12 ᠳ᠋ᠤᠭᠠᠷ ᠰᠠᠷ᠎ᠠ᠎ᠶᠢᠨ 4᠎ᠦ ᠡᠳᠦᠷ᠎ᠡᠴᠡ 5᠎ᠤ ᠡᠳᠦᠷ ᠪᠣᠯᠲᠠᠯ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠶᠡᠷ᠎ᠢ ᠰᠡᠷᠭᠡᠢᠯᠡᠨ ᠭᠠᠩ᠎ᠲᠠᠢ ᠲᠡᠮᠡᠴᠡᠬᠦ ᠵᠢᠯᠤᠭᠣᠳᠬᠤ ᠭᠠᠵᠠᠷ᠎ᠤᠨ ᠳᠡᠳ᠋ ᠶᠡᠷᠦᠩᠬᠡᠢ ᠵᠢᠯᠣᠭᠣᠳᠤᠭ᠍ᠴᠢ᠂ ᠤᠰᠤᠨ ᠠᠰᠢᠭ᠍ᠯᠠᠯᠲᠠ᠎ᠶᠢᠨ ᠲᠢᠩᠬᠢᠮ᠎ᠦᠨ ᠨᠠᠮ᠎ᠤᠨ ᠤᠳᠤᠷᠢᠳᠬᠤ ᠳᠤᠭᠤᠢᠯᠠᠩ᠎ᠤᠨ ᠱᠦᠵᠢ᠂ ᠲᠢᠩᠬᠢᠮ᠎ᠦᠨ ᠳᠠᠷᠤᠭ᠎ᠠ ᠱᠧᠩ ᠰᠢᠶᠣᠣ ᠶᠢᠦ ᠤᠷᠢᠳ ᠬᠣᠵᠢᠳ ᠪᠤᠭᠤᠲᠤ ᠬᠣᠲᠠ᠎ᠶᠢᠨ ᠲᠦᠮᠡᠳ ᠪᠠᠷᠠᠭᠤᠨ ᠬᠣᠰᠢᠭᠤ᠂ ᠵᠢᠤᠶᠤᠸᠠᠨ ᠲᠣᠭᠣᠷᠢᠭ᠋ ᠪᠠ ᠳ᠋ᠦᠩ ᠾᠧ ᠲᠣᠭᠣᠷᠢᠭ᠋᠎ᠲᠤ ᠬᠦᠷᠴᠦ᠂ ᠬᠠᠲᠤᠨ ᠭᠣᠣᠯ᠎ᠤᠨ ᠰᠥᠩ ᠬᠠᠯᠢᠶ᠎ᠠ᠎ᠶᠢ ᠰᠡᠷᠭᠡᠢᠯᠡᠬᠦ᠂ ᠵᠢᠵᠢᠭ ᠬᠡᠯᠪᠡᠷᠢ᠎ᠶᠢᠨ ᠤᠰᠤ ᠲᠠᠲᠠᠵᠤ ᠤᠰᠤ ᠲᠣᠬᠢᠷᠠᠭᠤᠯᠬᠤ ᠢᠨᠵᠧᠨᠧᠷᠢᠩ᠎ᠦᠨ ᠪᠦᠲᠦᠭᠡᠨ ᠪᠠᠢᠭᠤᠯᠤᠯᠲᠠ ᠵᠡᠷᠭᠡ ᠠᠵᠢᠯ᠎ᠢ ᠲᠤᠬᠠᠢ᠎ᠶᠢᠨ ᠭᠠᠵᠠᠷ ᠲᠤᠨᠢ ᠪᠠᠢᠴᠠᠭᠠᠨ ᠰᠤᠳᠤᠯᠵᠤ ᠬᠢᠨᠠᠨ ᠵᠢᠯᠣᠭᠣᠳᠪᠠ᠃
ᠰᠢᠶᠣᠣ ᠪᠠᠢ ᠡᡁᠸ᠋ ᠭᠣᠣᠯ᠎ᠤᠨ ᠰᠦᠩ ᠬᠠᠯᠢᠶ᠎ᠠ᠎ᠶᠢ ᠰᠡᠷᠭᠡᠢᠯᠡᠬᠦ ᠪᠠᠴᠢᠮ ᠪᠠᠢᠳᠠᠯ᠎ᠢ ᠠᠷᠭᠠᠴᠠᠬᠤ ᠦᠶᠡᠷ᠎ᠢ ᠰᠠᠯᠭᠠᠬᠤ ᠣᠷᠣᠨ ᠪᠣᠯᠣᠨ ᠬᠠᠳᠤᠨ ᠭᠣᠣᠯ᠎ᠤᠨ ᠵᠡᠭᠦᠨᠳᠡᠬᠢ ᠪᠠᠷᠲᠠᠭᠠᠲᠤ ᠪᠠᠷᠢᠯᠭ᠎ᠠ᠎ᠶᠢᠨ ᠬᠡᠰᠡᠭ᠎ᠲᠦ᠂ ᠱᠧᠩ ᠰᠢᠶᠣᠣ ᠶᠢᠦ ᠭᠣᠣᠯ ᠮᠥᠷᠡᠨ᠎ᠦ ᠪᠠᠢᠳᠠᠯ ᠪᠠᠷᠢᠯᠭ᠎ᠠ᠎ᠶᠢᠨ ᠪᠠᠢᠳᠠᠯ᠂ ᠤᠰᠤᠨ᠎ᠤ ᠪᠠᠢᠳᠠᠯ ᠰᠦᠩ ᠬᠠᠯᠢᠶ᠎ᠠ᠎ᠶᠢᠨ ᠪᠠᠢᠳᠠᠯ᠎ᠢ ᠲᠤᠬᠠᠢ᠎ᠶᠢᠨ ᠭᠠᠵᠠᠷ ᠲᠤᠨᠢ ᠪᠠᠢᠴᠠᠭᠠᠨ ᠦᠵᠡᠵᠦ᠂ ᠰᠦᠩ ᠬᠠᠯᠢᠶ᠎ᠠ᠎ᠶᠢᠨ ᠪᠠᠢᠳᠠᠯ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ᠂ ᠬᠠᠰᠢᠯᠭ᠎ᠠ ᠳᠠᠯᠠᠩ᠎ᠢ ᠲᠣᠭᠣᠷᠢᠨ ᠪᠠᠢᠴᠠᠭᠠᠵᠤ ᠵᠢᠵᠢᠭᠦᠷᠯᠡᠨ ᠰᠠᠬᠢᠬᠤ ᠵᠡᠷᠭᠡ ᠰᠦᠩ ᠬᠠᠯᠢᠶ᠎ᠠ᠎ᠶᠢ ᠰᠡᠷᠭᠡᠢᠯᠡᠬᠦ ᠠᠵᠢᠯ᠎ᠤᠨ ᠪᠠᠢᠳᠠᠯ᠎ᠢ ᠨᠠᠷᠢᠨ ᠣᠢᠯᠠᠭᠠᠪᠠ᠃ ᠲᠡᠷᠡ᠂ ᠣᠳᠣᠬᠠᠨ᠎ᠳᠤ ᠶᠠᠭ ᠬᠠᠲᠤᠨ ᠭᠣᠣᠯ᠎ᠤᠨ ᠭᠣᠣᠯ᠎ᠢ ᠪᠢᠲᠡᠭᠦᠮᠵᠢᠯᠡᠬᠦ ᠵᠠᠩᠭᠢᠯᠠᠭ᠎ᠠ᠎ᠶᠢᠨ ᠬᠤᠭᠤᠴᠠᠭᠠᠨ᠎ᠳᠤ ᠪᠠᠢᠨ᠎ᠠ᠂ ᠵᠠᠰᠠᠭ ᠵᠠᠬᠢᠷᠭᠠᠨ᠎ᠤ ᠳᠠᠷᠤᠭ᠎ᠠ ᠬᠠᠷᠢᠭᠤᠴᠠᠬᠤ ᠳᠦᠷᠢᠮ᠎ᠢᠶᠡᠷ ᠭᠣᠣᠯ ᠪᠣᠯᠭᠠᠭᠰᠠᠨ ᠰᠥᠩ ᠬᠠᠯᠢᠶ᠎ᠠ᠎ᠶᠢ ᠰᠡᠷᠭᠡᠢᠯᠡᠬᠦ ᠬᠠᠷᠢᠭᠤᠴᠠᠯᠭ᠎ᠠ᠎ᠶᠢᠨ ᠳᠦᠷᠢᠮ᠎ᠢ ᠪᠥᠬᠥ ᠲᠠᠯ᠎ᠠ᠎ᠪᠠᠷ ᠨᠠᠢᠳᠠᠪᠤᠷᠢᠵᠢᠭᠤᠯᠵᠤ᠂ ᠤᠰᠤᠨ᠎ᠤ ᠪᠠᠢᠳᠠᠯ᠂ ᠰᠥᠩ ᠬᠠᠯᠢᠶ᠎ᠠ᠎ᠶᠢᠨ ᠪᠠᠢᠳᠠᠯ᠎ᠤᠨ ᠬᠤᠪᠢᠷᠠᠯᠲᠠ᠎ᠶᠢ ᠨᠢᠭ᠍ᠲᠠ ᠠᠵᠢᠭ᠍ᠯᠠᠵᠤ᠂ ᠵᠠᠩᠭᠢᠯᠠᠭ᠎ᠠ᠎ᠶᠢᠨ ᠭᠣᠣᠯ᠎ᠤᠨ ᠬᠡᠰᠡᠭ ᠪᠠ ᠵᠠᠩᠭᠢᠯᠠᠭ᠎ᠠ᠎ᠶᠢᠨ ᠬᠡᠰᠡᠭ᠎ᠢ ᠴᠢᠩᠭ᠎ᠠ ᠠᠩᠬᠠᠷᠴᠤ᠂ ᠪᠠᠭᠤᠷᠠᠢ ᠲᠠᠯ᠎ᠠ᠎ᠲᠠᠢ ᠬᠠᠰᠢᠯᠭ᠎ᠠ᠎ᠶᠢᠨ ᠬᠡᠰᠡᠭ ᠪᠠ ᠮᠥᠰᠥᠲᠦᠯ ᠬᠠᠰᠢᠯᠭ᠎ᠠ᠎ᠶᠢᠨ ᠭᠣᠣᠯ᠎ᠤᠨ ᠬᠡᠰᠡᠭ᠎ᠢ ᠲᠣᠭᠣᠷᠢᠨ ᠪᠠᠢᠴᠠᠭᠠᠵᠤ ᠬᠣᠷᠢᠭ᠍ᠯᠠᠬᠤ ᠠᠵᠢᠯ᠎ᠢ ᠰᠠᠢᠲᠤᠷ ᠬᠢᠵᠦ ᠂ ᠪᠥᠬᠥ ᠪᠣᠳᠠᠰ᠎ᠤᠨ ᠮᠠᠲᠧᠷᠢᠶᠠᠯ ᠪᠠ ᠠᠶᠤᠯ᠎ᠠᠴᠠ ᠠᠪᠤᠷᠠᠬᠤ ᠡᠩᠨᠡᠭᠡ᠎ᠶᠢ ᠭᠦᠢᠴᠡᠳ ᠪᠡᠯᠡᠳᠬᠡᠵᠦ᠂ ᠰᠥᠩ ᠬᠠᠯᠢᠶ᠎ᠠ᠎ᠶᠢ ᠰᠡᠷᠭᠡᠢᠯᠡᠬᠦ ᠠᠵᠢᠯ᠎ᠤᠨ 《 ᠰᠠᠨᠠᠭᠠᠴᠢᠯᠠᠭᠠᠲᠤ ᠳᠠᠢᠯᠠᠯᠳᠤᠭᠠᠨ 》᠎ᠢ ᠡᠷᠡᠰ ᠰᠠᠢᠲᠤᠷ ᠬᠢᠬᠦ ᠬᠡᠷᠡᠭᠲᠡᠢ᠃ ᠪᠠᠢᠭᠤᠯᠵᠤ ᠪᠠᠢᠭ᠎ᠠ ᠬᠥᠭᠥᠷᠭᠡ ᠪᠠ ᠬᠥᠪᠥᠮᠡᠯ ᠬᠥᠭᠥᠷᠭᠡ ᠵᠡᠷᠭᠡ ᠭᠣᠣᠯ᠎ᠲᠠᠢ ᠬᠣᠯᠪᠣᠭᠳᠠᠬᠤ ᠵᠦᠢᠯᠡᠰ᠎ᠦᠨ ᠬᠢᠨᠠᠯᠲᠠ ᠬᠠᠮᠢᠶᠠᠷᠤᠯᠲᠠ᠎ᠶᠢ ᠴᠢᠩᠭᠠᠳᠬᠠᠵᠤ᠂ ᠭᠣᠣᠯ᠎ᠤᠨ ᠵᠠᠮ᠎ᠤᠨ ᠰᠠᠭᠠᠳ ᠲᠣᠳᠬᠠᠷ᠎ᠢ ᠠᠷᠢᠯᠭᠠᠬᠤ ᠠᠵᠢᠯ᠎ᠢ ᠦᠨᠡᠨ ᠬᠦ᠌ ᠰᠠᠢᠲᠤᠷ ᠬᠢᠵᠦ᠂ ᠬᠠᠯᠢᠶ᠎ᠠ ᠦᠶᠡᠷ᠎ᠦᠨ ᠬᠤᠭᠤᠴᠠᠭᠠᠨ᠎ᠳᠠᠬᠢ ᠦᠶᠡᠷ᠎ᠦᠨ ᠰᠠᠭᠠᠳ ᠦᠭᠡᠢ ᠨᠡᠪᠲᠡᠷᠡᠬᠦ᠎ᠶᠢ ᠦᠨᠡᠨ ᠬᠦ᠌ ᠪᠠᠲᠤᠯᠠᠬᠤ ᠬᠡᠷᠡᠭᠲᠡᠢ ᠭᠡᠵᠦ ᠴᠢᠬᠤᠯᠠᠴᠢᠯᠠᠪᠠ᠃
ᠲᠦᠮᠡᠳ ᠪᠠᠷᠠᠭᠤᠨ ᠬᠣᠰᠢᠭᠤᠨ᠎ᠤ ᠵᠢᠵᠢᠭ ᠬᠡᠯᠪᠡᠷᠢ᠎ᠶᠢᠨ ᠤᠰᠤ ᠲᠠᠲᠠᠵᠤ ᠤᠰᠤ ᠲᠣᠬᠢᠷᠠᠭᠤᠯᠬᠤ ᠲᠦᠷᠦᠯ ᠵᠦᠢᠯ᠎ᠦᠨ ᠤᠰᠤ ᠳᠠᠮᠵᠢᠭᠤᠯᠬᠤ ᠬᠣᠭᠣᠯᠠᠢ᠎ᠶᠢᠨ ᠢᠨᠵᠧᠨᠧᠷᠢᠩ᠂ ᠳ᠋ᠧᠩ ᠺᠧᠦ᠎ᠶᠢᠨ ᠤᠰᠤ ᠲᠠᠲᠠᠬᠤ ᠦᠷᠳᠡᠭᠡ᠎ᠶᠢ ᠳᠡᠭᠡᠭᠰᠢᠯᠡᠭᠦᠯᠦᠨ ᠥᠭᠡᠷᠡᠴᠢᠯᠡᠬᠦ ᠪᠠ ᠪᠠᠴᠢᠮ ᠪᠠᠢᠳᠠᠯ᠎ᠢ ᠠᠷᠭᠠᠴᠠᠬᠤ ᠤᠰᠤ ᠲᠠᠲᠠᠬᠤ ᠢᠨᠵᠧᠨᠧᠷᠢᠩ᠎ᠦᠨ ᠪᠠᠷᠢᠯᠭ᠎ᠠ᠎ᠶᠢᠨ ᠲᠤᠬᠠᠢ᠎ᠶᠢᠨ ᠲᠠᠯᠠᠪᠠᠢ᠎ᠳᠤ᠂ ᠱᠧᠩ ᠰᠢᠶᠣᠣ ᠶᠢᠦ ᠪᠦᠲᠦᠭᠡᠨ ᠪᠠᠢᠭᠤᠯᠤᠯᠲᠠ᠎ᠶᠢᠨ ᠨᠢᠭᠡᠴᠢ᠎ᠶᠢᠨ ᠬᠠᠷᠢᠭᠤᠴᠠᠯᠭᠠᠲᠠᠨ᠎ᠲᠠᠢ ᠰᠠᠨᠠᠯ᠎ᠢᠶᠠᠨ ᠭᠦᠨᠵᠡᠭᠡᠢ ᠰᠣᠯᠢᠯᠴᠠᠵᠤ᠂ ᠪᠠᠷᠢᠯᠭ᠎ᠠ᠎ᠶᠢᠨ ᠠᠵᠢᠯ᠎ᠤᠨ ᠠᠬᠢᠴᠠ ᠪᠣᠯᠣᠨ ᠪᠦᠲᠦᠭᠡᠨ ᠪᠠᠢᠭᠤᠯᠤᠯᠲᠠ᠎ᠶᠢᠨ ᠳᠤᠮᠳᠠ ᠣᠷᠣᠰᠢᠵᠤ ᠪᠠᠢᠭ᠎ᠠ ᠬᠦᠴᠢᠷ ᠠᠰᠠᠭᠤᠳᠠᠯ᠎ᠢ ᠨᠠᠷᠢᠨ ᠣᠢᠯᠠᠭᠠᠪᠠ᠃ ᠲᠡᠷᠡ᠂ ᠪᠠᠭ᠎ᠠ ᠬᠡᠯᠪᠡᠷᠢ᠎ᠶᠢᠨ ᠤᠰᠤ ᠲᠠᠲᠠᠬᠤ ᠪᠠ ᠤᠰᠤ ᠲᠣᠬᠢᠷᠠᠭᠤᠯᠬᠤ ᠲᠦᠷᠦᠯ ᠵᠦᠢᠯ ᠪᠣᠯ ᠤᠯᠠᠨ ᠲᠦᠮᠡᠨ᠎ᠦ ᠲᠤᠰ ᠪᠡᠶ᠎ᠡ᠎ᠶᠢᠨ ᠠᠰᠢᠭ᠋ ᠲᠤᠰᠠ᠎ᠳᠤ ᠬᠣᠯᠪᠣᠭᠳᠠᠬᠤ ᠠᠷᠠᠳ᠎ᠤᠨ ᠠᠮᠢᠳᠤᠷᠠᠯ᠎ᠤᠨ ᠶᠡᠬᠡ ᠶᠠᠪᠤᠳᠠᠯ ᠪᠣᠯᠣᠨ᠎ᠠ᠂ ᠡᠯ᠎ᠡ ᠪᠦᠲᠦᠭᠡᠨ ᠪᠠᠢᠭᠤᠯᠤᠯᠲᠠ᠎ᠶᠢᠨ ᠨᠢᠭᠡᠴᠢ᠎ᠶᠢᠨ ᠬᠢᠨ ᠨᠢᠭᠡᠨᠲᠡ ᠲᠣᠭᠲᠠᠭᠠᠭᠰᠠᠨ ᠪᠦᠲᠦᠭᠡᠨ ᠪᠠᠢᠭᠤᠯᠤᠯᠲᠠ᠎ᠶᠢᠨ ᠠᠭᠤᠯᠭ᠎ᠠ᠂ ᠮᠡᠷᠭᠡᠵᠢᠯ᠎ᠦᠨ ᠱᠤᠭᠤᠮ᠂ ᠴᠠᠭ ᠬᠤᠭᠤᠴᠠᠭᠠᠨ᠎ᠤ ᠵᠠᠩᠭᠢᠯᠠᠭ᠎ᠠ᠎ᠶᠢᠨ ᠴᠡᠭ᠎ᠢ ᠴᠢᠩᠭ᠎ᠠ ᠵᠢᠷᠤᠮᠯᠠᠨ᠂ ᠬᠣᠯᠪᠣᠭᠳᠠᠯ ᠪᠦᠬᠦᠢ ᠰᠠᠯᠠᠭ᠎ᠠ ᠮᠥᠴᠢᠷ ᠯᠦ᠍ᠭᠡ᠎ᠶᠢᠨ ᠵᠣᠬᠢᠴᠠᠭᠤᠯᠭ᠎ᠠ ᠣᠯᠣᠯᠴᠠᠭ᠎ᠠ᠎ᠪᠠᠨ ᠴᠢᠩᠭᠠᠳᠬᠠᠵᠤ᠂ ᠪᠦᠲᠦᠭᠡᠨ ᠪᠠᠢᠭᠤᠯᠤᠯᠲᠠ᠎ᠶᠢᠨ ᠠᠬᠢᠴᠠ᠎ᠪᠠᠨ ᠲᠦᠷᠭᠡᠳᠬᠡᠵᠦ᠂ ᠢᠨᠵᠧᠨᠧᠷᠢᠩ᠎ᠢ ᠡᠷᠲᠡ ᠪᠠᠢᠭᠤᠯᠵᠤ᠂ ᠡᠷᠲᠡ ᠦᠷ᠎ᠡ ᠪᠦᠲᠦᠮᠵᠢ ᠣᠯᠬᠤ᠎ᠶᠢ ᠪᠠᠲᠤᠯᠠᠬᠤ ᠬᠡᠷᠡᠭᠲᠡᠢ ᠭᠡᠵᠦ ᠴᠢᠬᠤᠯᠠᠴᠢᠯᠠᠪᠠ᠃