ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠲᠠᠨᠢᠯ ᠬᠥᠮᠥᠨ᠎ᠤ᠎ᠪᠠᠨ ᠵᠠᠰᠠᠯ ᠴᠢᠮᠡᠭ᠎ᠢ ᠬᠤᠯᠠᠭ᠋ᠠᠢ᠌ᠯᠠᠭ᠋ᠠᠳ ᠪᠠᠷᠢᠪᠴᠢᠯᠠᠭᠳᠠᠪᠠ
ᠨᠡᠶ᠋ᠢᠲᠡᠯᠡᠭᠰᠡᠨ ᠴᠠᠭ᠄ 2025-03-08

      ᠲᠦᠷᠦᠭᠦᠬᠡᠨ᠂ ᠭᠦᠭᠡᠬᠤᠳᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠠᠵᠤ ᠠᠬᠤᠢ

ᠮᠡᠷᠭᠡᠵᠢᠯ᠎ᠤᠨ ᠨᠡᠭᠡᠭᠡᠯᠲᠡ ᠵᠢᠨ ᠲᠣᠭᠣᠷᠢᠭ᠎ᠤᠨ ᠬᠤᠪᠢᠶᠠᠷᠢ ᠲᠣᠪᠴᠢᠶ᠎ᠠ ᠵᠢᠨ᠎ᠬᠢᠨ 《ᠮᠢᠨᠤ ᠭᠡᠷ᠎ᠲᠤ ᠬᠤᠯᠠᠭ᠋ᠠᠢ᠌ᠴᠢ ᠣᠷᠣᠵᠤ᠂ ᠠᠯᠳᠠ ᠮᠥᠩᠭᠥ ᠵᠢᠨ ᠵᠠᠰᠠᠯ ᠴᠢᠮᠡᠭ ᠴᠥᠮ ᠠᠯᠠᠭ᠎ᠠ ᠪᠣᠯᠴᠢᠬᠠᠵᠠᠢ》 ᠭᠡᠰᠡᠨ ᠨᠢᠭᠡᠨ ᠡᠮᠡᠭᠲᠡᠢ ᠵᠢᠨ ᠬᠡᠷᠡᠭ᠎ᠤᠨ ᠮᠡᠳᠡᠭᠦᠯᠦᠯᠲᠡ ᠵᠢ ᠳᠤᠰᠪᠠ᠃

      ᠬᠡᠷᠡᠭ ᠮᠡᠳᠡᠭᠦᠯᠦᠭᠴᠢ ᠴᠠᠩ ᠠᠪᠠᠬᠠᠢ᠄ 《ᠪᠢ ᠦᠨ᠎ᠡ ᠪᠡᠨ᠎ᠡ᠎ᠲᠠᠢ ᠵᠠᠰᠠᠯ ᠴᠢᠮᠡᠭ ᠵᠢᠡᠨ ᠴᠥᠮ ᠵᠠᠰᠠᠯ᠎ᠤᠨ ᠰᠢᠷᠡᠭᠡᠨ ᠳᠡᠭᠡᠷ᠎ᠡ᠎ᠪᠠᠨ ᠲᠠᠯᠪᠢᠳᠠᠭ᠂ ᠥᠨᠥ ᠣᠷᠣᠢ ᠭᠡᠷ᠎ᠲᠡᠭᠡᠨ ᠬᠠᠷᠢᠬᠤ᠎ᠳᠤ ᠬᠡᠳᠦᠨ ᠠᠯᠳᠠᠨ ᠵᠠᠰᠠᠯ ᠴᠢᠮᠡᠭ ᠴᠥᠮ ᠠᠯᠠᠭ᠎ᠠ ᠪᠣᠯᠵᠠᠢ》 ᠭᠡᠵᠦ ᠶᠠᠷᠢᠨ᠎ᠠ᠃

      ᠴᠠᠭᠳᠠᠭ᠎ᠠ ᠨᠠᠷ ᠠᠬᠤᠢ ᠲᠠᠯᠠᠪᠠᠢ᠎ᠳᠤ ᠬᠠᠢ᠌ᠨ ᠪᠠᠢ᠌ᠴᠠᠭ᠋ᠠᠬᠤ᠎ᠪᠠᠷ ᠲᠠᠮᠵᠢᠨ᠂ ᠬᠤᠯᠠᠭ᠋ᠠᠢ᠌ᠯᠠᠭᠳᠠᠭᠰᠠᠨ ᠠᠬᠤᠢ ᠲᠠᠯᠠᠪᠠᠢ ᠵᠢᠨ ᠡᠭᠦᠳᠡ ᠴᠣᠩᠬᠣ ᠡᠪᠳᠡᠷᠡᠭᠰᠡᠨ ᠦᠭᠡᠢ᠂ ᠥᠷᠥᠭᠡᠨ ᠳᠣᠲᠣᠷᠠᠬᠢ ᠡᠳ᠋ ᠪᠣᠳᠠᠰ᠎ᠢ ᠡᠮᠬᠢ ᠴᠡᠭᠴᠡᠲᠡᠢ ᠲᠠᠯᠪᠢᠵᠤ᠂ ᠢᠯᠡᠷᠬᠡᠢ ᠣᠩᠭᠢᠴᠢᠭᠰᠠᠨ ᠪᠠᠢ᠌ᠳᠠᠯ ᠪᠠ ᠠᠯᠪᠠ᠎ᠪᠠᠷ ᠣᠷᠣᠭᠰᠠᠨ ᠣᠷᠣ ᠮᠥᠷ ᠦᠭᠡᠢ ᠪᠠᠢ᠌ᠯ᠎ᠠ᠃ ᠤᠯᠠᠨ ᠵᠢᠯ᠎ᠤᠨ ᠬᠡᠷᠡᠭ ᠰᠢᠢ᠍ᠳᠪᠦᠷᠢᠯᠡᠭᠰᠡᠨ ᠲᠤᠷᠰᠢᠯᠭ᠎ᠠ᠎ᠲᠠᠢ ᠴᠠᠭᠳᠠᠭ᠎ᠠ ᠸᠧᠢ ᠶᠦᠩ ᠭᠤᠸᠠᠩ᠄ 《ᠠᠬᠤᠢ ᠲᠠᠯᠠᠪᠠᠢ ᠵᠢᠨ ᠪᠠᠢ᠌ᠳᠠᠯ᠎ᠠᠴᠠ ᠦᠵᠡᠪᠡᠯ᠂ ᠶᠠᠯ᠎ᠠ ᠵᠢᠨ ᠰᠡᠵᠢᠭᠲᠡᠨ ᠪᠠᠷᠤᠭ ᠲᠠᠨᠢᠯ ᠬᠥᠮᠥᠨ ᠪᠠᠢ᠌ᠬᠤ ᠪᠣᠯᠣᠮᠵᠢ᠎ᠲᠠᠢ》 ᠭᠡᠵᠦ ᠮᠠᠭ᠋ᠠᠳᠯᠠᠪᠠ᠃

      ᠲᠠᠩᠨᠠᠨ ᠪᠠᠢ᠌ᠴᠠᠭ᠋ᠠᠬᠤ ᠴᠢᠭᠯᠡᠯ ᠵᠢᠡᠨ ᠲᠣᠳᠣᠷᠬᠠᠢ᠌ᠯᠠᠭᠰᠠᠨ᠎ᠤ ᠲᠠᠷᠠᠭ᠎ᠠ᠂ ᠴᠠᠭᠳᠠᠭ᠎ᠠ ᠨᠠᠷ ᠬᠣᠶᠠᠷ ᠵᠠᠮ ᠬᠤᠪᠢᠶᠠᠨ ᠠᠵᠢᠯᠯᠠᠪᠠ᠃ ᠨᠢᠭᠡ ᠵᠠᠮ᠎ᠤᠨ ᠴᠠᠭᠳᠠᠭ᠎ᠠ ᠨᠠᠷ ᠠᠬᠤᠢ ᠲᠠᠯᠠᠪᠠᠢ ᠵᠢᠨ ᠡᠷᠭᠢᠨ ᠲᠣᠭᠣᠷᠢᠨ᠎ᠤ ᠤᠯᠠᠨ ᠨᠡᠢ᠌ᠳᠡ ᠵᠢᠨ ᠸᠢᠳᠢᠤ᠋ ᠵᠢ ᠭᠠᠷᠭ᠋ᠠᠨ ᠠᠪᠴᠤ ᠦᠵᠡᠪᠡ᠃ ᠨᠦᠭᠦᠭᠡ ᠨᠢᠭᠡ ᠵᠠᠮ᠎ᠤᠨ ᠴᠠᠭᠳᠠᠭ᠎ᠠ ᠨᠠᠷ ᠴᠠᠩ

ᠠᠪᠠᠬᠠᠢ ᠵᠢᠨ ᠣᠢ᠌ᠷ᠎ᠠ ᠵᠢᠨ ᠬᠤᠭᠤᠴᠠᠭ᠋ᠠᠨ᠎ᠳᠤ ᠶᠠᠪᠤᠯᠴᠠᠵᠤ ᠥᠩᠭᠡᠷᠡᠭᠰᠡᠨ ᠨᠠᠢ᠌ᠵᠠ ᠨᠥᠬᠥᠳ᠎ᠢ ᠪᠠᠢ᠌ᠴᠠᠭ᠋ᠠᠪᠠ᠃

      4 ᠴᠠᠭ ᠭᠠᠷᠤᠢ ᠵᠢᠨ ᠪᠠᠢ᠌ᠴᠠᠭ᠋ᠠᠯᠲᠠ᠎ᠪᠠᠷ ᠲᠠᠮᠵᠢᠨ᠂ ᠴᠠᠭᠳᠠᠭ᠎ᠠ ᠨᠠᠷ ᠬᠡᠷᠡᠭ ᠭᠠᠷᠤᠭᠰᠠᠨ ᠴᠠᠭ᠎ᠲᠤ ᠮᠠ ᠣᠪᠣᠭᠲᠤ ᠡᠷᠡᠭᠲᠡᠢ ᠴᠠᠩ ᠠᠪᠠᠬᠠᠢ ᠵᠢᠨ ᠭᠡᠷ᠎ᠤᠨ ᠡᠷᠭᠢᠨ ᠲᠣᠭᠣᠷᠢᠨ᠎ᠳᠤ ᠡᠷᠭᠢᠴᠡᠵᠦ ᠪᠠᠢ᠌ᠭ᠎ᠠ ᠵᠢ ᠣᠯᠵᠤ ᠮᠡᠳᠡᠪᠡ᠃ ᠪᠠᠢ᠌ᠴᠠᠭ᠋ᠠᠭᠰᠠᠨ ᠵᠢᠡᠷ᠂ ᠮᠠ ᠣᠪᠣᠭᠲᠤ ᠨᠠᠢ᠌ᠵᠠ᠎ᠪᠠᠷ ᠵᠢᠡᠨ ᠲᠠᠮᠵᠢᠨ ᠴᠠᠩ ᠠᠪᠠᠬᠠᠢ᠎ᠲᠠᠢ ᠲᠠᠨᠢᠯᠴᠠᠵᠤ᠂ ᠴᠠᠩ ᠠᠪᠠᠬᠠᠢ ᠵᠢᠨ ᠭᠡᠷ᠎ᠲᠤ ᠢᠷᠡᠵᠦ ᠥᠩᠭᠡᠷᠡᠵᠡᠢ᠃ ᠪᠠᠢ᠌ᠳᠠᠯ᠎ᠠᠴᠠ ᠦᠵᠡᠪᠡᠯ᠂ ᠮᠠ ᠣᠪᠣᠭᠲᠤ ᠬᠦᠨᠳᠦ ᠶᠡᠬᠡ ᠬᠡᠷᠡᠭ ᠦᠢ᠍ᠯᠡᠳᠦᠭᠰᠡᠨ ᠰᠡᠵᠢᠭᠯᠡᠯᠲᠡᠢ ᠪᠠᠢ᠌ᠵᠤ᠂ ᠴᠠᠭᠳᠠᠭ᠎ᠠ ᠨᠠᠷ ᠲᠡᠭᠦᠨ᠎ᠢ ᠳᠠᠭᠤᠳᠠᠪᠠ᠃

      ᠤᠤᠯ᠎ᠨᠢ᠂ ᠮᠠ ᠣᠪᠣᠭᠲᠤ ᠨᠠᠢ᠌ᠵᠠ᠎ᠪᠠᠨ ᠲᠠᠭ᠋ᠠᠵᠤ ᠴᠠᠩ ᠠᠪᠠᠬᠠᠢ ᠵᠢᠨ ᠭᠡᠷ᠎ᠲᠤ ᠬᠦᠷᠴᠦ᠂ ᠰᠠᠨᠠᠮᠰᠠᠷ

ᠦᠭᠡᠢ᠎ᠪᠠᠷ ᠵᠠᠰᠠᠯ᠎ᠤᠨ ᠰᠢᠷᠡᠭᠡᠨ ᠳᠡᠭᠡᠷᠡᠬᠢ ᠠᠯᠳᠠᠨ ᠰᠣᠨᠳᠣᠷ ᠵᠡᠷᠭᠡ ᠦᠨ᠎ᠡ᠎ᠲᠠᠢ ᠡᠳ᠋ ᠪᠣᠳᠠᠰ᠎ᠢ ᠣᠯᠵᠤ ᠬᠠᠷᠠᠨ᠂ ᠮᠠᠭᠤ ᠰᠠᠨᠠᠭ᠎ᠠ ᠡᠭᠦᠰᠴᠦ᠂ ᠲᠡᠭᠦᠨ᠎ᠤ ᠠᠩᠬᠠᠷᠤᠯ ᠦᠭᠡᠢ ᠵᠢ ᠳᠠᠯᠢᠮᠳᠠᠭᠤᠯᠤᠨ ᠭᠠᠷ᠎ᠤᠨ ᠠᠶ᠎ᠠ᠎ᠪᠠᠷ ᠰᠢᠭᠦᠷᠡᠪᠡ᠃ ᠣᠳᠣᠬᠠᠨ᠎ᠳᠤ᠂ ᠳᠤᠰ ᠬᠡᠷᠡᠭ᠎ᠢ ᠴᠢᠨᠠᠭᠰᠢᠳᠠ ᠰᠢᠢ᠍ᠳᠪᠦᠷᠢᠯᠡᠵᠦ ᠪᠤᠢ᠃ 

ᠢᠷᠡᠯᠲᠡ᠄ᠳᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            