᠰᠢ ᠨᠡᠭᠡᠭᠡᠬᠦ ᠪᠣᠯᠭ᠋ᠠᠨ ᠥᠭᠡᠷᠡᠴᠢᠯᠡᠭᠰᠡᠨ ᠰᠦᠢ ᠠᠪᠤᠭ᠋ᠠᠢ ᠵᠢᠨ ᠬᠢᠳᠡᠯ᠎ᠨᠢ ᠵᠡᠷᠭᠡᠯᠡᠳᠡᠭᠡ ᠯᠢ ᠠᠪᠤᠭ᠋ᠠᠢ ᠵᠢᠨ ᠳᠤᠷ᠎ᠠ ᠦᠭᠡᠢ᠌ᠴᠡᠯ᠎ᠢ ᠬᠦᠷᠭᠡᠵᠡᠢ᠃ ᠰᠦᠢ ᠠᠪᠤᠭ᠋ᠠᠢ 1505 ᠥᠷᠥᠭᠡᠨ᠎ᠳᠤ᠂ ᠯᠢ ᠠᠪᠤᠭ᠋ᠠᠢ 1507 ᠥᠷᠥᠭᠡᠨ᠎ᠳᠤ ᠰᠠᠭᠤᠵᠤ ᠪᠠᠢ᠌ᠭ᠎ᠠ ᠪᠣᠯᠬᠣᠷ ᠬᠠᠮᠲᠤ ᠨᠢᠭᠡᠨ ᠶᠠᠪᠤᠬᠤ ᠵᠠᠮ᠎ᠢ ᠬᠡᠷᠡᠭᠯᠡᠵᠦ᠂ ᠬᠣᠶᠠᠷ ᠡᠷᠦᠭᠡ ᠵᠢᠨ ᠣᠷᠣᠬᠤ ᠡᠭᠦᠳᠡ᠎ᠨᠢ 90 ᠭ᠋ᠷᠡᠳᠦ᠋ᠰ᠎ᠤᠨ ᠬᠠᠪᠴᠢᠭᠰᠠᠨ ᠥᠨᠴᠥᠭ᠎ᠲᠠᠢ᠃ ᠯᠢ ᠠᠪᠤᠭ᠋ᠠᠢ ᠵᠢᠨ ᠦᠵᠡᠬᠦ᠎ᠪᠠᠷ᠂ ᠰᠦᠢ ᠠᠪᠤᠭ᠋ᠠᠢ ᠵᠢᠨ ᠭᠡᠷ ᠵᠢᠨᠨ ᠥᠭᠡᠷᠡᠴᠢᠯᠡᠭᠰᠡᠨ᠎ᠨᠢ ᠥᠪᠡᠷ᠎ᠤᠨ ᠶᠠᠪᠤᠵᠤ ᠰᠠᠭᠤᠬᠤ ᠵᠢᠴᠢ ᠠᠮᠤᠷ ᠲᠦᠪᠰᠢᠨ᠎ᠳᠤ ᠬᠣᠬᠢᠷᠠᠯ ᠤᠴᠠᠷᠠᠭᠤᠯᠤᠭᠰᠠᠨ ᠭᠡᠵᠡᠢ᠃ ᠵᠥᠪᠳᠡᠯᠴᠡᠭᠡᠳ ᠦᠷ᠎ᠡ ᠳ᠋ᠦᠩ ᠭᠠᠷᠤᠭᠰᠠᠨ ᠦᠭᠡᠢ ᠪᠠᠢ᠌ᠳᠠᠯ ᠳᠣᠣᠷ᠎ᠠ᠂ ᠯᠢ ᠠᠪᠤᠭ᠋ᠠᠢ ᠰᠢᠭᠦᠬᠦ ᠬᠣᠷᠢᠶᠠᠨ᠎ᠳᠤ ᠵᠠᠭ᠋ᠠᠯᠳᠤᠨ᠂ ᠭᠡᠷ᠎ᠲᠤ ᠣᠷᠣᠬᠤ ᠡᠭᠦᠳᠡ᠎ᠪᠠᠨ ᠤᠤᠯ ᠶᠠᠩᠵᠤ᠎ᠪᠠᠷ᠎ᠨᠢ ᠥᠭᠡᠷᠡᠴᠢᠯᠡᠬᠦ ᠵᠢ ᠱᠠᠭ᠋ᠠᠷᠳᠠᠪᠠ᠃

      ᠵᠠᠭᠤᠷᠠᠯᠳᠤᠭ᠋ᠠᠨ ᠡᠭᠦᠰᠦᠭᠰᠡᠨ᠎ᠤ ᠲᠠᠷᠠᠭ᠎ᠠ᠂ ᠰᠦᠢ ᠠᠪᠤᠭ᠋ᠠᠢ ᠣᠷᠣᠨ ᠰᠠᠭᠤᠴᠠ ᠵᠢᠨ ᠭᠡᠯᠪᠡᠷᠢ ᠵᠢᠨ ᠵᠢᠷᠤᠭ᠎ᠢ ᠪᠠᠢ᠌ᠴᠠᠭ᠋ᠠᠨ ᠦᠵᠡᠬᠦ᠎ᠳᠡᠭᠡᠨ᠂ ᠯᠢ ᠠᠪᠤᠭ᠋ᠠᠢ ᠭᠡᠷ᠎ᠤᠨ ᠡᠭᠦᠳᠡ᠎ᠪᠠᠨ ᠰᠢᠯᠵᠢᠭᠦᠯᠵᠦ ᠥᠩᠭᠡᠷᠡᠭᠰᠡᠨ ᠪᠥᠭᠡᠳ ᠤᠤᠯ᠎ᠤᠨ ᠣᠷᠣᠨ ᠪᠠᠢ᠌ᠷᠢ᠎ᠠᠴᠠ᠎ᠨᠢ 55 ᠰᠠᠨᠲ᠋ᠢᠮᠧᠲᠷ ᠭᠠᠳᠠᠭᠰᠢ ᠲᠦᠯᠬᠢᠵᠦ᠂ ᠬᠠᠮᠲᠤ ᠨᠡᠢ᠌ᠳᠡ ᠵᠢᠨ ᠨᠡᠪᠲᠡᠷᠡᠬᠦ ᠵᠠᠮ᠎ᠢ ᠡᠵᠡᠯᠡᠭᠰᠡᠨ᠎ᠢ ᠣᠯᠵᠤ ᠮᠡᠳᠡᠭᠡᠳ᠂ ᠲᠡᠷᠡ ᠳᠠᠷᠤᠢ᠎ᠳᠤᠨᠢ ᠯᠢ ᠠᠪᠤᠭ᠋ᠠᠢ ᠵᠢᠨ ᠨᠡᠶ᠋ᠢᠲᠡ ᠵᠢᠨ ᠨᠡᠪᠲᠡᠷᠡᠬᠦ ᠵᠠᠮ᠎ᠢ ᠡᠵᠡᠯᠡᠨ ᠬᠡᠷᠡᠭᠯᠡᠭᠰᠡᠨ ᠪᠠᠢ᠌ᠳᠠᠯ᠎ᠳᠤ ᠭᠡᠳᠡᠷᠭᠦ ᠵᠠᠭ᠋ᠠᠯᠳᠤᠯᠭ᠎ᠠ ᠬᠢᠵᠦ᠂ ᠡᠰᠡᠷᠭᠦ ᠡᠲᠡᠭᠡᠳ ᠵᠢᠨᠷ ᠭᠡᠷ᠎ᠲᠤ ᠣᠷᠣᠬᠤ ᠡᠭᠦᠳᠡ ᠵᠢᠨ ᠤᠤᠯ᠎ᠤᠨ ᠪᠠᠢ᠌ᠳᠠᠯ᠎ᠢ ᠰᠡᠷᠭᠦᠭᠡᠯᠭᠡᠭᠦ᠎ᠪᠠᠷ ᠱᠠᠭ᠋ᠠᠷᠳᠠᠪᠠ᠃

      《ᠣᠷᠣᠨ ᠰᠠᠭᠤᠴᠠ ᠵᠢᠨ ᠵᠢᠷᠤᠭ ᠲᠥᠯᠥᠪᠯᠡᠭᠡ᠎ᠳᠤ ᠵᠢᠷᠤᠮᠵᠢᠭᠤᠨ ᠪᠥᠭᠡᠳ ᠲᠣᠳᠣᠷᠬᠠᠢ ᠵᠢᠭ᠋ᠠᠭᠰᠠᠨ ᠪᠠᠢ᠌ᠳᠠᠭ᠂ ᠭᠠᠳᠠᠭᠰᠢ ᠨᠡᠭᠡᠭᠡᠬᠦ ᠡᠭᠦᠳᠡ᠎ᠨᠢ ᠣᠯᠠᠨ ᠨᠡᠶ᠋ᠢᠲᠡ ᠵᠢᠨ ᠭᠠᠷᠴᠤ ᠣᠷᠣᠬᠤ ᠵᠢᠴᠢ ᠬᠥᠷᠰᠢ ᠵᠡᠷᠭᠡᠯᠡᠳᠡᠭᠡ ᠡᠷᠦᠭᠡ ᠵᠢᠨ ᠡᠭᠦᠳᠡ ᠨᠡᠭᠡᠭᠡᠬᠦ ᠵᠢ ᠬᠠᠷᠰᠢᠯᠠᠵᠤ ᠪᠤᠯᠬᠤ ᠦᠭᠡᠢ᠃ ᠡᠭᠦᠨ᠎ᠤ ᠬᠠᠮᠲᠤ ᠠᠷᠠᠳ᠎ᠤᠨ ᠬᠡᠷᠡᠭᠯᠡᠭᠡᠨ᠎ᠤ ᠪᠠᠷᠢᠯᠭ᠎ᠠ ᠵᠢᠨ ᠵᠢᠷᠤᠭ ᠲᠥᠯᠥᠪᠯᠡᠭᠡ᠎ᠳᠤ ᠨᠢᠭᠡᠳᠦᠯᠲᠡᠢ ᠪᠠᠷᠢᠮᠵᠢᠶ᠎ᠠ ᠲᠣᠭᠲᠠᠭ᠋ᠠᠵᠤ᠂ ᠠᠮᠤᠷ ᠲᠦᠪᠰᠢᠨ᠎ᠤ ᠵᠠᠮ ᠵᠢᠴᠢ ᠠᠰᠠᠷ᠎ᠤᠨ ᠱᠠᠲᠤᠨ᠎ᠤ ᠬᠣᠭᠣᠷᠣᠨᠳᠣᠭᠢ ᠡᠭᠦᠳᠡ ᠴᠣᠩᠬᠣ ᠵᠢ ᠭᠦᠢ᠍ᠴᠡᠳ ᠨᠡᠭᠡᠭᠡᠭᠰᠡᠨ᠎ᠤ ᠳᠠᠷᠠᠭ᠎ᠠ᠂ ᠶᠠᠪᠤᠬᠤ ᠵᠠᠮ ᠵᠢᠴᠢ ᠠᠰᠠᠷ᠎ᠤᠨ ᠱᠠᠲᠤᠨ᠎ᠤ ᠲᠠᠪᠴᠠᠩ᠎ᠤᠨ ᠲᠠᠷᠬᠠᠭ᠋ᠠᠬᠤ ᠥᠷᠭᠡᠴᠡ ᠵᠢ ᠨᠥᠯᠥᠭᠡᠯᠡᠵᠦ ᠪᠤᠯᠬᠤ ᠦᠭᠡᠢ》 ᠭᠡᠵᠦ ᠪᠡᠭᠡᠵᠢᠩ ᠬᠣᠲᠠ ᠵᠢᠨ ᠭᠤᠷᠪᠠᠳᠤᠭ᠋ᠠᠷ ᠠᠷᠠᠳ᠎ᠤᠨ ᠳᠤᠮᠳᠠ ᠵᠡᠷᠭᠡ ᠵᠢᠨ ᠰᠢᠭᠦᠬᠦ ᠬᠣᠷᠢᠶᠠᠨ᠎ᠤ ᠰᠢᠭᠦᠭᠴᠢ ᠸᠠᠩ ᠲᠢᠶᠠᠨ ᠱᠦᠢ ᠬᠡᠯᠡᠵᠦ ᠪᠠᠢ᠌ᠯ᠎ᠠ᠃

      ᠲᠤᠰ ᠬᠡᠷᠡᠭ᠎ᠲᠤ ᠯᠢ ᠠᠪᠤᠭ᠋ᠠᠢ ᠪᠡᠶ᠎ᠡ᠎ᠪᠠᠨ ᠥᠮᠥᠭᠯᠡᠬᠦ᠎ᠳᠡᠭᠡᠨ᠂ ᠲᠤᠬᠠᠢ ᠵᠢᠨ ᠦᠶ᠎ᠡ᠎ᠳᠤ ᠭᠡᠷ᠎ᠤᠨ ᠡᠭᠦᠳᠡ᠎ᠪᠠᠨ ᠰᠢᠯᠵᠢᠭᠦᠯᠬᠦ᠎ᠳᠤ 1505 ᠦᠷᠦᠭᠡ ᠵᠢᠨ ᠤᠤᠯ᠎ᠤᠨ ᠡᠵᠡᠨ᠎ᠤ ᠵᠥᠪᠰᠢᠶᠡᠷᠡᠯ᠎ᠢ ᠣᠯᠣᠭᠰᠠᠨ ᠶᠤᠮ᠂ ᠡᠨᠡ᠎ᠨᠢ ᠰᠦᠢ ᠠᠪᠤᠭ᠋ᠠᠢ ᠵᠢᠨ ᠵᠣᠷᠢᠯᠲᠠ ᠵᠢ ᠡᠰᠡᠷᠭᠦᠴᠡᠵᠦ ᠪᠤᠯᠬᠤ ᠦᠦ? 《ᠲᠡᠭᠦᠨ᠎ᠤ ᠦᠢ᠍ᠯᠡ ᠠᠵᠢᠯᠯᠠᠭ᠎ᠠ᠎ᠨᠢ ᠵᠥᠪᠰᠢᠶᠡᠷᠡᠯ ᠣᠯᠣᠭᠰᠠᠨ ᠪᠤᠯᠪᠠᠴᠤ ᠵᠦᠢ ᠶᠣᠰᠣᠴᠢ ᠴᠢᠨᠠᠷ᠎ᠲᠠᠢ ᠪᠢᠰᠢ》 ᠭᠡᠵᠦ ᠸᠠᠩ ᠲᠢᠶᠠᠨ ᠱᠦᠢ ᠬᠡᠯᠡᠬᠦ ᠵᠢᠨ ᠬᠠᠮᠲᠤ᠂ 1505 ᠥᠷᠥᠭᠡ ᠵᠢᠨ ᠤᠤᠯ᠎ᠤᠨ ᠥᠮᠴᠢᠯᠡᠬᠦ ᠡᠷᠬᠡᠲᠦ ᠬᠥᠮᠥᠨ᠎ᠤ ᠵᠥᠪᠰᠢᠶᠡᠷᠡᠯ᠎ᠨᠢ ᠣᠲᠣ ᠵᠢᠨ ᠪᠠᠢ᠌ᠭ᠎ᠠ ᠥᠮᠴᠢᠯᠡᠬᠦ ᠡᠷᠬᠡᠲᠦ ᠬᠥᠮᠥᠨ ᠰᠦᠢ ᠠᠪᠤᠭ᠋ᠠᠢ ᠵᠢᠨ ᠬᠢᠳᠡᠯ᠎ᠢ ᠬᠢᠵᠠᠭ᠋ᠠᠷᠯᠠᠵᠤ ᠲᠡᠢ᠌ᠯᠭᠦ ᠦᠭᠡᠢ᠂ ᠯᠢ ᠠᠪᠤᠭ᠋ᠠᠢ ᠵᠢᠨ ᠣᠯᠠᠨ ᠨᠡᠶ᠋ᠢᠲᠡ ᠵᠢᠨ ᠨᠡᠪᠲᠡᠷᠡᠬᠦ ᠵᠠᠮ᠎ᠤᠨ ᠣᠷᠣᠨ ᠵᠠᠢ ᠵᠢ ᠰᠢᠬᠠᠨ ᠡᠵᠡᠯᠡᠭᠰᠡᠨ ᠦᠢ᠍ᠯᠡ ᠠᠵᠢᠯᠯᠠᠭ᠎ᠠ᠎ᠨᠢ ᠰᠦᠢ ᠠᠪᠤᠭ᠋ᠠᠢ ᠵᠢᠨ ᠥᠯᠥ ᠬᠥᠳᠡᠯᠬᠦ ᠬᠥᠷᠥᠩᠭᠡ ᠵᠢᠨ ᠪᠣᠳᠠᠰ᠎ᠤᠨ ᠡᠷᠬᠡ᠎ᠪᠠᠨ ᠬᠡᠷᠡᠭᠵᠢᠭᠦᠯᠬᠦ᠎ᠳᠤ ᠬᠠᠷᠰᠢ ᠰᠠᠭ᠋ᠠᠳ ᠤᠴᠠᠷᠠᠭᠤᠯᠵᠤ ᠪᠠᠢ᠌ᠨ᠎ᠠ ᠭᠡᠵᠡᠢ᠃ ᠰᠢᠭᠦᠬᠦ ᠬᠣᠷᠢᠶ᠎ᠠ᠎ᠠᠴᠠ ᠬᠣᠶᠠᠷ ᠲᠠᠯ᠎ᠠ᠎ᠪᠠᠷ ᠵᠶ᠋ᠠᠨ ᠴᠥᠮ ᠥᠪᠡᠷ ᠥᠪᠡᠷ᠎ᠤᠨ ᠪᠤᠰᠤᠳ᠎ᠢ ᠬᠠᠷᠰᠢᠯᠠᠭᠰᠠᠨ ᠠᠵᠢᠯᠯᠠᠭ᠎ᠠ᠎ᠪᠠᠨ ᠵᠣᠭᠰᠣᠭ᠋ᠠᠵᠤ᠂ ᠥᠪᠡᠷᠰᠡᠳ᠎ᠤᠨ ᠭᠡᠷ᠎ᠲᠤ ᠣᠷᠣᠬᠤ ᠡᠭᠦᠳᠡ᠎ᠪᠠᠨ ᠤᠤᠯ ᠪᠠᠢ᠌ᠳᠠᠯ᠎ᠳᠤᠨᠢ ᠪᠤᠴᠠᠭ᠋ᠠᠨ ᠰᠡᠷᠭᠦᠭᠡᠬᠦ ᠬᠡᠷᠡᠭᠲᠡᠢ ᠭᠡᠵᠦ ᠰᠢᠭᠦᠨ ᠳᠠᠰᠤᠯᠵᠠᠢ᠃

      ᠪᠡᠭᠡᠵᠢᠩ ᠬᠣᠲᠠ ᠵᠢᠨ ᠭᠤᠷᠪᠠᠳᠤᠭ᠋ᠠᠷ ᠠᠷᠠᠳ᠎ᠤᠨ ᠳᠤᠮᠳᠠ ᠵᠡᠷᠭᠡ ᠵᠢᠨ ᠰᠢᠭᠦᠬᠦ ᠬᠣᠷᠢᠶ᠎ᠠ᠎ᠠᠴᠠ ᠰᠠᠨᠠᠭᠤᠯᠬᠤ᠎ᠳᠠᠭᠠᠨ᠂ ᠠᠰᠠᠷ᠎ᠢ ᠥᠭᠡᠷᠡᠴᠢᠯᠡᠨ ᠰᠢᠨᠡᠳᠬᠡᠬᠦ ᠵᠢᠷᠤᠭ ᠲᠥᠯᠥᠪᠯᠡᠭᠡ ᠵᠢᠨ ᠲᠥᠰᠥᠯ᠎ᠳᠤ ᠪᠦᠲᠦᠴᠡ ᠵᠢᠨ ᠠᠮᠤᠷ ᠲᠦᠪᠰᠢᠨ᠎ᠢ ᠦᠨᠡᠨ ᠬᠦ᠌ ᠪᠠᠲᠤᠯᠠᠵᠤ᠂ ᠲᠤᠯᠭ᠋ᠠᠭᠤᠷ ᠬᠡᠷᠡᠮ᠂ ᠨᠢᠷᠤᠭᠤᠨ᠎ᠤ ᠲᠤᠯᠭ᠋ᠠᠭᠤᠷ ᠵᠡᠷᠭᠡ ᠵᠠᠩᠭᠢᠯᠠᠭ᠎ᠠ ᠵᠢᠨ ᠪᠦᠲᠦᠴᠡ ᠵᠢᠨ ᠲᠣᠨᠣᠭᠯᠠᠭ᠋ᠠᠰᠤ ᠵᠢ ᠳᠤᠷ᠎ᠠ᠎ᠪᠠᠷ ᠵᠶ᠋ᠠᠨ ᠬᠤᠪᠢᠷᠠᠭᠤᠯᠬᠤ ᠪᠤᠶᠤ ᠨᠤᠷᠠᠭ᠋ᠠᠵᠤ ᠪᠤᠯᠬᠤ ᠦᠭᠡᠢ;  ᠲᠣᠭᠣᠭ᠋ᠠᠨ ᠭᠡᠷ᠂ ᠠᠷᠢᠭᠤᠨ ᠴᠡᠪᠡᠷ᠎ᠤᠨ ᠲᠠᠰᠤᠯᠭ᠎ᠠ ᠵᠡᠷᠭᠡ ᠣᠨᠴᠠᠭ᠋ᠠᠶ ᠦᠢ᠍ᠯᠡᠳᠦᠯ᠎ᠲᠠᠢ ᠣᠷᠣᠨ᠎ᠤ ᠣᠷᠣᠨ ᠪᠠᠢ᠌ᠷᠢ ᠵᠢ ᠳᠤᠷ᠎ᠠ᠎ᠪᠠᠷ ᠵᠶ᠋ᠠᠨ ᠰᠣᠯᠢᠵᠤ ᠪᠤᠯᠬᠤ ᠦᠭᠡᠢ᠃ 

ᠢᠷᠡᠯᠲᠡ᠄ᠳᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            