ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠨᠡ ᠭᠠᠷ ᠤᠲᠠᠰᠤ ᠵᠢ ᠵᠠᠯᠭ᠋ᠠᠵᠤ ᠨᠡᠪᠲᠡᠷᠡᠭᠦᠯᠪᠡᠯ ᠶᠠᠯ᠎ᠠ ᠬᠢᠭᠰᠡᠨ ᠵᠶ᠋ᠡᠷ ᠰᠡᠵᠢᠭᠯᠡᠭᠳᠡᠨ᠎ᠡ!
ᠨᠡᠶ᠋ᠢᠲᠡᠯᠡᠭᠰᠡᠨ ᠴᠠᠭ᠄ 2024-08-13

      ᠵᠦᠭᠡᠷ  ᠭᠠᠷ  ᠤᠲᠠᠰᠤ ᠵᠠᠯᠭ᠋ᠠᠵᠤ ᠨᠡᠪᠳᠡᠷᠡᠭᠦᠯᠵᠦ ᠯᠡ ᠪᠠᠢ᠌ᠪᠠᠯ  ᠨᠢᠭᠡ ᠴᠠᠭ᠎ᠲᠤ 300 ᠲᠥᠭᠥᠷᠢᠭ  ᠤᠯᠤᠨ᠎ᠠ ᠭᠡᠪᠡᠯ ᠲᠠ  ᠰᠡᠳᠬᠢᠯ ᠬᠥᠳᠡᠯᠦᠨ᠎ᠡ  ᠦᠦ?

      ᠭᠡᠶ᠎ᠡ ᠡᠨᠡ ᠬᠠᠷᠢᠨ ᠤᠨᠠᠭᠤᠯᠢ ᠪᠠᠢ᠌ᠵᠤ ᠮᠡᠳᠡᠨ᠎ᠡ ᠰᠢᠦ᠂ ᠶᠠᠭ᠋ᠠᠬᠢᠭᠰᠠᠨ ᠴᠤ᠌ ᠰᠡᠷᠡᠮᠵᠢᠯᠡᠬᠦ ᠬᠡᠷᠡᠭᠲᠡᠢ!  ᠡᠨᠡ ᠤᠲᠠᠰᠤ ᠵᠢ  ᠵᠠᠯᠭ᠋ᠠᠵᠤ ᠨᠡᠪᠲᠡᠷᠡᠭᠦᠯᠪᠡᠯ ᠴᠢ ᠳᠠᠷᠤᠢ ᠶᠠᠯ᠎ᠠ ᠬᠢᠭᠰᠡᠨ ᠵᠶ᠋ᠡᠷ ᠰᠡᠵᠢᠭᠯᠡᠭᠳᠡᠨ᠎ᠡ᠃

      6 ᠰᠠᠷ᠎ᠠ ᠵᠢᠨ ᠰᠡᠭᠦᠯᠴᠢ᠎ᠪᠠᠷ  ᠬᠤ᠌ ᠣᠪᠣᠭᠲᠤ ᠨᠠᠢ᠌ᠵᠠ ᠵᠢᠨ ᠲᠣᠭᠣᠷᠢᠭ᠎ᠲᠠᠭᠠᠨ ᠬᠣᠶᠠᠷ ᠭᠠᠷ ᠤᠲᠠᠰᠤ᠎ᠲᠠᠢ ᠯᠠ ᠪᠣᠯ ᠨᠢᠭᠡ ᠴᠠᠭ᠎ᠲᠤ 300 ᠲᠥᠭᠥᠷᠢᠭ ᠣᠯᠵᠤ᠂ ᠴᠠᠯᠢᠩ᠎ᠢ ᠡᠳᠦᠷ᠎ᠲᠤ ᠎ᠨᠢ  ᠪᠤᠳᠤᠵᠤ  ᠥᠭᠳᠡᠭ ᠭᠡᠰᠡᠨ  ᠵᠠᠷ᠎ᠢ ᠣᠯᠵᠤ ᠦᠵᠡᠭᠡᠳ ᠡᠢ᠌ᠮᠦ ᠳᠥᠭᠥᠮ ᠮᠥᠷᠲᠡᠭᠡᠨ ᠵᠣᠭᠣᠰ ᠲᠦᠷᠭᠡᠨ ᠣᠯᠳᠠᠭ ᠠᠵᠢᠯ᠎ᠳᠤ  ᠰᠡᠳᠬᠢᠯ  ᠬᠥᠳᠡᠯᠪᠡ᠃ ᠲᠡᠭᠡᠭᠡᠳ ᠰᠠᠨᠠᠭ᠋ᠠᠴᠢᠯᠠᠭ᠎ᠠ ᠎ᠲᠠᠢ᠎ᠪᠠᠷ ᠨᠥᠭᠥᠭᠡ ᠡᠲᠡᠭᠡᠳ᠎ᠲᠠᠢ ᠬᠠᠷᠢᠯᠴᠠᠭᠰᠠᠨ᠎ᠳᠤ ᠬᠤ᠌ ᠣᠪᠣᠭᠲᠤ᠎ᠳᠤ ᠬᠣᠶᠠᠷ ᠭᠠᠷ ᠤᠲᠠᠰᠤ  ᠥᠭᠴᠦ᠂  ᠲᠤᠰ ᠲᠤᠰ᠎ᠲᠤ ᠎ᠨᠢ ᠤᠲᠠᠰᠤᠳᠠᠭᠰᠠᠨ ᠪᠣᠯᠪᠠᠴᠤ ᠲᠡᠷᠡ ᠥᠪᠡᠷ ᠵᠶ᠋ᠡᠨ ᠬᠠᠷᠢᠨ 《ᠦᠭᠡ ᠬᠡᠯᠡᠬᠦ ᠴᠢᠬᠤᠯᠠ ᠦᠭᠡᠢ》  ᠪᠠᠢ᠌ᠵᠤ᠂ 《ᠤᠲᠠᠰᠤ ᠨᠡᠪᠲᠡᠷᠡᠳᠡᠭ ᠯᠡ ᠶᠤᠮ ᠪᠣᠯ ᠨᠢᠭᠡ  ᠤᠳᠠᠭ᠋ᠠᠨ᠎ᠤ ᠡᠭᠦᠷᠭᠡ ᠵᠢ  ᠪᠡᠶᠡᠯᠡᠭᠦᠯᠦᠭᠰᠡᠨ᠎ᠳᠤ  ᠲᠣᠭ᠋ᠠᠴᠠᠨ᠎ᠠ》᠃ 《ᠪᠢ ᠪᠣᠯ  ᠪᠠᠭ᠎ᠠ ᠨᠠᠰᠤᠨ᠎ᠤ  ᠰᠤᠷᠭ᠋ᠠᠨ ᠬᠥᠮᠦᠵᠢᠯ᠎ᠤᠨ ᠪᠠᠢ᠌ᠭᠤᠯᠤᠮᠵᠢ ᠵᠢᠨ  ᠦᠢ᠍ᠯᠡᠴᠢᠯᠡᠭᠴᠢ ᠪᠠᠢ᠌ᠨ᠎ᠠ᠂  ᠲᠠᠨ᠎ᠤ ᠬᠤᠳᠠᠯᠳᠤᠨ ᠠᠪᠤᠭᠰᠠᠨ ᠬᠢᠴᠢᠶᠡᠯ᠎ᠤᠨ ᠵᠣᠭᠣᠰ᠎ᠢ ᠪᠤᠴᠠᠭ᠋ᠠᠬᠤ ᠬᠡᠷᠡᠭᠲᠡᠢ  ᠪᠣᠯᠵᠠᠢ》᠂ 《ᠪᠢ ᠪᠣᠯ ᠵᠠᠭᠤᠨ ᠲᠦᠮᠡᠨ ᠪᠠᠲᠤᠯᠠᠭ᠎ᠠ  ᠲᠠᠪᠴᠠᠩ᠎ᠤᠨ ᠦᠢ᠍ᠯᠡᠴᠢᠯᠡᠭᠴᠢ ᠪᠠᠢ᠌ᠨ᠎ᠠ᠂ ᠲᠠ ᠡᠨᠡᠬᠦ ᠦᠢ᠍ᠯᠡᠴᠢᠯᠡᠭᠡ ᠵᠢ ᠬᠠᠭ᠋ᠠᠬᠤ ᠦᠭᠡᠢ ᠪᠣᠯ ᠵᠣᠭᠣᠰ᠎ᠢ ᠎ᠨᠢ  ᠰᠠᠭᠤᠯᠭ᠋ᠠᠨ ᠠᠪᠤᠨ᠎ᠠ》 ᠭᠡᠬᠦ ᠤᠲᠠᠰᠤᠨ᠎ᠤ ᠴᠠᠭ᠋ᠠᠨᠠᠬᠢ ᠠᠳᠠᠯᠢ ᠪᠤᠰᠤ ᠦᠢ᠍ᠯᠡᠴᠢᠯᠡᠭᠴᠢ  ᠵᠢᠨ  ᠶᠠᠷᠢᠬᠤ ᠵᠢ ᠰᠣᠨᠣᠰᠤᠭ᠋ᠠᠳ ᠬᠤ᠌ ᠣᠪᠣᠭᠲᠤ ᠰᠠᠶᠢ ᠤᠤᠯ᠎ᠨᠢ ᠬᠣᠶᠠᠷ ᠭᠠᠷ ᠤᠲᠠᠰᠤ  ᠬᠡᠷᠡᠭᠡᠯᠳᠡᠭ᠎ᠨᠢ ᠨᠥᠭᠥᠭᠡ ᠡᠲᠡᠭᠡᠳ᠎ᠤᠨ ᠵᠶ᠋ᠡᠨ ᠳ᠋ᠢᠶᠠᠩᠬᠤᠸᠠ ᠵᠢᠨ ᠬᠠᠷᠢᠶᠠᠯᠠᠭᠳᠠᠬᠤ ᠭᠠᠵᠠᠷ᠎ᠢ ᠳᠠᠯᠳᠠᠯᠠᠬᠤ ᠵᠢᠨ ᠲᠥᠯᠥᠭᠡ ᠨᠢᠭᠡ ᠭᠠᠷ ᠤᠲᠠᠰᠤ᠎ᠪᠠᠷ ᠣᠪᠯᠠᠭᠰᠠᠨ  ᠠᠳᠠᠯᠢ ᠪᠤᠰᠤ ᠦᠢ᠍ᠯᠡᠴᠢᠯᠡᠭᠴᠢ᠎ᠲᠠᠢ ᠬᠠᠷᠢᠯᠴᠠᠵᠤ᠂ ᠨᠥᠭᠥᠭᠡ ᠨᠢᠭᠡ ᠭᠠᠷ ᠤᠲᠠᠰᠤ᠎ᠪᠠᠷ ᠬᠣᠬᠢᠷᠠᠯ ᠠᠮᠰᠠᠭᠴᠢ ᠵᠢᠨ ᠤᠲᠠᠰᠤ ᠵᠢ  ᠵᠠᠯᠭ᠋ᠠᠨ᠎ᠠ᠃  ᠡᠢ᠌ᠮᠦ 《ᠳᠥᠭᠥᠮ》 ᠬᠢᠳᠡᠯ᠎ᠢ  ᠬᠠᠷᠠᠭ᠋ᠠᠳ ᠬᠤ᠌ ᠣᠪᠣᠭᠲᠤ  ᠡᠨᠡ ᠭᠡᠨᠡᠨ ᠵᠠᠮ᠎ᠢ ᠰᠣᠩᠭᠣᠵᠠᠢ᠃ 《ᠡᠬᠢᠯᠡᠩᠭᠦᠲᠡ᠎ᠪᠠᠨ ᠪᠢ ᠴᠦ᠍ ᠡᠨᠡ ᠬᠦ᠌ ᠠᠵᠢᠯ᠎ᠢ ᠬᠢᠬᠦ᠎ᠨᠢ ᠠᠶᠤᠯ ᠲᠦᠭᠰᠢᠭᠦᠷᠢ᠎ᠲᠠᠢ ᠭᠡᠵᠦ ᠪᠤᠳᠤᠭ᠋ᠠᠳ ᠶᠡᠬᠡ ᠠᠶᠤᠵᠤ ᠪᠠᠢ᠌ᠭᠰᠠᠨ᠃  ᠭᠡᠪᠡᠴᠦ ᠣᠷᠣᠯᠭ᠎ᠠ᠎ᠨᠢ ᠨᠡᠯᠢᠶᠡᠳ ᠥᠨᠳᠥᠷ᠂ ᠪᠢ ᠠᠷᠪᠠᠨ ᠬᠡᠳᠦᠨ ᠡᠳᠦᠷ ᠠᠵᠢᠯᠯᠠᠭ᠋ᠠᠳ ᠪᠠᠷᠤᠭ 3000 ᠲᠥᠭᠥᠷᠢᠭ  ᠣᠯᠣᠭᠰᠠᠨ ᠪᠣᠯᠬᠣᠷ ᠲᠡᠶ᠋ᠢᠮᠦ ᠠᠷᠪᠢᠨ ᠶᠠᠭᠤᠮ᠎ᠠ ᠪᠣᠳᠣᠭᠰᠠᠨ ᠦᠭᠡᠢ ᠁》 ᠭᠡᠵᠦ ᠬᠡᠯᠡᠪᠡ᠃

      ᠣᠢ᠌ᠷ᠎ᠠ᠎ᠳᠤ᠂ ᠵᠣᠨ᠎ᠤ ᠤᠯᠠᠷᠢᠯ᠎ᠤᠨ ᠠᠮᠤᠷ᠎ᠢ ᠬᠠᠮᠠᠭ᠋ᠠᠯᠠᠬᠤ ᠴᠣᠬᠢᠯᠲᠠ ᠥᠭᠴᠦ ᠴᠡᠭᠴᠡᠯᠡᠨ ᠵᠠᠰᠠᠬᠤ ᠠᠵᠢᠯᠯᠠᠭ᠎ᠠ ᠳᠤᠮᠳᠠ ᠵᠧᠵᠢᠶᠠᠩ᠎ᠤᠨ ᠵᠢᠶᠠᠰᠢᠩ᠎ᠤᠨ ᠫᠢᠩ  ᠬᠤ᠌ ᠵᠢᠨ ᠴᠠᠭᠳᠠᠭ᠋ᠠᠨ᠎ᠤ ᠲᠠᠯ᠎ᠠ ᠵᠢᠨ᠎ᠬᠢᠨ ᠬᠠᠩᠭ᠋ᠠᠭᠰᠠᠨ ᠰᠦᠪᠡᠭᠴᠢ ᠵᠢ ᠦᠨᠳᠦᠰᠦᠯᠡᠨ  ᠬᠤ᠌ ᠣᠪᠣᠭᠲᠤ ᠵᠢᠨ ᠬᠡᠷᠡᠭ ᠬᠢᠭᠰᠡᠨ ᠬᠣᠶᠠᠷ ᠭᠠᠷ ᠤᠲᠠᠰᠤᠨ᠎ᠤ ᠺᠠᠷᠲ  ᠪᠠ ᠬᠠᠤᠯᠢ ᠪᠤᠰᠤ  ᠣᠷᠣᠯᠭ᠎ᠠ ᠵᠢ  ᠪᠦᠬᠦᠨ᠎ᠢ ᠬᠣᠷᠢᠶᠠᠨ ᠠᠪᠴᠠᠢ᠃ ᠬᠤ᠌  ᠣᠪᠣᠭᠲᠤ ᠵᠢᠨ ᠣᠷᠣᠯᠴᠠᠭᠰᠠᠨ ᠡᠨᠡ ᠬᠦ᠌ ᠠᠵᠢᠯ  ᠪᠣᠯ ᠦᠨᠡᠨ᠎ᠳᠡᠭᠡᠨ ᠨᠢᠭᠡ ᠵᠦᠢ᠍ᠯ᠎ᠤᠨ ᠰᠢᠨ᠎ᠡ ᠬᠡᠯᠪᠡᠷᠢ ᠵᠢᠨ ᠮᠡᠬᠡᠯᠡᠬᠦ ᠠᠷᠭ᠎ᠠ — 《ᠭᠠᠷ ᠤᠲᠠᠰᠤᠨ᠎ᠤ ᠠᠮᠠᠰᠠᠷ》᠎ᠢ  ᠲᠠᠲᠠᠵᠤ ᠲᠠᠭ᠋ᠠᠷᠠᠭᠤᠯᠤᠭᠰᠠᠨ ᠶᠠᠪᠤᠳᠠᠯ ᠪᠣᠯᠣᠨ᠎ᠠ᠃ ᠮᠡᠬᠡᠯᠡᠭᠴᠢ 《ᠥᠨᠳᠥᠷ ᠴᠠᠯᠢᠩ》 ᠵᠢᠡᠷ ᠥᠭᠶᠥᠭᠡ ᠪᠣᠯᠭ᠋ᠠᠵᠤ᠂  ᠠᠵᠢᠯ ᠡᠷᠢᠭᠴᠢ  ᠬᠣᠶᠠᠷ ᠭᠠᠷ  ᠤᠲᠠᠰᠤ ᠪᠡᠯᠡᠳᠬᠡᠵᠦ᠂  ᠨᠢᠭᠡ᠎ᠨᠢ ᠮᠡᠬᠡᠯᠡᠭᠴᠢ᠎ᠲᠠᠢ  ᠨᠡᠪᠲᠡᠷᠡᠭᠦᠯᠵᠦ᠂ ᠨᠥᠭᠥᠭᠡ ᠨᠢᠭᠡ᠎ᠨᠢ  ᠮᠡᠬᠡᠯᠡᠭᠳᠡᠭᠴᠢ ᠵᠢᠨ ᠭᠠᠷ  ᠤᠲᠠᠰᠤ ᠵᠢ ᠨᠡᠪᠲᠡᠷᠡᠭᠦᠯᠵᠦ᠂ ᠤᠲᠠᠰᠤᠨ᠎ᠤ ᠨᠡᠪᠲᠡᠷᠡᠬᠦ ᠶᠠᠷᠢᠯᠴᠠᠭ᠎ᠠ ᠵᠢ ᠭᠠᠳᠠᠭᠰᠢ ᠲᠠᠯᠪᠢᠬᠤ ᠪᠤᠶᠤ ᠬᠣᠶᠠᠷ ᠭᠠᠷ ᠤᠳᠠᠰᠤᠨ᠎ᠤ ᠶᠠᠷᠢᠯᠴᠠᠭ᠎ᠠ ᠵᠢ ᠬᠠᠷᠢᠯᠴᠠᠨ ᠰᠢᠩᠭᠡᠭᠡᠬᠦ ᠠᠷᠭ᠎ᠠ᠎ᠪᠠᠷ᠂  ᠬᠢᠯᠢ ᠵᠢᠨ ᠭᠠᠳᠠᠨᠠᠬᠢ ᠤᠲᠠᠰᠤ ᠵᠢ ᠤᠯᠤᠰ᠎ᠤᠨ ᠳᠣᠲᠣᠭ᠋ᠠᠳᠤ ᠵᠢᠨ ᠤᠲᠠᠰᠤᠨ᠎ᠤ ᠨᠣᠮᠧᠷ  ᠪᠣᠯᠭ᠋ᠠᠵᠤ ᠮᠡᠬᠡᠯᠡᠯ ᠶᠠᠪᠤᠭᠤᠯᠳᠠᠭ᠂ ᠮᠡᠬᠡᠯᠡᠭᠴᠢ ᠶᠡᠷᠦ᠎ᠳᠡᠭᠡᠨ 《ᠭᠠᠷ ᠤᠲᠠᠰᠤᠨ᠎ᠤ ᠠᠮᠠᠰᠠᠷ》᠎ᠤᠨ ᠲᠤᠬᠠᠢ᠌ᠯᠠᠭᠰᠠᠨ ᠠᠵᠢᠯ᠎ᠢ 《ᠥᠨᠳᠥᠷ ᠴᠠᠯᠢᠩ᠎ᠲᠠᠢ》  ᠬᠠᠪᠰᠤᠷᠭ᠋ᠠᠵᠤ᠂ ᠵᠣᠭᠣᠰ᠎ᠤᠨ  ᠬᠡᠷᠡᠭᠴᠡᠭᠡ ᠪᠠᠴᠢᠮ ᠪᠠᠢ᠌ᠬᠤ ᠰᠦᠯᠵᠢᠶᠡᠨ᠎ᠤ ᠨᠠᠢ᠌ᠵᠠ ᠵᠢ  ᠤᠷᠠᠬᠠᠨ᠎ᠳᠤ᠎ᠪᠠᠨ ᠣᠷᠣᠭᠤᠯᠳᠠᠭ᠃

      ᠴᠠᠭᠳᠠᠭ᠋ᠠᠨ᠎ᠤ ᠲᠠᠯ᠎ᠠ ᠵᠢᠨ᠎ᠬᠢᠨ᠎ᠠᠴᠠ  ᠪᠤᠰᠤᠳ ᠬᠥᠮᠥᠨ᠎ᠤ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠶᠠᠯᠠᠲᠤ ᠠᠵᠢᠯᠯᠠᠭ᠎ᠠ ᠬᠢᠵᠦ ᠪᠠᠢ᠌ᠬᠤ ᠵᠢ ᠲᠣᠳᠣᠷᠬᠠᠢ ᠮᠡᠳᠡᠵᠦ ᠪᠠᠢ᠌ᠭ᠋ᠠᠳ ᠳᠠᠭᠤᠳᠠᠨ ᠳᠠᠮᠵᠢᠭᠤᠯᠬᠤ ᠲᠥᠬᠦᠭᠡᠷᠦᠮᠵᠢ ᠵᠢ ᠲᠠᠲᠠᠵᠤ ᠲᠠᠭ᠋ᠠᠷᠠᠭᠤᠯᠬᠤ᠂ ᠮᠡᠬᠡᠯᠡᠯ᠎ᠤᠨ ᠤᠲᠠᠰᠤ ᠵᠢ ᠪᠥᠭᠡᠮ ᠵᠶ᠋ᠡᠷ ᠤᠲᠠᠰᠤᠳᠠᠬᠤ ᠪᠤᠶᠤ ᠭᠠᠷ ᠤᠲᠠᠰᠤᠨ᠎ᠤ ᠺᠠᠷᠲ᠂ ᠴᠢᠮᠡᠭᠡ  ᠬᠣᠯᠪᠣᠭ᠋ᠠᠨ᠎ᠤ ᠪᠠᠭ᠋ᠠᠵᠢ ᠵᠢ ᠬᠠᠩᠭ᠋ᠠᠵᠤ ᠥᠭᠬᠦ᠎ᠳᠤ ᠬᠠᠪᠰᠤᠷᠤᠯᠭ᠎ᠠ ᠦᠵᠡᠭᠦᠯᠦᠭᠰᠡᠨ ᠪᠠᠢ᠌ᠪᠠᠯ ᠬᠠᠷᠠᠮᠵᠢ ᠣᠯᠣᠭᠰᠠᠨ ᠡᠰᠡᠬᠦ ᠎ᠲᠠᠢ ᠬᠠᠮᠢᠶ᠎ᠠ ᠦᠭᠡᠢ᠂  ᠴᠥᠮ ᠬᠠᠤᠯᠢ᠎ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠬᠢᠭᠰᠡᠨ ᠰᠡᠵᠢᠭᠯᠡᠯᠲᠡᠢ ᠪᠠᠢ᠌ᠵᠤ᠂ ᠵᠣᠬᠢᠬᠤ ᠬᠠᠷᠢᠭᠤᠴᠠᠯᠭ᠎ᠠ ᠵᠢ ᠬᠠᠤᠯᠢ ᠶᠣᠰᠣᠭ᠋ᠠᠷ ᠨᠡᠬᠡᠮᠵᠢᠯᠡᠨ᠎ᠡ  ᠭᠡᠵᠦ ᠰᠠᠨᠠᠭᠤᠯᠵᠤ ᠪᠠᠢ᠌ᠨ᠎ᠠ᠃

ᠢᠷᠡᠯᠲᠡ᠄ᠠᠷᠠᠳ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
 
            