ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠣᠶᠤᠲᠠᠳ ᠠᠵᠢᠯ ᠡᠷᠢᠬᠦ 《ᠤᠨᠠᠭᠤᠯᠢ》᠎ᠠᠴᠠ ᠬᠢᠴᠢᠶᠡᠭᠡᠷᠡᠢ
ᠨᠡᠶ᠋ᠢᠲᠡᠯᠡᠭᠰᠡᠨ ᠴᠠᠭ᠄ 2024-07-30

      ᠣᠢ᠌ᠷ᠎ᠠ᠎ᠳᠤ᠂ ᠦᠬᠠᠢ ᠨᠤᠲᠤᠭᠲᠠᠢ ᠣᠶᠤᠲᠠᠨ ᠯᠢ ᠣᠪᠣᠭᠲᠤ ᠦᠬᠠᠢ ᠬᠤᠳᠠ ᠵᠢᠨ ᠲᠤᠬᠠᠢ ᠵᠢᠨ ᠭᠠᠵᠠᠷ᠎ᠤᠨ ᠨᠢᠭᠡᠨ ᠵᠢᠷᠭᠢᠶ᠎ᠡ ᠵᠢᠨ ᠤᠯᠠᠨ ᠨᠡᠢ᠌ᠳᠡ ᠵᠢᠨ ᠳ᠋ᠤᠭ᠋ᠠᠷ᠎ᠠᠴᠠ ᠨᠢᠭᠡᠨ ᠺᠤᠮᠫᠠᠨᠢ ᠵᠢᠨ ᠠᠵᠢᠯᠲᠠᠨ ᠡᠯᠰᠡᠬᠦ ᠮᠡᠳᠡᠭᠡ

ᠵᠠᠩᠭᠢ ᠵᠢ ᠣᠯᠵᠤ ᠦᠵᠡᠭᠡᠳ᠂ ᠴᠠᠯᠢᠩ ᠮᠥᠩᠭᠥ᠎ᠨᠢ ᠥᠨᠳᠥᠷ ᠪᠣᠯᠬᠣᠷ ᠰᠦᠯᠵᠢᠶᠡᠨ ᠳᠡᠭᠡᠷ᠎ᠡ ᠬᠤᠪᠢ ᠬᠥᠮᠥᠨ᠎ᠤ ᠲᠣᠪᠴᠢ ᠨᠠᠮᠲᠠᠷ ᠵᠢᠡᠨ ᠳᠡᠪᠰᠢᠭᠦᠯᠪᠡ᠃ ᠳᠡᠮᠡᠢ ᠤᠳᠠᠯ ᠦᠭᠡᠢ ᠨᠢᠭᠤᠷᠳᠠᠨ ᠰᠢᠯᠭ᠋ᠠᠬᠤ ᠭᠣᠭᠴᠣᠭ᠎ᠠ ᠪᠣᠯᠵᠤ᠂ ᠳᠤᠰ ᠺᠤᠮᠫᠠᠨᠢ ᠵᠢᠨ 《ᠨᠢᠭᠤᠷᠳᠠᠨ ᠰᠢᠯᠭ᠋ᠠᠬᠤ ᠳᠠᠷᠤᠭ᠎ᠠ》᠎ᠠᠴᠠ ᠲᠡᠭᠦᠨ᠎ᠢ ᠺᠤᠮᠫᠠᠨᠢ᠎ᠳᠤ ᠠᠵᠢᠯᠯᠠᠵᠤ ᠪᠣᠯᠣᠨ᠎ᠠ᠂ ᠭᠡᠪᠡᠴᠦ ᠣᠳᠣᠬᠠᠨ᠎ᠳᠤ ᠺᠤᠮᠫᠠᠨᠢ ᠵᠢᠨ ᠠᠯᠪᠠᠯᠠᠬᠤ ᠭᠠᠵᠠᠷ᠎ᠢ ᠶᠠᠭ ᠵᠠᠰᠠᠨ ᠴᠢᠮᠡᠭᠯᠡᠵᠦ ᠪᠠᠢ᠌ᠭ᠎ᠠ ᠪᠣᠯᠬᠣᠷ ᠰᠦᠯᠵᠢᠶᠡᠨ ᠳᠡᠭᠡᠷ᠎ᠡ ᠠᠵᠢᠯᠯᠠᠪᠠᠯ ᠪᠣᠯᠴᠢᠬᠠᠨ᠎ᠠ ᠭᠡᠵᠡᠢ᠃

      ᠯᠢ ᠣᠪᠣᠭᠲᠤ ᠡᠬᠢᠯᠡᠨ ᠠᠵᠢᠯᠯᠠᠭᠰᠠᠨ᠎ᠤ ᠳᠠᠷᠠᠭ᠎ᠠ᠂ 《ᠺᠤᠮᠫᠠᠨᠢ ᠵᠢᠨ ᠳᠠᠭ᠋ᠠᠭ᠋ᠠᠮᠠᠯ》᠎ᠠᠴᠠ ᠲᠡᠭᠦᠨ᠎ᠢ ᠲᠣᠭᠲᠠᠭᠰᠠᠨ ᠪᠠᠩᠬᠢ᠎ᠳᠤ ᠬᠦᠷᠴᠦ ᠪᠡᠶ᠎ᠡ ᠵᠢᠨ ᠦᠨᠡᠮᠯᠡᠯ ᠵᠢᠡᠷ ᠵᠢᠡᠨ ᠪᠠᠩᠬᠢ ᠵᠢᠨ ᠺᠠᠷᠲ ᠬᠢᠯᠭᠡᠬᠦ ᠵᠢ ᠱᠠᠭ᠋ᠠᠷᠳᠠᠪᠠ᠃ ᠯᠢ ᠣᠪᠣᠭᠲᠤ ᠺᠠᠷᠲ ᠬᠢᠯᠭᠡᠭᠰᠡᠨ᠎ᠤ ᠲᠠᠷᠠᠭ᠎ᠠ᠂ ᠲᠡᠭᠦᠨ᠎ᠳᠤ ᠺᠤᠮᠫᠠᠨᠢ ᠵᠢᠨ 《ᠪᠠᠷᠠᠭ᠋ᠠᠨ᠎ᠤ ᠵᠣᠭᠣᠰ》᠎ᠢ ᠲᠤᠰᠴᠤ ᠠᠪᠬᠤ ᠠᠵᠢᠯ ᠲᠣᠬᠢᠷᠠᠭᠤᠯᠵᠤ᠂ ᠯᠢ ᠣᠪᠣᠭᠲᠤ ᠵᠢᠨ ᠪᠠᠩᠬᠢ ᠵᠢᠨ ᠺᠠᠷᠲ᠎ᠲᠤ ᠵᠣᠭᠣᠰ ᠰᠢᠯᠵᠢᠭᠦᠯᠪᠡ᠃

      ᠦᠨᠡᠨ᠎ᠳᠡᠭᠡᠨ᠂ ᠳᠤᠰ ᠤᠳᠠᠭ᠎ᠠ ᠵᠢᠨ ᠠᠵᠢᠯᠲᠠᠨ ᠡᠯᠰᠡᠬᠦ ᠶᠠᠪᠤᠳᠠᠯ᠎ᠢ ᠮᠡᠬᠡᠯᠡᠭᠴᠢ᠎ᠠᠴᠠ ᠬᠠᠭᠤᠷᠮᠠᠭᠯᠠᠨ ᠵᠣᠬᠢᠶᠠᠵᠤ᠂ 《ᠪᠠᠷᠠᠭ᠋ᠠᠨ᠎ᠤ ᠵᠣᠭᠣᠰ》᠎ᠨᠢ ᠶᠠᠯᠠᠲᠤ ᠠᠵᠢᠯᠯᠠᠭ᠎ᠠ᠎ᠳᠤ ᠬᠣᠯᠪᠣᠭᠳᠠᠬᠤ ᠬᠠᠤᠯᠢ ᠪᠤᠰᠤ ᠪᠡᠯᠡ ᠮᠥᠩᠭᠥ ᠪᠠᠢ᠌ᠵᠤ᠂ ᠯᠢ ᠣᠪᠣᠭᠲᠤ ᠵᠢᠨ ᠪᠠᠩᠬᠢ ᠵᠢᠨ ᠺᠠᠷᠲ᠎ᠨᠢ 《ᠬᠡᠷᠡᠭ᠎ᠲᠤ ᠬᠣᠯᠪᠣᠭᠳᠠᠭᠰᠠᠨ ᠪᠠᠩᠬᠢ ᠵᠢᠨ ᠺᠠᠷᠲ》 ᠪᠣᠯᠵᠤ᠂ ᠯᠢ ᠣᠪᠣᠭᠲᠤ ᠴᠦ᠍ ᠮᠡᠬᠡᠯᠡᠯ᠎ᠤᠨ ᠬᠡᠷᠡᠭ᠎ᠲᠤ ᠬᠣᠯᠪᠣᠭᠳᠠᠭᠰᠠᠨ ᠪᠠᠢ᠌ᠨ᠎ᠠ᠃

      ᠴᠠᠭᠳᠠᠭ᠎ᠠ ᠵᠢᠨ ᠰᠠᠨᠠᠭᠤᠯᠤᠮᠵᠢ᠄ ᠣᠶᠤᠲᠠᠳ ᠠᠵᠢᠯ ᠡᠷᠢᠬᠦ᠎ᠳᠡᠭᠡᠨ ᠥᠪᠡᠷ᠎ᠤᠨ ᠤᠷ᠎ᠠ ᠴᠢᠳᠠᠪᠤᠷᠢ ᠵᠢᠨ ᠲᠦᠪᠰᠢᠨ ᠵᠢᠡᠨ ᠦᠨᠳᠦᠰᠦᠯᠡᠨ᠂ ᠥᠪᠡᠷ᠎ᠤᠨ ᠬᠦᠰᠡᠵᠦ ᠪᠠᠢ᠌ᠭ᠎ᠠ ᠬᠥᠯᠥᠰᠦ ᠣᠯᠭᠣᠮᠵᠢ᠎ᠪᠠᠨ ᠵᠣᠬᠢᠰᠲᠠᠢ ᠲᠣᠭᠲᠠᠭ᠋ᠠᠵᠤ᠂ ᠥᠨᠳᠥᠷ ᠴᠠᠯᠢᠩ ᠬᠥᠯᠥᠰᠦ ᠵᠢᠨ ᠥᠳᠥᠭᠡᠯᠭᠡ᠎ᠠᠴᠠ ᠪᠣᠯᠵᠤ ᠮᠡᠬᠡᠯᠡᠯ᠎ᠤᠨ 《ᠤᠨᠠᠭᠤᠯᠢ》᠎ᠳᠤ

ᠤᠨᠠᠬᠤ᠎ᠠᠴᠠ ᠵᠠᠢ᠌ᠯᠠᠰᠬᠢᠬᠦ ᠬᠡᠷᠡᠭᠲᠡᠢ᠃ ᠰᠡᠵᠢᠭᠯᠡᠯᠲᠡᠢ ᠬᠣᠯᠪᠣᠭ᠋ᠠᠰᠤ ᠵᠢ ᠬᠢᠴᠢᠶᠡᠮᠵᠢᠲᠡᠢ ᠬᠣᠯᠪᠣᠵᠤ᠂ ᠥᠨᠳᠥᠷ ᠬᠥᠯᠥᠰᠦ ᠣᠯᠭᠣᠮᠵᠢ᠎ᠪᠠᠷ ᠠᠵᠢᠯᠲᠠᠨ ᠡᠯᠰᠡᠬᠦ ᠶᠠᠪᠤᠳᠠᠯ᠎ᠳᠤ ᠰᠡᠷᠡᠮᠵᠢᠲᠡᠢ ᠬᠠᠨᠳᠤᠵᠤ᠂ ᠰᠦᠯᠵᠢᠶᠡᠨ᠎ᠤ ᠮᠡᠳᠡᠭᠡ

ᠵᠠᠩᠭᠢ ᠵᠢ ᠪᠣᠯᠭᠣᠮᠵᠢᠲᠠᠢ ᠬᠢᠨᠠᠨ ᠬᠠᠷᠭᠤᠭᠤᠯᠵᠤ᠂ ᠰᠣᠨᠣᠷ ᠰᠡᠷᠡᠮᠵᠢ᠎ᠪᠠᠨ ᠳᠡᠭᠡᠭᠰᠢᠯᠡᠭᠦᠯᠭᠦ ᠬᠡᠷᠡᠭᠲᠡᠢ᠃

ᠢᠷᠡᠯᠲᠡ᠄ᠳᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            