ᠯᠢ ᠴᠢᠶᠠᠩ ᠵᠠᠮᠠᠢ᠌ᠺᠠᠶᠢᠨ ᠶᠡᠷᠦᠩᠬᠡᠢ ᠰᠠᠢᠳ ᠡᡁᠦ᠋ᠸᠸᠷᠨᠢᠰᠲᠤ ᠲᠣᠬᠣᠨᠢᠭᠤᠯᠬᠤ ᠴᠠᠬᠢᠯᠭᠠᠨ ᠴᠢᠮᠡᠭᠡ ᠶᠠᠪᠤᠭᠤᠯᠵᠠᠢ
11 ᠰᠠᠷ᠎ᠠ᠎ᠶ᠋ᠢᠨ 3 ᠤ᠋ ᠡᠳᠦᠷ᠂ ᠤᠯᠤᠰ᠎ᠤᠨ ᠲᠡᠷᠢᠭᠦᠯᠡᠭ᠌ᠴᠢ ᠰᠢ᠎ᠵᠢᠨ᠎ᠫᠢᠩ ᠵᠠᠮᠠᠢᠺᠠᠶᠢᠨ ᠠᠶᠤᠯᠲᠤ ᠰᠠᠯᠬᠢᠨ᠎ᠤ ᠭᠠᠮᠱᠢᠭ᠎ᠲᠤ ᠲᠠᠭᠠᠷᠢᠭᠳᠠᠭᠰᠠᠨ ᠲᠤᠬᠠᠶ ᠵᠠᠮᠠᠢᠺᠠᠶ᠋ᠢᠨ ᠪᠦᠭᠦᠳᠡ᠎ᠶᠢ ᠵᠠᠬᠢᠷᠤᠭ᠍ᠴᠢ ᠠᠢᠯᠦ᠋ᠨᠳ᠋ᠤ ᠲᠣᠬᠣᠨᠢᠭᠤᠯᠬᠤ ᠴᠠᠬᠢᠯᠭᠠᠨ ᠴᠢᠮᠡᠭᠡ ᠶᠠᠪᠤᠭᠤᠯᠪᠠ᠃
ᠰᠢ᠎ᠵᠢᠨ᠎ᠫᠢᠩ ᠂ ᠵᠠᠮᠠᠢ᠌ᠺᠠ ᠬᠦᠨᠳᠦ ᠨᠣᠴᠢᠲᠠᠢ ᠠᠶᠤᠯ᠎ᠳᠤ ᠰᠠᠯᠬᠢᠨ᠎ᠤ ᠭᠠᠮᠱᠢᠭ᠎ᠲᠤ ᠲᠠᠭᠠᠷᠢᠭᠳᠠᠵᠤ᠂ ᠬᠥᠮᠦᠨ ᠬᠠᠷ᠎ᠠ ᠡᠨᠳᠡᠵᠦ᠍ ᠱᠢᠷᠬᠠᠲᠤᠭ᠍ᠰᠠᠨ ᠪᠠ ᠬᠦᠨᠳᠦ ᠶᠡᠬᠡ ᠡᠳ᠋ ᠬᠦᠷᠦᠩᠬᠡ ᠬᠣᠬᠢᠷᠠᠭ᠍ᠰᠠᠨᠢ ᠰᠣᠴᠢᠰᠭᠢᠨ ᠰᠣᠨᠣᠰᠤᠯ᠎ᠠ᠃ ᠪᠢ ᠳᠤᠮᠳᠠᠳᠤ ᠤᠯᠤᠰ᠎ᠤᠨ ᠵᠠᠰᠠᠭ᠎ᠤᠨ ᠣᠷᠳᠣᠨ ᠪᠣᠯᠤᠨ ᠳᠤᠮᠳᠠᠳᠤ ᠤᠯᠤᠰ᠎ᠤᠨ ᠠᠷᠠᠳ ᠲᠦᠮᠡᠨ᠎ᠦ ᠡᠮᠦᠨ᠎ᠡ᠎ᠡᠴᠡ ᠡᠨᠳᠡᠭ᠌ᠰᠡᠳᠢ ᠭᠦᠨ ᠡᠮᠭᠡᠨᠢᠨ ᠭᠠᠱᠢᠭᠤᠳᠠᠵᠤ ᠪᠠᠢᠬᠤ᠎ᠪᠠᠨ ᠢᠯᠡᠳᠭᠡᠵᠦ᠍᠂ ᠡᠨᠳᠡᠭ᠌ᠰᠡᠳᠦᠨ ᠭᠡᠷ ᠪᠦᠯᠢ᠂ ᠱᠢᠷᠬᠠᠲᠤᠭ᠍ᠰᠠᠳ ᠪᠣᠯᠤᠨ ᠭᠠᠮᠱᠢᠭ᠍ᠳᠠᠭ᠍ᠰᠠᠨ ᠣᠷᠣᠨ᠎ᠤ ᠠᠷᠠᠳ ᠤᠯᠠᠨ᠎ᠢ ᠴᠢᠩ ᠰᠡᠳᠭᠢᠯ᠎ᠡᠴᠡ᠎ᠪᠡᠨ ᠲᠣᠬᠣᠨᠢᠭᠤᠯᠵᠤ ᠪᠠᠢᠨ᠎ᠠ᠃ ᠵᠠᠮᠠᠢ᠌ᠺᠠ ᠪᠣᠯ ᠳᠤᠮᠳᠠᠳᠤ ᠤᠯᠤᠰ᠎ᠤᠨ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠂ ᠬᠣᠶᠠᠷ ᠤᠯᠤᠰ᠎ᠤᠨ ᠠᠷᠠᠳ ᠲᠦᠮᠡᠨ᠎ᠦ ᠨᠥᠬᠥᠷᠯᠡᠯ ᠭᠦᠨ ᠵᠤᠵᠠᠭᠠᠨ ᠶᠤᠮ᠃ ᠳᠤᠮᠳᠠᠳᠤ ᠤᠯᠤᠰ ᠳᠤᠷᠠᠲᠠᠶ᠎ᠠ ᠵᠠᠮᠠᠢᠺᠠᠳᠤ ᠬᠠᠪᠰᠤᠷᠤᠯᠭ᠎ᠠ ᠦᠵᠡᠭᠦᠯᠵᠦ᠍᠂ ᠵᠠᠮᠠᠢᠺᠠᠶ᠋ᠢᠨ ᠠᠷᠠᠳ ᠲᠦᠮᠡᠨ᠎ᠦ ᠡᠷᠲᠡᠬᠡᠨ ᠭᠠᠮᠱᠢᠭ᠎ᠢ ᠢᠯᠠᠵᠤ᠂ ᠬᠡᠷ ᠣᠷᠣᠨ᠎ᠢᠶᠠᠨ ᠳᠠᠬᠢᠨ ᠪᠥᠲᠥᠭᠡᠨ ᠪᠠᠢᠭᠤᠯᠬᠤ᠎ᠶ᠋ᠢ ᠳᠡᠮᠵᠢᠨ᠎ᠡ ᠭᠡᠵᠦ ᠢᠯᠡᠳᠭᠡᠪᠡ᠃
ᠲᠤᠰ ᠡᠳᠦᠷ᠂ ᠲᠦᠷᠦ᠍᠎ᠶ᠋ᠢᠨ ᠶᠠᠪᠤᠳᠠᠯ᠎ᠤᠨ ᠬᠤᠷᠢᠶ᠎ᠠ ᠵᠢᠨ ᠶᠡᠷᠦᠩᠬᠡᠢ ᠰᠠᠢᠳ ᠯᠢ ᠴᠢᠶᠠᠩ ᠵᠠᠮᠠᠢ᠌ᠺᠠᠶᠢᠨ ᠶᠡᠷᠦᠩᠬᠡᠢ ᠰᠠᠢᠳ ᠡᡁᠦ᠋ᠸᠸᠷᠨᠢᠰᠲᠦ ᠲᠣᠬᠣᠨᠢᠭᠤᠯᠬᠤ ᠴᠠᠬᠢᠯᠭᠠᠨ ᠴᠢᠮᠡᠭᠡ ᠶᠠᠪᠤᠭᠤᠯᠪᠠ᠃
ᠱᠢᠨᠬᠤᠸᠠ ᠬᠤᠷᠢᠶ᠎ᠠ ᠵᠢᠨ ᠪᠡᠭᠡᠵᠢᠩ᠎ᠦᠨ 11 ᠰᠠᠷ᠎ᠠ᠎ᠶ᠋ᠢᠨ 4 ᠤ᠋ ᠴᠠᠬᠢᠯᠭᠠᠨ ᠮᠡᠳᠡᠭᠡ