ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ᠎ᠵᠢᠨ᠎ᠫᠢᠩ ᠲᠡᠯᠡᠬᠡᠢ᠎ᠶᠢᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠵᠥᠪᠯᠡᠯ᠎ᠦᠨ ᠲᠡᠷᠢᠭᠦᠯᠡᠭ᠌ᠴᠢ ᠺᠤᠤᠸᠧᠨᠴᠦ᠋ᠢ ᠪᠣᠯᠤᠨ ᠨᠠᠰᠤᠨ ᠲᠤᠷᠱᠢᠳᠠ᠎ᠶ᠋ᠢᠨ ᠨᠡᠷ᠎ᠡ ᠬᠦᠨᠳᠦᠲᠦ ᠲᠡᠷᠢᠭᠦᠯᠡᠭ᠌ᠴᠢ ᠪᠠᡁᠸ ᠲᠠᠢ ᠠᠭᠤᠯᠵᠠᠪᠠ
ᠨᠡᠶ᠋ᠢᠲᠡᠯᠡᠭᠰᠡᠨ ᠴᠠᠭ᠄ 2025-11-12

11 ᠰᠠᠷ᠎ᠠ᠎ᠶᠢᠨ 9 ᠤ᠋ ᠦᠳᠡ᠎ᠶᠢᠨ ᠬᠣᠢᠨ᠎ᠠ᠂ ᠤᠯᠤᠰ᠎ᠤᠨ ᠲᠡᠷᠢᠭᠦᠯᠡᠭ᠌ᠴᠢ ᠰᠢ᠎ᠵᠢᠨ᠎ᠫᠢᠩ ᠭᠤᠸᠠᠩᠵᠧᠦ᠍᠎ᠶᠢᠨ ᠪᠠᠢ ᠶᠦᠨ ᠤᠯᠠᠨ ᠤᠯᠤᠰ᠎ᠤᠨ ᠬᠤᠷᠠᠯ᠎ᠤᠨ ᠲᠥᠪ᠎ᠲᠦ ᠠᠷᠪᠠᠨ ᠲᠠᠪᠤᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠡᠬᠢᠯᠡᠯᠲᠡ᠎ᠶᠢᠨ ᠶᠣᠰᠣᠯᠠᠯ᠎ᠳᠤ ᠣᠷᠣᠯᠴᠠᠬᠤ᠎ᠪᠠᠷ ᠳᠤᠮᠳᠠᠳᠤ ᠤᠯᠤᠰ᠎ᠲᠤ ᠢᠷᠡᠭ᠌ᠰᠡᠨ ᠲᠡᠯᠡᠬᠡᠢ᠎ᠶᠢᠨ ᠣᠯᠢᠮᠫᠢᠺ᠎ᠤᠨ ᠪᠡᠶ᠎ᠡ᠎ᠶᠢᠨ ᠲᠠᠮᠢᠷ᠎ᠤᠨ ᠬᠥᠳᠡᠯᠭᠡᠭᠡᠨ᠎ᠦ ᠵᠥᠪᠯᠡᠯ᠎ᠦᠨ ᠲᠡᠷᠢᠭᠦᠯᠡᠭ᠌ᠴᠢ ᠺᠤᠤᠸᠧᠨᠴᠦ᠋ᠢ ᠪᠣᠯᠤᠨ ᠨᠠᠰᠤᠨ ᠲᠤᠷᠱᠢᠳᠠ᠎ᠶᠢᠨ ᠨᠡᠷ᠎ᠡ ᠬᠦᠨᠳᠦᠲᠦ ᠲᠡᠷᠢᠭᠦᠯᠡᠭ᠌ᠴᠢ ᠪᠠᠾᠸ ᠲᠠᠢ ᠠᠭᠤᠯᠵᠠᠪᠠ᠃

11 ᠰᠠᠷ᠎ᠠ᠎ᠶ᠋ᠢᠨ 9 ᠤ᠋ ᠦᠳᠡ᠎ᠶᠢᠨ ᠬᠣᠢᠨ᠎ᠠ᠂ ᠤᠯᠤᠰ᠎ᠤᠨ ᠲᠡᠷᠢᠭᠦᠯᠡᠭ᠌ᠴᠢ ᠰᠢ᠎ᠵᠢᠨ᠎ᠫᠢᠩ ᠭᠤᠸᠠᠩᠵᠧᠦ᠍᠎ᠶᠢᠨ ᠪᠠᠢ ᠶᠦᠨ ᠤᠯᠠᠨ ᠤᠯᠤᠰ᠎ᠤᠨ ᠬᠤᠷᠠᠯ᠎ᠤᠨ ᠲᠥᠪ᠎ᠲᠦ ᠠᠷᠪᠠᠨ ᠲᠠᠪᠤᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠡᠬᠢᠯᠡᠯᠲᠡ᠎ᠶᠢᠨ ᠶᠣᠰᠣᠯᠠᠯ᠎ᠳᠤ ᠣᠷᠣᠯᠴᠠᠬᠤ᠎ᠪᠠᠷ ᠳᠤᠮᠳᠠᠳᠤ ᠤᠯᠤᠰ᠎ᠲᠤ ᠢᠷᠡᠭ᠌ᠰᠡᠨ ᠲᠡᠯᠡᠬᠡᠢ᠎ᠶᠢᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠵᠥᠪᠯᠡᠯ᠎ᠦᠨ ᠲᠡᠷᠢᠭᠦᠯᠡᠭ᠌ᠴᠢ ᠺᠤᠤᠸᠧᠨᠴᠦ᠋ᠢ ᠪᠣᠯᠤᠨ ᠨᠠᠰᠤᠨ ᠲᠤᠷᠱᠢᠳᠠ᠎ᠶᠢᠨ ᠨᠡᠷ᠎ᠡ ᠬᠦᠨᠳᠦᠲᠦ ᠲᠡᠷᠢᠭᠦᠯᠡᠭ᠌ᠴᠢ ᠪᠠᠾᠸ ᠲᠠᠢ ᠠᠭᠤᠯᠵᠠᠪᠠ᠃

ᠰᠢᠨᠬᠤᠸᠠ ᠬᠤᠷᠢᠶ᠎ᠠ᠎ᠶᠢᠨ ᠰᠤᠷᠪᠤᠯᠵᠢᠯᠠᠭᠴᠢ ᠶᠢᠨ ᠪᠦᠧᠧ ᠭᠦ ᠰᠡᠭᠦᠳᠡᠷᠯᠡᠪᠡ

ᠰᠢ᠎ᠵᠢᠨ᠎ᠫᠢᠩ᠂ ᠣᠯᠢᠮᠫᠢᠺ᠎ᠤᠨ ᠵᠣᠷᠢᠭ ᠰᠠᠨᠠᠭ᠎ᠠ ᠪᠣᠯ ᠬᠥᠮᠦᠨ ᠲᠥᠷᠥᠯᠬᠢᠲᠡᠨ᠎ᠦ ᠪᠣᠯᠪᠠᠰᠤᠨ᠎ᠤ ᠴᠢᠬᠤᠯᠠ ᠠᠭᠤᠯᠭ᠎ᠠ ᠮᠥᠨ᠂ ᠡᠯ᠎ᠡ ᠤᠯᠤᠰ᠎ᠤᠨ ᠠᠷᠠᠳ ᠲᠦᠮᠡᠨ᠎ᠦ ᠨᠡᠩ ᠰᠠᠢ᠌ᠨ ᠰᠠᠢᠬᠠᠨ ᠳᠡᠯᠡᠬᠡᠢ ᠶᠢᠷᠲᠢᠨᠴᠦ᠍᠎ᠶ᠋ᠢ ᠪᠦᠳᠦᠭᠡᠨ ᠪᠠᠢᠭᠤᠯᠬᠤ ᠬᠦᠰᠡᠯ ᠡᠷᠡᠮᠡᠯᠵᠡᠯ᠎ᠢ ᠠᠴᠢᠶᠠᠯᠠᠵᠤ᠂ ᠳᠤᠮᠳᠠᠳᠤ᠎ᠶᠢᠨ ᠲᠠᠯ᠎ᠠ᠎ᠶᠢᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭ᠍ᠴᠠ᠎ᠶ᠋ᠢ ᠪᠠᠢᠭᠤᠯᠬᠤ᠎ᠶ᠋ᠢ ᠠᠬᠢᠭᠤᠯᠬᠤ ᠠᠯᠤᠰ᠎ᠤᠨ ᠲᠥᠰᠦᠪ᠎ᠲᠡᠶ ᠳᠡᠭᠡᠳᠦ ᠬᠡᠮᠵᠢᠢ᠎ᠡ᠎ᠪᠡᠷ ᠨᠡᠢᠴᠡᠵᠦ᠍ ᠪᠠᠢᠨ᠎ᠠ᠃ ᠳᠤᠮᠳᠠᠳᠤ ᠤᠯᠤᠰ ᠪᠣᠯ ᠢᠮᠠᠭ᠍ᠲᠠ ᠣᠯᠢᠮᠫᠢᠺ᠎ᠤᠨ ᠵᠣᠷᠢᠭ ᠰᠠᠨᠠᠭ᠎ᠠ᠎ᠶ᠋ᠢᠨ ᠡᠷᠡᠰ ᠦᠢᠯᠡᠳᠦᠯᠭᠡᠵᠢᠭᠦᠯᠦᠭ᠌ᠴᠢ᠂ ᠬᠠᠮᠠᠭᠠᠯᠠᠭ᠍ᠴᠢ᠂ ᠲᠠᠮᠵᠢᠭᠤᠯᠤᠭᠴᠢ ᠮᠥᠨ᠃ ᠣᠢᠷ᠎ᠠ᠎ᠶ᠋ᠢᠨ ᠵᠢᠯ᠎ᠳᠦ᠂ ᠳᠤᠮᠳᠠᠳᠤ ᠤᠯᠤᠰ ᠲᠡᠯᠡᠬᠡᠢ᠎ᠶᠢᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠵᠥᠪᠯᠡᠯ᠎ᠲᠡᠶ ᠪᠡᠶ᠎ᠡ᠎ᠶ᠋ᠢᠨ ᠲᠠᠮᠢᠷ᠎ᠤᠨ ᠦᠶ᠋ᠯᠡᠰ᠎ᠢ ᠠᠬᠢᠭᠤᠯᠬᠤ ᠳᠤᠮᠳᠠ ᠬᠠᠷᠢᠯᠴᠠᠨ ᠳᠡᠮᠵᠢᠵᠦ᠍᠂ ᠭᠠᠷ ᠬᠣᠯᠪᠣᠯᠴᠠᠨ ᠮᠠᠰᠢ ᠣᠯᠠᠨ ᠲᠤᠮᠤ ᠶᠠᠪᠤᠳᠠᠯ ᠰᠠᠢᠨ ᠶᠠᠪᠤᠳᠠᠯ᠎ᠢ ᠬᠢᠵᠤ ᠪᠦᠲᠦᠭᠡᠵᠡᠶ᠃ ᠵᠢᠯ᠎ᠦᠨ ᠡᠬᠢᠨ᠎ᠳᠦ ᠪᠢᠳᠡ ᠮᠥᠰᠥ᠍ ᠴᠠᠰᠤᠨ᠎ᠳᠤ ᠬᠤᠴᠢᠭ᠍ᠳᠠᠭ᠍ᠰᠠᠨ ᠬᠠᠷᠪᠢᠨ᠎ᠳᠤ ᠠᠽᠢᠶ᠎ᠠ ᠲᠢᠪ᠎ᠦᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠤ ᠦᠪᠡᠳᠡᠭ᠌ᠰᠢ ᠴᠤᠭ᠍ᠯᠠᠭᠠᠨ᠎ᠢ ᠬᠠᠮᠲᠤ᠎ᠪᠠᠷ ᠡᠷᠬᠢᠯᠡᠵᠦ᠂ ᠥᠨᠥᠳᠦᠷ ᠪᠠᠰᠠ ᠤᠷᠢᠬᠠᠨ ᠬᠠᠪᠤᠷ ᠮᠡᠲᠦ ᠳᠤᠯᠠᠭᠠᠬᠠᠨ ᠭᠤᠸᠠᠩᠵᠧᠦ᠍᠎ᠳᠦ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠳᠦ ᠬᠠᠮᠲᠤ᠎ᠪᠠᠷ ᠬᠦᠷᠦᠯᠴᠡᠨ ᠢᠷᠡᠭᠰᠡᠨ ᠶᠠᠪᠤᠳᠠᠯ ᠨᠢ ᠳᠤᠮᠳᠠᠳᠤ ᠤᠯᠤᠰ ᠪᠣᠯᠤᠨ ᠲᠡᠯᠡᠬᠡᠢ᠎ᠶᠢᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠵᠥᠪᠯᠡᠯ᠎ᠦᠨ ᠬᠣᠭᠣᠷᠣᠨᠳᠣᠬᠢ ᠨᠥᠬᠥᠷᠰᠡᠭ ᠨᠢᠭ᠍ᠲᠠ ᠬᠠᠷᠢᠴᠠᠭ᠎ᠠ᠎ᠶ᠋ᠢ ᠢᠯᠡᠷᠡᠭᠦᠯᠪᠡ᠃ ᠳᠤᠮᠳᠠᠳᠤ ᠤᠯᠤᠰ ᠳᠤᠷᠠᠲᠠᠶ᠎ᠠ ᠬᠣᠶᠠᠷ ᠲᠠᠯ᠎ᠠ᠎ᠶ᠋ᠢᠨ ᠥᠨᠳᠥᠷ ᠲᠦᠪᠱᠢᠨ ᠪᠦᠬᠦᠢ ᠬᠠᠮᠲᠤᠷᠠᠯᠴᠠᠭ᠎ᠠ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ ᠪᠡᠶ᠎ᠡ᠎ᠶ᠋ᠢᠨ ᠲᠠᠮᠢᠷ᠎ᠤᠨ ᠬᠦᠴᠦᠷᠬᠡᠭ ᠤᠯᠤᠰ᠎ᠤᠨ ᠪᠦᠳᠦᠭᠡᠨ ᠪᠠᠢᠭᠤᠯᠤᠯᠲᠠ ᠪᠠ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠬᠥᠭ᠌ᠵᠢᠯᠲᠡ᠎ᠶ᠋ᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠪᠦᠬᠦ᠌ ᠪᠥᠮᠪᠥᠷᠴᠡᠭ᠎ᠦᠨ ᠪᠡᠶ᠎ᠡ᠎ᠶ᠋ᠢᠨ ᠲᠠᠮᠢᠷ᠎ᠤᠨ ᠵᠠᠰᠠᠯᠲᠠ᠎ᠳᠤ ᠨᠡᠩ ᠤᠯᠠᠨ ᠤᠶᠤᠨ ᠤᠬᠠᠭᠠᠨ ᠪᠠ ᠬᠦᠴᠦᠨ ᠴᠢᠳᠠᠯ᠎ᠢᠶᠠᠨ ᠡᠷᠭᠦᠵᠦ᠍᠂ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ᠎ᠳᠤ ᠨᠡᠩ ᠶᠡᠬᠡ ᠬᠤᠪᠢ ᠨᠡᠮᠡᠷᠢ ᠦᠵᠡᠭᠦᠯᠦᠨ᠎ᠡ ᠭᠡᠵᠦ᠍ ᠵᠢᠭᠠᠵᠤ ᠭᠠᠷᠭᠠᠪᠠ᠃

ᠰᠢ᠎ᠵᠢᠨ᠎ᠫᠢᠩ᠂ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ ᠪᠣᠯ ᠳᠤᠮᠳᠠᠳᠤ ᠤᠯᠤᠰ᠎ᠤᠨ ᠬᠠᠮᠤᠭ᠎ᠤᠨ ᠶᠡᠬᠡ ᠬᠡᠪᠴᠢᠶᠡᠨ᠎ᠦ᠂ ᠬᠠᠮᠤᠭ᠎ᠤᠨ ᠥᠨᠳᠥᠷ ᠲᠦᠪᠱᠢᠨ ᠪᠦᠬᠦᠢ ᠶᠡᠷᠦᠩᠬᠡᠢᠯᠡᠭ᠌ᠰᠡᠨ ᠴᠢᠨᠠᠷᠲᠠᠢ ᠲᠠᠮᠢᠷ᠎ᠤᠨ ᠴᠤᠭ᠍ᠯᠠᠭᠠᠨ ᠪᠣᠯᠤᠨ᠎ᠠ᠂ ᠲᠤᠰ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠢ ᠭᠤᠸᠠᠩᠳᠦ᠋ᠩ᠂ ᠱᠢᠶᠠᠩᠭᠠᠩ᠂ ᠣᠣᠮᠧᠨ ᠭᠤᠷᠪᠠᠨ ᠭᠠᠵᠠᠷ ᠡᠴᠡ ᠬᠠᠮᠲᠤᠷᠠᠨ ᠡᠷᠬᠢᠯᠡᠨ᠎ᠡ᠃ ᠭᠤᠸᠠᠩᠳᠦ᠋ᠩ ᠱᠢᠶᠠᠩᠭᠠᠩ ᠣᠣᠮᠧᠨ᠎ᠦ ᠲᠣᠮᠣ ᠪᠤᠯᠤᠩ᠎ᠤᠨ ᠣᠷᠣᠨ ᠪᠣᠯ ᠳᠤᠮᠳᠠᠳᠤ ᠤᠯᠤᠰ᠎ᠤᠨ ᠨᠡᠭᠡᠭᠡᠯᠲᠡ᠎ᠶ᠋ᠢᠨ ᠬᠡᠮᠵᠢᠶ᠎ᠡ᠎ᠪᠡᠷ ᠬᠠᠮᠤᠭ᠎ᠤᠨ ᠥᠨᠳᠥᠷ᠂ ᠠᠵᠤ ᠠᠬᠤᠶ᠎ᠶᠢᠨ ᠠᠮᠢᠵᠢᠷᠠᠯ᠎ᠤᠨ ᠬᠦᠴᠦᠨ᠎ᠢᠶᠡᠷ ᠬᠠᠮᠤᠭ᠎ᠤᠨ ᠴᠢᠩᠭ᠎ᠠ ᠣᠷᠣᠨ ᠪᠦᠰᠡ᠎ᠶ᠋ᠢᠨ ᠨᠢᠭᠡ ᠪᠣᠯᠤᠨ᠎ᠠ᠃ ᠭᠤᠸᠠᠩᠳᠦ᠋ᠩ ᠱᠢᠶᠠᠩᠭᠠᠩ ᠣᠣᠮᠧᠨ᠎ᠦ ᠲᠤᠮᠤ ᠪᠤᠯᠤᠩ᠎ᠤᠨ ᠣᠷᠣᠨ᠎ᠤ ᠪᠦᠳᠦᠭᠡᠨ ᠪᠠᠢᠭᠤᠯᠤᠯᠲᠠ᠎ᠶ᠋ᠢ ᠠᠬᠢᠭᠤᠯᠬᠤ ᠪᠣᠯ ᠳᠠᠷᠤᠢ ᠳᠤᠮᠳᠠᠳᠤ ᠤᠯᠤᠰ᠎ᠤᠨ ᠱᠢᠨ᠎ᠡ ᠬᠥᠭ᠌ᠵᠢᠯᠲᠡ᠎ᠶᠢᠨ ᠪᠠᠢᠷᠢᠱᠢᠯ᠎ᠤᠨ ᠪᠠᠢᠯᠳᠤᠬᠤ ᠪᠤᠳᠤᠯᠭ᠎ᠠ᠎ᠶᠢᠨ ᠲᠤᠯᠭᠠᠭᠤᠷᠢᠯᠠᠬᠤ ᠴᠡᠭ᠂ ᠴᠢᠨᠠᠷ ᠰᠠᠢᠲᠠᠢ ᠬᠥᠭ᠌ᠵᠢᠯᠲᠡ᠎ᠶᠢᠨ ᠵᠢᠱ᠌ᠢᠢ᠎ᠡ ᠦᠵᠡᠭᠦᠯᠬᠦ᠌ ᠭᠠᠵᠠᠷ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶᠢᠨ ᠬᠦᠳᠦᠯᠦᠨ ᠳᠠᠭᠠᠭᠤᠯᠬᠤ ᠭᠠᠵᠠᠷ᠎ᠢ ᠴᠤᠭᠴᠠᠯᠠᠬᠤ ᠶᠠᠪᠤᠳᠠᠯ ᠪᠣᠯᠤᠨ᠎ᠠ᠃ ᠲᠤᠰ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ ᠨᠢ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠦᠢᠯᠡᠰ᠎ᠦᠨ ᠬᠥᠭ᠌ᠵᠢᠯᠲᠡ᠎ᠶᠢᠨ ᠱᠢᠨ᠎ᠡ ᠠᠮᠵᠢᠯᠲᠠ ᠪᠦᠲᠦᠮᠵᠢ᠎ᠶ᠋ᠢ ᠭᠡᠷᠡᠴᠢᠯᠡᠬᠦ᠌᠎ᠪᠡᠷ ᠪᠠᠷᠠᠬᠤ ᠦᠭᠡᠢ ᠪᠠᠰᠠ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶᠢᠨ ᠭᠤᠸᠠᠩᠳᠦ᠋ᠩ ᠱᠢᠶᠠᠩᠭᠠᠩ ᠣᠣᠮᠧᠨ᠎ᠦ ᠲᠤᠮᠤ ᠪᠤᠯᠤᠩ᠎ᠤᠨ ᠣᠷᠣᠨ᠎ᠳᠠᠬᠢ ᠦᠩᠬᠡ ᠢᠯᠭᠠᠷᠠᠬᠰᠠᠨ ᠦᠵᠡᠮᠵᠢ ᠪᠠᠢᠳᠠᠯ᠎ᠢ ᠢᠯᠡᠷᠡᠭᠦᠯᠤᠨ᠎ᠠ ᠭᠡᠳᠡᠭ᠎ᠢ ᠢᠲᠡᠭᠡᠵᠦ᠍ ᠪᠠᠢᠨ᠎ᠠ ᠭᠡᠵᠦ ᠴᠢᠬᠤᠯᠠᠴᠢᠯᠠᠪᠠ᠃

ᠺᠤᠤᠸᠧᠨᠴᠦ᠋ᠢ  ᠪᠠ  ᠪᠠᠾᠸ᠂ ᠭᠤᠸᠠᠩᠵᠧᠦ᠍᠎ᠳᠦ ᠢᠷᠡᠵᠦ᠍᠂ ᠭᠤᠸᠠᠩᠳᠦ᠋ᠩ ᠱᠢᠶᠠᠩᠭᠠᠩ ᠣᠣᠮᠧᠨ᠎ᠦ ᠲᠤᠮᠤ ᠪᠤᠯᠤᠩ᠎ᠤᠨ ᠣᠷᠣᠨ᠎ᠤ ᠪᠦᠲᠦᠭᠡᠡ ᠪᠠᠢᠭᠤᠯᠤᠯᠲᠠ ᠳᠤᠮᠳᠠ᠎ᠡᠴᠡ ᠳᠤᠮᠳᠠᠳᠤ ᠤᠯᠤᠰ᠎ᠤᠨ ᠣᠳᠣᠬᠢᠴᠢᠯᠠᠯᠲᠠ᠎ᠶᠢᠨ ᠪᠦᠲᠦᠭᠡᠡ ᠪᠠᠢᠭᠤᠯᠤᠯᠲᠠ᠎ᠶᠢᠨ ᠥᠷᠨᠢᠭᠦᠨ ᠬᠥᠭ᠌ᠵᠢᠩᠭᠦᠢ ᠠᠮᠢᠵᠢᠷᠠᠯ᠎ᠤᠨ ᠬᠦᠴᠦᠨ ᠪᠣᠯᠤᠨ ᠯᠤᠲᠤ ᠶᠡᠬᠡ ᠠᠮᠵᠢᠯᠲᠠ ᠪᠦᠲᠦᠮᠵᠢ᠎ᠶ᠋ᠢ ᠤᠢ᠍ᠢᠯᠠᠭᠠᠭ᠍ᠰᠠᠠ᠎ᠳᠠᠭᠠᠨ ᠲᠤᠩ ᠪᠠᠶᠠᠷ᠎ᠲᠠᠶ ᠪᠠᠢᠨ᠎ᠠ᠃ ᠳᠤᠮᠳᠠᠳᠤ ᠤᠯᠤᠰ ᠣᠯᠢᠮᠫᠢᠺ᠎ᠤᠨ ᠵᠣᠷᠢᠭ ᠰᠠᠨᠠᠭ᠎ᠠ᠎ᠶ᠋ᠢ ᠢᠳᠡᠪᠬᠢᠲᠡᠢ ᠦᠢᠯᠡᠳᠦᠯᠭᠡᠵᠢᠭᠦᠯᠵᠦ᠍᠂ ᠳᠡᠯᠡᠬᠡᠢ᠎ᠶ᠋ᠢᠨ ᠣᠯᠢᠮᠫᠢᠺ᠎ᠤᠨ ᠦᠢᠯᠡᠰ᠎ᠦᠨ ᠬᠥᠭ᠌ᠵᠢᠯᠲᠡ᠎ᠳᠦ ᠴᠢᠬᠤᠯᠠ ᠬᠤᠪᠢ ᠨᠡᠮᠡᠷᠢ ᠦᠵᠡᠭᠦᠯᠪᠡ᠃ ᠲᠡᠯᠡᠬᠡᠢ᠎ᠶᠢᠨ ᠣᠯᠢᠮᠫᠢᠺ᠎ᠤᠨ ᠪᠡᠶ᠎ᠡ᠎ᠶᠢᠨ ᠲᠠᠮᠢᠷ᠎ᠤᠨ ᠬᠥᠳᠡᠯᠭᠡᠭᠡᠨ᠎ᠦ ᠵᠥᠪᠯᠡᠯ᠎ᠤᠨ ᠬᠢᠨ ᠳᠤᠮᠳᠠᠳᠤ ᠤᠯᠤᠰ᠎ᠤᠨ ᠣᠷᠳᠣ ᠬᠤᠭᠤᠴᠠᠭᠠᠨ᠎ᠤ ᠲᠤᠷᠰᠢ ᠬᠦᠴᠦᠲᠡᠶ ᠳᠡᠮᠵᠢᠯᠭᠡ ᠦᠵᠡᠭᠦᠯᠦᠭ᠌ᠰᠡᠨ᠎ᠳᠦ ᠲᠠᠯᠠᠷᠬᠠᠵᠤ ᠪᠠᠢᠨ᠎ᠠ᠂ ᠳᠤᠮᠳᠠᠳᠤ ᠤᠯᠤᠰ᠎ᠯᠤᠭ᠎ᠠ᠎ᠶᠢᠨ ᠬᠠᠮᠲᠤᠷᠠᠯᠴᠠᠭ᠎ᠠ᠎ᠪᠠᠨ ᠲᠠᠰᠤᠷᠠᠯᠲᠠ ᠥᠬᠡᠶ ᠴᠢᠩᠭᠠᠳᠭᠠᠵᠤ᠂ ᠣᠯᠢᠮᠫᠢᠺ᠎ᠤᠨ ᠪᠡᠶ᠎ᠡ᠎ᠶᠢᠨ ᠲᠠᠮᠢᠷ᠎ᠤᠨ ᠬᠥᠳᠡᠯᠭᠡᠭᠡᠨ᠎ᠦ ᠥᠷᠨᠢᠩᠭᠦᠶ ᠬᠥᠭ᠌ᠵᠢᠯᠲᠡ᠎ᠶ᠋ᠢ ᠬᠠᠮᠲᠤ᠎ᠪᠠᠷ ᠠᠬᠢᠭᠤᠯᠵᠤ᠂ ᠣᠯᠢᠮᠫᠢᠺ᠎ᠤᠨ ᠵᠣᠷᠢᠭ ᠰᠠᠨᠠᠭ᠎ᠠ᠎ᠶ᠋ᠢ ᠳᠡᠯᠡᠬᠡᠶ ᠳ᠋ᠠᠬᠢᠨ᠎ᠳᠤ ᠤᠯᠠᠮ ᠨᠢᠭᠡ ᠠᠯᠬᠤᠮ ᠤᠯᠠᠮᠵᠢᠯᠠᠵᠤ᠂ ᠡᠯ᠎ᠡ ᠤᠯᠤᠰ᠎ᠤᠨ ᠠᠷᠠᠳ ᠲᠦᠮᠡᠨ᠎ᠦ ᠪᠦᠯᠬᠦᠮᠳᠡᠯ᠎ᠢ ᠴᠢᠩᠭᠠᠳᠭᠠᠨ᠂ ᠳᠡᠯᠡᠬᠡᠶ᠎ᠶᠢᠨ ᠡᠩᠬᠡ ᠲᠠᠢᠪᠤᠩ᠎ᠢ ᠠᠬᠢᠭᠤᠯᠬᠤ᠎ᠶ᠋ᠢ ᠬᠦᠰᠡᠵᠦ᠍ ᠪᠠᠢᠨ᠎ᠠ᠃ ᠤᠳᠠᠯ ᠦᠭᠡᠢ ᠡᠬᠢᠯᠡᠬᠦ᠌ ᠭᠡᠵᠦ᠍ ᠪᠠᠢᠭ᠎ᠠ ᠳᠤᠮᠳᠠᠳᠤ ᠤᠯᠤᠰ᠎ᠤᠨ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ ᠪᠣᠯ ᠨᠢᠭᠡ ᠬᠤᠭᠤᠴᠠᠭᠠᠨ᠎ᠤ ᠭᠣᠢᠳᠠ ᠰᠠᠢᠬᠠᠨ ᠠᠮᠵᠢᠯᠲᠠᠲᠠᠶ ᠦᠪᠡᠳᠡᠭ᠌ᠰᠢ ᠴᠤᠭ᠍ᠯᠠᠭᠠᠨ ᠪᠣᠯᠤᠨ᠎ᠠ᠂ ᠯᠠᠪᠲᠠᠢ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠦᠢᠯᠡᠰ᠎ᠦᠨ ᠱᠢᠨ᠎ᠡ ᠬᠥᠭ᠌ᠵᠢᠯᠲᠡ᠎ᠲᠡᠶ ᠪᠣᠯᠬᠤ᠎ᠶ᠋ᠢ ᠠᠬᠢᠭᠤᠯᠤᠨ᠎ᠠ ᠭᠡᠳᠡᠭ᠎ᠢ ᠢᠲᠡᠭᠡᠵᠦ᠍ ᠪᠠᠢᠨ᠎ᠠ ᠭᠡᠵᠦ᠍ ᠢᠯᠡᠳᠭᠡᠪᠡ᠃

ᠸᠠᠩ ᠢ᠂ ᠬᠤᠸᠠᠩ ᠺᠦᠨ ᠮᠢᠩ᠂ ᠱᠧᠨ ᠢ ᠴᠢᠨ᠎ᠨᠡᠷ ᠠᠭᠤᠯᠵᠠᠯᠲᠠ᠎ᠳᠤ ᠣᠷᠣᠯᠴᠠᠵᠠᠢ᠃

ᠱᠢᠨᠬᠤᠸᠠ ᠬᠤᠷᠢᠶ᠎ᠠ᠎ᠶᠢᠨ ᠭᠤᠸᠠᠩᠵᠧᠦ᠍᠎ᠶᠢᠨ 11 ᠰᠠᠷ᠎ᠠ᠎ᠶᠢᠨ 9 ᠎ᠦ ᠴᠠᠬᠢᠯᠭᠠᠨ ᠮᠡᠳᠡᠭᠡ 

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
 
            