ᠣᠢᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭ᠍ᠯᠠᠯᠲᠠ᠎ᠶᠢᠨ ᠲᠢᠩᠬᠢᠮ᠂ ᠭᠠᠢᠯᠢ᠎ᠶᠢᠨ ᠶᠠᠪᠤᠳᠠᠯ᠎ᠤᠨ ᠲᠣᠪᠴᠢᠶ᠎ᠠ ᠨᠢᠭᠡᠨᠲᠡ ᠪᠠᠢᠭᠤᠯᠤᠭᠰᠠᠨ ᠥᠪᠥᠷ ᠮᠣᠩᠭᠣᠯ᠎ᠤᠨ ᠤᠰᠤᠨ᠎ᠤ ᠡᠬᠢ ᠪᠠᠶᠠᠯᠢᠭ᠋᠎ᠤᠨ ᠭᠠᠢᠯᠢ ᠲᠠᠲᠠᠪᠤᠷᠢᠯᠠᠬᠤ ᠤᠰᠤ ᠲᠠᠲᠠᠵᠤ ᠬᠡᠷᠡᠭᠯᠡᠬᠦ ᠮᠡᠳᠡᠭᠡ ᠵᠠᠩᠭᠢ᠎ᠶᠢᠨ ᠬᠠᠮᠢᠶᠠᠷᠤᠯᠲᠠ᠎ᠶᠢᠨ ᠰᠢᠰᠲᠧᠮ᠎ᠳᠦ ᠲᠦᠰᠢᠭᠯᠡᠨ ᠂ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢᠨ 《 ᠣᠶᠤᠨᠴᠢ᠎ᠪᠠᠷ ᠤᠷᠢᠳᠴᠢᠯᠠᠨ ᠲᠠᠭᠯᠠᠬᠤ 》 ᠲᠣᠭ᠎ᠠ ᠪᠠᠷᠢᠮᠲᠠ᠎ᠶᠢᠨ ᠬᠡᠯᠬᠢᠶᠡᠨ᠎ᠦ ᠬᠠᠮᠲᠤ᠎ᠪᠠᠷ ᠡᠳ᠋ᠯᠡᠬᠦ ᠴᠢᠳᠠᠮᠵᠢ᠎ᠶᠢ ᠨᠡᠭᠡᠭᠡᠨ ᠬᠥᠭᠵᠢᠭᠦᠯᠵᠦ᠂ ᠤᠰᠤᠨ᠎ᠤ ᠡᠬᠢ ᠪᠠᠶᠠᠯᠢᠭ᠋᠎ᠤᠨ ᠭᠠᠢᠯᠢ ᠲᠠᠲᠠᠪᠤᠷᠢᠯᠠᠬᠤ 《 ᠮᠡᠳᠡᠭᠦᠯᠦᠭᠰᠡᠨ ᠤᠰᠤᠨ᠎ᠤ ᠬᠡᠮᠵᠢᠶ᠎ᠡ 》᠎ᠶᠢᠨ ᠲᠣᠭ᠎ᠠ ᠪᠠᠷᠢᠮᠲᠠ᠎ᠶᠢᠨ ᠪᠥᠬᠥ ᠬᠡᠯᠬᠢᠶᠡᠨ᠎ᠦ ᠪᠢᠲᠡᠭᠦᠦ ᠴᠠᠭᠠᠷᠢᠭ᠋᠎ᠤᠨ ᠬᠢᠨᠠᠯᠲᠠ ᠬᠠᠮᠢᠶᠠᠷᠤᠯᠲᠠ᠎ᠶᠢᠨ ᠠᠷᠭ᠎ᠠ᠎ᠶᠢ ᠰᠢᠨ᠎ᠡ᠎ᠪᠡᠷ ᠡᠭᠦᠳᠦᠨ ᠪᠠᠢᠭᠤᠯᠵᠤ᠂ ᠤᠰᠤᠨ ᠠᠰᠢᠭ᠍ᠯᠠᠯᠲᠠ᠂ ᠭᠠᠢᠯᠢ᠎ᠶᠢᠨ ᠶᠠᠪᠤᠳᠠᠯ ᠬᠣᠶᠠᠷ ᠰᠠᠯᠠᠭ᠎ᠠ ᠮᠥᠴᠢᠷ᠎ᠦᠨ ᠥᠩᠭᠡᠷᠡᠭᠰᠡᠨ᠎ᠳᠦ ᠥᠷᠨᠢᠭᠦᠯᠵᠦ ᠪᠠᠢᠭᠰᠠᠨ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢᠨ ᠬᠠᠮᠲᠤᠷᠠᠨ ᠬᠢᠨᠠᠨ ᠬᠠᠮᠢᠶᠠᠷᠬᠤ ᠤᠰᠤ ᠲᠠᠲᠠᠵᠤ ᠬᠡᠷᠡᠭᠯᠡᠬᠦ ᠬᠡᠮᠵᠢᠶ᠎ᠡ᠎ᠶᠢᠨ ᠪᠠᠷᠢᠮᠵᠢᠶ᠎ᠠ ᠨᠢᠭᠡᠳᠦᠯ ᠦᠭᠡᠢ᠂ ᠲᠣᠭ᠎ᠠ ᠪᠠᠷᠢᠮᠲᠠ᠎ᠶᠢᠨ ᠢᠷᠡᠯᠲᠡ ᠴᠣᠷ᠎ᠤᠨ ᠭᠠᠭᠴᠠ ᠪᠢᠰᠢ ᠵᠡᠷᠭᠡ ᠠᠰᠠᠭᠤᠳᠠᠯ᠎ᠢ ᠪᠦᠲᠦᠮᠵᠢᠲᠡᠶ ᠰᠢᠢᠳᠪᠦᠷᠢᠯᠡᠪᠡ᠃ ᠣᠲᠣ᠌ ᠪᠣᠯᠲᠠᠯ᠎ᠠ᠂ ᠪᠥᠬᠥ ᠣᠷᠣᠨ᠎ᠤ 12 ᠠᠢᠮᠠᠭ ᠬᠣᠲᠠ ᠪᠦᠬᠦᠨ᠎ᠢᠶᠡᠷ᠎ᠢᠶᠡᠨ ᠳᠡᠯᠭᠡᠷᠡᠭᠦᠯᠦᠨ ᠬᠡᠷᠡᠭᠯᠡᠬᠦ᠎ᠶᠢ ᠪᠡᠶᠡᠯᠡᠭᠦᠯᠵᠦ᠂ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢᠨ 6558 ᠭᠠᠢᠯᠢ ᠲᠤᠰᠢᠶᠠᠭ᠍ᠴᠢ᠎ᠶᠢᠨ ᠳᠣᠲᠣᠷᠠᠬᠢ 6225 ᠡᠷᠦᠬᠡ ᠨᠢ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢᠨ 《 ᠣᠶᠤᠨᠴᠢ᠎ᠪᠠᠷ ᠤᠷᠢᠳᠴᠢᠯᠠᠨ ᠲᠠᠭᠯᠠᠬᠤ 》᠎ᠶᠢ ᠪᠡᠶᠡᠯᠡᠭᠦᠯᠵᠦ᠂ ᠤᠷᠢᠳᠴᠢᠯᠠᠨ ᠲᠠᠭᠯᠠᠬᠤ ᠨᠣᠷᠮ᠎ᠠ ᠨᠢ 95%᠎ᠳᠤ ᠬᠥᠷᠪᠡ᠃ ᠡᠭᠦᠨ᠎ᠦ ᠬᠠᠮᠲᠤ᠂ ᠥᠪᠥᠷ ᠮᠣᠩᠭᠣᠯ᠎ᠤᠨ ᠤᠰᠤᠨ᠎ᠤ ᠡᠬᠢ ᠪᠠᠶᠠᠯᠢᠭ᠋᠎ᠤᠨ ᠭᠠᠢᠯᠢ ᠲᠠᠲᠠᠪᠤᠷᠢᠯᠠᠬᠤ ᠤᠰᠤ ᠲᠠᠲᠠᠵᠤ ᠬᠡᠷᠡᠭᠯᠡᠬᠦ ᠮᠡᠳᠡᠭᠡ ᠵᠠᠩᠭᠢ᠎ᠶᠢᠨ ᠬᠠᠮᠢᠶᠠᠷᠤᠯᠲᠠ᠎ᠶᠢᠨ ᠰᠢᠰᠲᠧᠮ᠎ᠢᠶᠡᠷ ᠳᠡᠮᠵᠢᠨ᠂ ᠪᠥᠬᠥ ᠣᠷᠣᠨ᠎ᠤ ᠲᠦᠷᠦᠭᠦᠸ᠋ ᠭᠤᠷᠪᠠᠨ ᠤᠯᠠᠷᠢᠯ᠎ᠳᠤ ᠬᠥᠮᠥᠷᠭᠡ᠎ᠳᠦ ᠣᠷᠣᠭᠤᠯᠬᠤ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢ ᠨᠡᠶ᠋ᠢᠲᠡ 33.5 ᠳ᠋ᠦᠩᠰᠢᠭᠤᠷ ᠲᠥᠭᠥᠷᠢᠭ ᠲᠠᠲᠠᠪᠤᠷᠢᠯᠠᠵᠠᠢ᠃
ᠨᠢᠭᠡ᠎ᠳᠦ᠂ ᠠᠵᠢᠯ᠎ᠤᠨ ᠲᠣᠭᠲᠠᠴᠠ᠎ᠶᠢ ᠴᠢᠩᠭᠠᠳᠬᠠᠨ᠎ᠠ᠃ ᠥᠪᠡᠷᠲᠡᠭᠡᠨ ᠵᠠᠰᠠᠬᠤ ᠣᠷᠣᠨ᠂ ᠠᠢᠮᠠᠭ ( ᠬᠣᠲᠠ )᠂ ᠬᠣᠰᠢᠭᠤ ( ᠰᠢᠶᠠᠨ ᠂ ᠲᠣᠭᠣᠷᠢᠭ᠋ )᠎ᠶᠢᠨ ᠤᠰᠤᠨ ᠠᠰᠢᠭ᠍ᠯᠠᠯᠲᠠ᠂ ᠭᠠᠢᠯᠢ᠎ᠶᠢᠨ ᠶᠠᠪᠤᠳᠠᠯ᠎ᠤᠨ ᠭᠤᠷᠪᠠᠨ ᠱᠠᠲᠤᠨ᠎ᠤ ᠬᠠᠮᠲᠤᠷᠠᠨ ᠬᠥᠳᠡᠯᠦᠯᠴᠡᠬᠦ ᠠᠵᠢᠯ᠎ᠤᠨ ᠲᠣᠭᠲᠠᠴᠠ᠎ᠶᠢ ᠪᠠᠢᠭᠤᠯᠵᠤ᠂ ᠰᠦᠯᠵᠢᠶᠡᠨ᠎ᠳᠦ ᠣᠷᠣᠭᠤᠯᠤᠨ ᠪᠡᠯᠡᠳᠬᠡᠬᠦ᠂ ᠰᠢᠯᠭᠠᠨ ᠪᠠᠢᠴᠠᠭᠠᠵᠤ ᠰᠢᠯᠭᠠᠨ ᠪᠠᠲᠤᠯᠠᠬᠤ᠂ ᠪᠣᠯᠪᠠᠰᠤᠷᠠᠯ᠎ᠤᠨ ᠬᠠᠪᠰᠤᠷᠤᠨ ᠵᠢᠯᠤᠭᠣᠳᠬᠤ᠂ ᠲᠠᠲᠠᠪᠤᠷᠢᠯᠠᠬᠤ ᠬᠤᠭᠤᠴᠠᠭ᠎ᠠ᠎ᠶᠢ ᠪᠠᠲᠤᠯᠠᠬᠤ ᠵᠡᠷᠭᠡ ᠳᠥᠷᠪᠡᠨ ᠲᠠᠯ᠎ᠠ᠎ᠠᠴᠠ ᠠᠵᠢᠯ᠎ᠤᠨ ᠠᠭᠤᠯᠭ᠎ᠠ᠎ᠪᠠᠨ ᠨᠠᠷᠢᠯᠢᠭ᠍ᠵᠢᠭᠤᠯᠵᠤ᠂ 《 ᠭᠠᠢᠯᠢ᠎ᠶᠢᠨ ᠶᠠᠪᠤᠳᠠᠯ + ᠤᠰᠤᠨ ᠠᠰᠢᠭ᠍ᠯᠠᠯᠲᠠ》᠎ᠶᠢᠨ ᠬᠠᠮ ᠬᠡᠯᠪᠡᠷᠢ᠎ᠶᠢᠨ ᠪᠣᠭᠣᠮᠲᠠ ᠰᠢᠪᠲᠤᠯᠬᠤ ᠮᠡᠷᠭᠡᠵᠢᠯ᠎ᠦᠨ ᠪᠦᠯᠬᠦᠮ᠎ᠢ ᠵᠣᠬᠢᠶᠠᠨ ᠪᠠᠢᠭᠤᠯᠵᠤ᠂ ᠡᠭᠦᠷᠭᠡ᠎ᠶᠢᠨ ᠵᠠᠩᠭᠢᠯᠠᠭ᠎ᠠ᠎ᠶᠢᠨ ᠴᠡᠭ᠎ᠢ ᠴᠢᠩᠭ᠎ᠠ ᠠᠩᠬᠠᠷᠴᠤ᠂ ᠬᠦᠴᠢᠷ ᠲᠦᠪᠡᠭᠲᠡᠢ ᠠᠰᠠᠭᠤᠳᠠᠯ᠎ᠢ ᠴᠠᠭ ᠲᠤᠬᠠᠢ ᠳ᠋ᠤᠨᠢ ᠵᠥᠪᠳᠡᠯᠴᠡᠨ ᠰᠢᠢᠳᠪᠦᠷᠢᠯᠡᠵᠦ᠂ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢᠨ 《 ᠣᠶᠤᠨᠴᠢ᠎ᠪᠠᠷ ᠤᠷᠢᠳᠴᠢᠯᠠᠨ ᠲᠠᠭᠯᠠᠬᠤ 》 ᠠᠵᠢᠯ᠎ᠤᠨ ᠤᠷᠤᠭᠰᠢᠲᠠᠢ ᠶᠠᠪᠤᠭᠳᠠᠬᠤ᠎ᠶᠢ ᠬᠦᠴᠦᠲᠡᠢ ᠪᠠᠲᠤᠯᠠᠪᠠ᠃ ᠬᠣᠶᠠᠷ᠎ᠲᠤ᠂ ᠲᠣᠭᠠᠴᠢᠯᠠᠭᠰᠠᠨ ᠵᠠᠰᠠᠯᠲᠠ᠎ᠶᠢᠨ ᠰᠢᠨ᠎ᠡ᠎ᠶᠢ ᠡᠭᠦᠳᠦᠨ᠎ᠡ᠃ ᠤᠰᠤᠨ᠎ᠤ ᠡᠬᠢ ᠪᠠᠶᠠᠯᠢᠭ᠋᠎ᠤᠨ ᠭᠠᠢᠯᠢ ᠲᠠᠲᠠᠪᠤᠷᠢᠯᠠᠬᠤ 《 ᠮᠡᠳᠡᠭᠦᠯᠦᠭᠰᠡᠨ ᠤᠰᠤᠨ᠎ᠤ ᠬᠡᠮᠵᠢᠶ᠎ᠡ 》᠎ᠶᠢᠨ ᠲᠣᠭ᠎ᠠ ᠪᠠᠷᠢᠮᠲᠠ᠎ᠶᠢᠨ ᠪᠥᠬᠥ ᠬᠡᠯᠬᠢᠶᠡᠰᠦ᠎ᠶᠢᠨ ᠪᠢᠲᠡᠭᠦᠦ ᠴᠠᠭᠠᠷᠢᠭ᠋᠎ᠤᠨ ᠬᠢᠨᠠᠯᠲᠠ ᠬᠠᠮᠢᠶᠠᠷᠤᠯᠲᠠ᠎ᠶᠢᠨ ᠠᠷᠭ᠎ᠠ᠎ᠶᠢ ᠰᠢᠨ᠎ᠡ᠎ᠪᠡᠷ ᠳᠤᠷᠠᠳᠤᠨ ᠭᠠᠷᠭᠠᠵᠤ᠂ 13 ᠶᠡᠬᠡ ᠲᠥᠷᠥᠯ᠎ᠦᠨ ᠵᠠᠩᠭᠢᠯᠠᠭ᠎ᠠ᠎ᠶᠢᠨ ᠲᠣᠭ᠎ᠠ ᠪᠠᠷᠢᠮᠲᠠ᠎ᠶᠢ ᠰᠢᠰᠲᠧᠮ᠎ᠲᠠᠢ ᠡᠮᠬᠢᠯᠡᠨ ᠳᠢᠭᠯᠡᠵᠦ᠂ ᠲᠣᠭ᠎ᠠ ᠪᠠᠷᠢᠮᠲᠠ᠎ᠶᠢᠨ ᠪᠠᠷᠢᠮᠵᠢᠶ᠎ᠠ᠎ᠶᠢ ᠲᠣᠭᠲᠠᠭᠠᠨ᠂ ᠲᠠᠲᠠᠪᠤᠷᠢᠯᠠᠨ ᠬᠠᠮᠢᠶᠠᠷᠬᠤ ᠶᠠᠪᠤᠴᠠ᠎ᠶᠢ ᠵᠢᠷᠤᠮᠵᠢᠭᠤᠯᠵᠤ᠂ ᠲᠣᠭ᠎ᠠ ᠪᠠᠷᠢᠮᠲᠠ᠎ᠶᠢᠨ ᠵᠠᠰᠠᠯᠲᠠ᠎ᠶᠢ ᠥᠷᠨᠢᠭᠦᠯᠦᠨ᠂ ᠲᠣᠭ᠎ᠠ ᠪᠠᠷᠢᠮᠲᠠ᠎ᠶᠢᠨ ᠢᠷᠡᠯᠲᠡ᠎ᠶᠢᠨ ᠴᠣᠷ᠎ᠤᠨ ᠭᠠᠭᠴᠠ ᠭᠠᠢᠯᠢ ᠲᠤᠰᠢᠶᠠᠭ᠍ᠴᠢ᠎ᠶᠢᠨ 《 ᠮᠡᠳᠡᠭᠦᠯᠦᠭᠰᠡᠨ ᠤᠰᠤᠨ᠎ᠤ ᠬᠡᠮᠵᠢᠶ᠎ᠡ 》᠎ᠶᠢᠨ ᠭᠣᠣᠯ ᠲᠣᠭ᠎ᠠ ᠪᠠᠷᠢᠮᠲᠠ᠎ᠶᠢᠨ ᠲᠣᠭᠣᠷᠢᠨ᠎ᠳᠤ᠂ ᠲᠣᠭ᠎ᠠ ᠪᠠᠷᠢᠮᠲᠠ᠎ᠶᠢ ᠡᠷᠭᠢᠯᠲᠡ᠎ᠳᠦ ᠣᠷᠣᠭᠤᠯᠬᠤ ᠶᠠᠪᠤᠴᠠ᠎ᠳᠤ᠂ ᠤᠰᠤ ᠲᠠᠲᠠᠬᠤ ᠵᠥᠪᠰᠢᠶᠡᠷᠡᠯ᠂ ᠤᠰᠤ ᠬᠡᠷᠡᠭᠯᠡᠬᠦ ᠲᠥᠯᠥᠪᠯᠡᠭᠡ᠂ ᠬᠢᠨᠠᠨ ᠬᠡᠮᠵᠢᠬᠦ ᠤᠰᠤᠨ᠎ᠤ ᠬᠡᠮᠵᠢᠶ᠎ᠡ᠂ ᠭᠠᠢᠯᠢ ᠲᠤᠰᠢᠶᠠᠬᠤ ᠵᠣᠭᠣᠰ᠎ᠤᠨ ᠲᠣᠭ᠎ᠠ᠎ᠶᠢᠨ ᠬᠥᠳᠡᠯᠦᠩᠭᠦᠢ ᠬᠣᠯᠪᠣᠯᠲᠠ᠎ᠶᠢ ᠪᠡᠶᠡᠯᠡᠭᠦᠯᠵᠦ᠂ ᠤᠰᠤᠨ ᠠᠰᠢᠭ᠍ᠯᠠᠯᠲᠠ ᠪᠠ ᠭᠠᠢᠯᠢ᠎ᠶᠢᠨ ᠶᠠᠪᠤᠳᠠᠯ᠎ᠤᠨ ᠰᠠᠯᠠᠭ᠎ᠠ ᠮᠥᠴᠢᠷ᠎ᠦᠨ ᠨᠢᠭᠡᠳᠦᠯᠲᠡᠢ ᠲᠣᠭ᠎ᠠ ᠪᠠᠷᠢᠮᠲᠠ᠎ᠶᠢᠨ ᠰᠢᠰᠲᠧᠮᠵᠢ᠎ᠶᠢᠨ ᠳᠣᠣᠷ᠎ᠠ ᠤᠰᠤᠨ᠎ᠤ ᠬᠡᠮᠵᠢᠶ᠎ᠡ ᠬᠢᠭᠡᠳ ᠭᠠᠢᠯᠢ᠎ᠶᠢᠨ ᠵᠣᠭᠣᠰ᠎ᠢ ᠬᠠᠮᠲᠤᠷᠠᠨ ᠬᠢᠨᠠᠨ ᠬᠠᠮᠢᠶᠠᠷᠬᠤ᠎ᠶᠢ ᠪᠦᠲᠦᠮᠵᠢᠲᠡᠶ ᠲᠤᠯᠭᠠᠭᠤᠷᠢᠯᠠᠨ᠎ᠠ᠃ ᠭᠤᠷᠪᠠ᠎ᠳᠤ᠂ ᠦᠢᠯᠡᠴᠢᠯᠡᠭᠡ᠎ᠶᠢ ᠰᠢᠯᠢᠳᠡᠭᠵᠢᠭᠦᠯᠦᠨ ᠠᠵᠤ ᠠᠬᠤᠢᠯᠠᠯ᠎ᠳᠤ ᠠᠰᠢᠭ᠋ ᠬᠦᠷᠲᠡᠭᠡᠨ᠎ᠡ᠃ ᠥᠪᠡᠷᠲᠡᠭᠡᠨ ᠵᠠᠰᠠᠬᠤ ᠣᠷᠣᠨ᠎ᠤ 《 ᠥᠨᠳᠥᠷ ᠪᠦᠲᠦᠮᠵᠢᠲᠡᠶ᠎ᠪᠡᠷ ᠨᠢᠭᠡ ᠶᠠᠪᠤᠳᠠᠯ᠎ᠢ ᠪᠦᠲᠦᠭᠡᠬᠦ 》 ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠦ ᠥᠭᠡᠷᠡᠴᠢᠯᠡᠯᠲᠡ᠎ᠶᠢᠨ ᠵᠦᠢᠯ ᠪᠣᠯᠤᠭᠰᠠᠨ᠎ᠤ ᠬᠤᠪᠢ᠎ᠳᠤ᠂ ᠤᠰᠤᠨ᠎ᠤ ᠡᠬᠢ ᠪᠠᠶᠠᠯᠢᠭ᠋᠎ᠤᠨ ᠭᠠᠢᠯᠢ᠎ᠶᠢᠨ 《 ᠣᠶᠤᠨᠴᠢ᠎ᠪᠠᠷ ᠤᠷᠢᠳᠴᠢᠯᠠᠨ ᠲᠠᠭᠯᠠᠬᠤ 》 ᠠᠵᠢᠯ ᠨᠢ ᠭᠠᠢᠯᠢ ᠲᠤᠰᠢᠶᠠᠭ᠍ᠴᠢ᠎ᠶᠢᠨ 《 ᠨᠢᠭᠡ ᠯᠡ ᠤᠳᠠᠭ᠎ᠠ᠎ᠳᠤ ᠰᠠᠢᠲᠤᠷ ᠭᠦᠢᠴᠡᠳᠬᠡᠬᠦ 》᠎ᠪᠡᠷ ᠬᠠᠷᠠᠯᠲᠠ ᠪᠣᠯᠭᠠᠵᠤ᠂ ᠤᠤᠯ ᠨᠢ 3 ᠰᠠᠯᠠᠭ᠎ᠠ ᠮᠥᠴᠢᠷ᠂ 5 ᠲᠥᠷᠥᠯ᠎ᠦᠨ ᠮᠠᠲᠧᠷᠢᠶᠠᠯ᠎ᠳᠤ ᠬᠣᠯᠪᠣᠭᠳᠠᠭᠰᠠᠨ ᠮᠡᠳᠡᠭᠦᠯᠬᠦ ᠵᠦᠢᠯᠡᠰ᠎ᠢ ᠡᠮᠬᠢᠯᠡᠨ ᠨᠡᠢᠯᠡᠭᠦᠯᠵᠦ᠂ 《 ᠭᠣᠭᠴᠣᠭ᠎ᠠ᠎ᠶᠢ ᠪᠠᠭᠠᠰᠬᠠᠬᠤ᠂ ᠴᠠᠭ᠎ᠢ ᠪᠠᠭᠠᠰᠬᠠᠬᠤ᠂ ᠮᠠᠲᠧᠷᠢᠶᠠᠯ᠎ᠢ ᠪᠠᠭᠠᠰᠬᠠᠬᠤ 》᠎ᠪᠠᠷ ᠳᠠᠮᠵᠢᠭᠤᠯᠤᠨ᠂ 《 ᠣᠯᠠᠨ ᠲᠠᠯ᠎ᠠ᠎ᠠᠴᠠ ᠲᠠᠭᠯᠠᠨ ᠮᠡᠳᠡᠭᠦᠯᠬᠦ 》᠎ᠡᠴᠡ 《 ᠨᠢᠭᠡ ᠯᠡ ᠲᠣᠪᠴᠢ᠎ᠪᠠᠷ ᠨᠤᠲᠠᠯᠠᠬᠤ 》 ᠦᠨᠳᠦᠰᠦᠨ ᠴᠢᠨᠠᠷᠲᠠᠢ ᠬᠤᠪᠢᠷᠠᠯᠲᠠ᠎ᠶᠢ ᠪᠡᠶᠡᠯᠡᠭᠦᠯᠵᠦ᠂ ᠣᠷᠬᠢᠭ᠍ᠳᠠᠭᠤᠯᠤᠨ ᠮᠡᠳᠡᠭᠦᠯᠬᠦ᠂ ᠪᠤᠷᠤᠭᠤ ᠮᠡᠳᠡᠭᠦᠯᠬᠦ᠎ᠡᠴᠡ ᠵᠠᠢᠯᠠᠰᠬᠢᠵᠦ᠂ ᠭᠠᠢᠯᠢ ᠲᠤᠰᠢᠶᠠᠭ᠍ᠴᠢ᠎ᠶᠢᠨ ᠭᠠᠢᠯᠢ ᠭᠦᠢᠴᠡᠳᠬᠡᠬᠦ ᠳᠠᠷᠤᠭᠠᠰᠤ᠎ᠶᠢ ᠦᠨᠡᠨ ᠬᠦ᠌ ᠬᠥᠩᠭᠡᠷᠡᠭᠦᠯᠵᠦ᠂ ᠣᠯᠠᠨ ᠲᠦᠮᠡᠨ᠎ᠦ ᠠᠵᠢᠯ ᠶᠠᠪᠤᠳᠠᠯ ᠭᠦᠢᠴᠡᠳᠬᠡᠬᠦ᠎ᠶᠢᠨ ᠳᠥᠭᠥᠮ ᠳᠥᠲᠡ ᠬᠡᠮᠵᠢᠶ᠎ᠡ᠂ ᠣᠢᠯᠠᠭᠠᠯᠲᠠ ᠪᠠ ᠬᠠᠨᠤᠮᠵᠢ᠎ᠶᠢᠨ ᠬᠡᠮᠵᠢᠶ᠎ᠡ᠎ᠶᠢ ᠪᠦᠲᠦᠮᠵᠢᠲᠡᠶ ᠳᠡᠭᠡᠭᠰᠢᠯᠡᠭᠦᠯᠵᠦ᠂ 《 ᠥᠨᠳᠥᠷ ᠪᠦᠲᠦᠮᠵᠢᠲᠡᠶ᠎ᠪᠡᠷ ᠨᠢᠭᠡ ᠶᠠᠪᠤᠳᠠᠯ᠎ᠢ ᠪᠦᠲᠦᠭᠡᠬᠦ 》᠎ᠶᠢ ᠦᠨᠡᠨ ᠬᠦ᠌ ᠨᠠᠢᠳᠠᠪᠤᠷᠢᠵᠢᠭᠤᠯᠤᠨ ᠦᠷ᠎ᠡ ᠪᠦᠲᠦᠮᠵᠢ ᠣᠯᠬᠤ᠎ᠳᠤ ᠬᠦᠴᠦᠨ ᠨᠡᠮᠡᠷᠢᠯᠡᠨ᠎ᠡ᠃