ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ
2025 ᠣᠨ᠎ᠤ ᠥᠪᠥᠷ ᠮᠣᠩᠭᠣᠯ᠎ᠤᠨ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠣᠷᠣᠬ᠍ᠴᠢ ᠡᠯᠰᠡᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠬᠠᠮᠤᠭ᠎ᠤᠨ ᠳᠣᠣᠷ᠎ᠠ ᠬᠢᠵᠠᠭ᠋ᠠᠷᠯᠠᠬᠤ ᠬᠤᠪᠢ ᠵᠢ ᠨᠡᠢ᠌ᠲᠡᠯᠡᠪᠡ ᠹᠢᠽᠢᠺ᠎ᠤᠨ ᠲᠥᠷᠥᠯ᠎ᠤᠨ ᠵᠢᠩᠬᠢᠨᠢ ᠠᠩᠭᠢ᠎ᠳᠤ ᠡᠯᠰᠡᠬᠦ ᠬᠠᠮᠤᠭ᠎ᠤᠨ ᠳᠣᠣᠷ᠎ᠠ ᠬᠤᠪᠢ 375 ᠲᠡᠦᠬᠡ ᠵᠢᠨ ᠲᠥᠷᠥᠯ᠎ᠤᠨ ᠵᠢᠩᠬᠢᠨᠢ ᠠᠩᠭᠢ᠎ᠳᠤ ᠡᠯᠰᠡᠬᠦ ᠬᠠᠮᠤᠭ᠎ᠤᠨ ᠳᠣᠣᠷ᠎ᠠ ᠬᠤᠪᠢ 418
ᠨᠡᠶ᠋ᠢᠲᠡᠯᠡᠭᠰᠡᠨ ᠴᠠᠭ᠄ 2025-06-25

  6  ᠳ᠋ᠤᠭ᠋ᠠᠷ  ᠰᠠᠷ᠎ᠠ ᠵᠢᠨ 24᠎ᠤ ᠡᠳᠦᠷ 2025 ᠣᠨ᠎ᠤ ᠥᠪᠥᠷ ᠮᠣᠩᠭᠣᠯ᠎ᠤᠨ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠣᠷᠣᠬ᠍ᠴᠢ ᠡᠯᠰᠡᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠬᠠᠮᠤᠭ᠎ᠤᠨ ᠳᠣᠣᠷ᠎ᠠ ᠬᠢᠵᠠᠭ᠋ᠠᠷᠯᠠᠬᠤ ᠬᠤᠪᠢ ᠵᠢ ᠨᠡᠢ᠌ᠲᠡᠯᠡᠪᠡ᠃  ᠡᠩ᠎ᠤᠨ ᠲᠥᠷᠥᠯ᠎ᠤᠨ ᠰᠣᠷᠣᠬ᠍ᠴᠢ ᠡᠯᠰᠡᠬᠦ ᠬᠠᠮᠤᠭ᠎ᠤᠨ ᠳᠣᠣᠷ᠎ᠠ ᠬᠢᠵᠠᠭ᠋ᠠᠷᠯᠠᠬᠤ ᠬᠤᠪᠢ᠎ᠳᠤ᠂  ᠹᠢᠽᠢᠺ᠎ᠤᠨ ᠲᠥᠷᠥᠯ᠎ᠤᠨ ᠵᠢᠩᠬᠢᠨᠢ ᠠᠩᠭᠢ᠎ᠳᠤ ᠡᠯᠰᠡᠬᠦ᠎ᠨᠢ 375 ᠬᠤᠪᠢ ;  ᠲᠡᠦᠬᠡ ᠵᠢᠨ ᠲᠥᠷᠥᠯ᠎ᠤᠨ ᠵᠢᠩᠬᠢᠨᠢ ᠠᠩᠭᠢ᠎ᠳᠤ ᠡᠯᠰᠡᠬᠦ᠎ᠨᠢ 418 ᠬᠤᠪᠢ ;  ᠠᠵᠢᠯ ᠮᠡᠷᠭᠡᠵᠢᠯ᠎ᠤᠨ ᠰᠤᠷᠭ᠋ᠠᠭᠤᠯᠢ ᠪᠠ ᠲᠤᠰᠬᠠᠢ ᠮᠡᠷᠭᠡᠵᠢᠯ᠎ᠤᠨ ᠰᠤᠷᠭ᠋ᠠᠭᠤᠯᠢ᠎ᠳᠤ ᠡᠯᠰᠡᠬᠦ᠎ᠨᠢ 160 ᠬᠤᠪᠢ ᠪᠣᠯᠣᠨ᠎ᠠ᠃

   ᠡᠨᠡ ᠵᠢᠯ ᠪᠣᠯ ᠮᠠᠨ᠎ᠤ ᠣᠷᠣᠨ᠎ᠤ ᠶᠡᠬᠡ ᠳᠡᠭᠡᠳᠦ ᠰᠤᠷᠭ᠋ᠠᠭᠤᠯᠢ᠎ᠳᠤ ᠰᠣᠷᠣᠬ᠍ᠴᠢ ᠡᠯᠰᠡᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠶᠡᠷᠦᠩᠬᠡᠢ᠌ᠯᠡᠭᠰᠡᠨ ᠥᠭᠡᠷᠡᠴᠢᠯᠡᠯᠲᠡ ᠵᠢ ᠨᠠᠢ᠌ᠳᠠᠪᠤᠷᠢᠵᠢᠭᠤᠯᠬᠤ ᠠᠩᠬᠠᠨ᠎ᠤ ᠵᠢᠯ ᠪᠣᠯᠣᠨ᠎ᠠ᠃  ᠮᠠᠨ᠎ᠤ ᠣᠷᠣᠨ ᠨᠢᠭᠡᠳᠦᠭᠡᠷ ᠪᠦᠯᠦᠭ ᠤᠳᠠᠭ᠎ᠠ ᠪᠠ ᠬᠣᠶᠠᠳᠤᠭ᠋ᠠᠷ ᠪᠦᠯᠦᠭ ᠤᠳᠠᠭ᠎ᠠ ᠵᠢ ᠨᠡᠢ᠌ᠯᠡᠭᠦᠯᠵᠦ᠂  ᠵᠢᠩᠬᠢᠨᠢ ᠠᠩᠭᠢ ᠵᠢᠨ ᠤᠷᠢᠳᠴᠢᠯᠠᠨ ᠡᠯᠰᠡᠬᠦ ᠪᠦᠯᠦᠭ᠎ᠤᠨ A ᠬᠡᠰᠡᠭ᠎ᠲᠤ ᠡᠷᠡᠮᠡᠯᠵᠡᠯ᠎ᠢ ᠤᠷᠢᠳ ᠵᠢᠡᠷ ᠪᠣᠳᠣᠯᠬᠢᠯᠠᠵᠤ ᠬᠤᠪᠢ ᠵᠢᠨ ᠳᠠᠷᠠᠭ᠋ᠠᠯᠠᠯ ᠵᠢᠡᠷ ᠡᠯᠰᠡᠬᠦ ᠵᠠᠭᠪᠤᠷ᠎ᠢ ᠬᠡᠷᠡᠭᠯᠡᠬᠦ᠎ᠠᠴᠠ ᠭᠠᠳᠠᠨ᠎ᠠ᠂  ᠪᠤᠰᠤᠳ ᠪᠦᠯᠦᠭ (  ᠬᠡᠰᠡᠭ ) ᠤᠳᠠᠭ᠎ᠠ᠎ᠳᠤ ᠴᠥᠮ 《  ᠶᠡᠬᠡ ᠳᠡᠭᠡᠳᠦ ᠰᠤᠷᠭ᠋ᠠᠭᠤᠯᠢ ᠵᠢᠨ ᠲᠤᠰᠬᠠᠢ ᠮᠡᠷᠭᠡᠵᠢᠯ᠎ᠤᠨ ᠳᠤᠭᠤᠢ᠌ᠯᠠᠩ 》᠎ᠤᠨ ᠵᠡᠷᠭᠡᠴᠡᠭᠡ ᠡᠷᠡᠮᠡᠯᠵᠡᠯ᠎ᠤᠨ ᠵᠠᠭᠪᠤᠷ᠎ᠢ ᠬᠡᠷᠡᠭᠯᠡᠵᠦ᠂  ᠪᠦᠯᠦᠭ (  ᠬᠡᠰᠡᠭ ) ᠤᠳᠠᠭ᠎ᠠ᠎ᠳᠤ 45 ᠵᠡᠷᠭᠡᠴᠡᠭᠡ ᠡᠷᠡᠮᠡᠯᠵᠡᠯ᠎ᠢ ᠲᠣᠬᠢᠷᠠᠭᠤᠯᠵᠤ᠂  ᠡᠷᠡᠮᠡᠯᠵᠡᠯ ᠪᠦᠷᠢ᠎ᠳᠤ 12 ᠲᠤᠰᠬᠠᠢ ᠮᠡᠷᠭᠡᠵᠢᠯ ᠪᠠ ᠲᠣᠬᠢᠷᠠᠭᠤᠯᠤᠯᠲᠠ ᠵᠢ ᠳᠠᠭ᠋ᠠᠬᠤ ᠡᠰᠡᠬᠦ ᠰᠣᠩᠭᠣᠯᠲᠠ ᠵᠢᠨ ᠵᠦᠢ᠍ᠯ᠎ᠢ 1 ᠲᠣᠬᠢᠷᠠᠭᠤᠯᠤᠨ᠎ᠠ᠃

   ᠡᠭᠦᠨ᠎ᠤ ᠬᠠᠮᠲᠤ᠂  ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠶᠡᠭᠡ ᠳᠡᠭᠡᠳᠦ ᠰᠤᠷᠭ᠋ᠠᠭᠤᠯᠢ᠎ᠳᠤ ᠰᠢᠯᠭ᠋ᠠᠭᠤᠯᠬᠤ ᠰᠢᠯᠭ᠋ᠠᠯᠲᠠ᠎ᠳᠤ ᠮᠡᠳᠡᠭᠦᠯᠬᠦ ᠰᠢᠰᠲ᠋ᠧᠮ᠎ᠤᠨ ᠵᠣᠬᠢᠴᠠᠯ᠎ᠤᠨ ᠴᠢᠨᠠᠷᠲᠠᠶ᠎ᠪᠠᠷ ᠲᠠᠰ ᠳᠡᠪᠰᠢᠭᠦᠯᠦᠭᠰᠡᠨ᠎ᠤ ᠳᠠᠷᠠᠭ᠎ᠠ ᠳᠠᠬᠢᠨ ᠬᠡᠷᠡᠭᠯᠡᠭᠡᠨ᠎ᠳᠤ ᠣᠷᠣᠪᠠ᠃  ᠳᠡᠰ ᠳᠡᠪᠰᠢᠭᠦᠯᠦᠭᠰᠡᠨ᠎ᠤ ᠳᠠᠷᠠᠭ᠎ᠠ ᠰᠢᠰᠲ᠋ᠧᠮ᠎ᠨᠢ ᠰᠢᠯᠭ᠋ᠠᠭᠤᠯᠤᠭᠴᠢ ᠵᠢᠨ ᠬᠢᠴᠢᠶᠡᠯ ᠲᠥᠷᠥᠯ᠎ᠢ ᠳᠡᠰ ᠬᠤᠪᠢᠶᠠᠨ ᠬᠥᠳᠡᠯᠦᠩᠭᠦᠶ᠎ᠪᠠᠷ ᠪᠤᠳᠤᠬᠤ᠂  ᠰᠢᠰᠲ᠋ᠧᠮ ᠵᠶ᠋ᠠᠷ ᠰᠢᠯᠢᠵᠦ ᠰᠢᠯᠭ᠋ᠠᠭᠤᠯᠤᠭᠴᠢ ᠵᠢᠨ ᠰᠣᠩᠭᠤᠬᠤ ᠰᠠᠯᠠᠭ᠎ᠠ᠎ᠨᠢ ᠲᠥᠯᠥᠪᠯᠡᠭᠡ ᠵᠢᠨ ᠱᠠᠭ᠋ᠠᠷᠳᠠᠯᠭ᠎ᠠ᠎ᠳᠤ ᠨᠡᠶ᠋ᠢᠴᠡᠬᠦ ᠦᠭᠡᠶ ᠰᠤᠷᠤᠭᠴᠢ ᠡᠯᠰᠡᠬᠦ ᠲᠥᠯᠥᠪᠯᠡᠭᠡ᠂  ᠠᠦ᠋ᠲ᠋ᠤ᠋ ᠬᠤᠯᠪᠣᠭ᠎ᠠ᠎ᠲᠠᠢ ᠳᠡᠭᠡᠳᠦ ᠰᠤᠷᠭ᠋ᠠᠭᠤᠯᠢ ᠵᠢᠨ ᠲᠤᠰᠬᠠᠶ ᠮᠡᠷᠭᠡᠵᠢᠯ᠎ᠤᠨ ᠳᠤᠭᠤᠶ᠋ᠢᠯᠠᠩ᠎ᠤᠨ ᠲᠡᠤᠬᠡ ᠵᠢᠨ ᠡᠯᠰᠡᠭᠰᠡᠨ ᠲᠤᠭ᠎ᠠ ᠪᠠᠷᠢᠮᠲᠠ ᠵᠢ ᠳᠡᠮᠵᠢᠬᠦ ᠵᠢ ᠳᠡᠮᠵᠢᠨ᠎ᠡ᠃  ᠡᠭᠦᠨ᠎ᠠᠴᠠ ᠭᠠᠳᠠᠨ᠎ᠠ᠂  ᠲᠣᠰ ᠰᠢᠰᠲ᠋ᠧᠮ ᠨᠢᠭᠡᠨᠲᠡ ᠰᠤᠷᠭ᠋ᠠᠨ ᠬᠥᠮᠦᠵᠢᠯ᠎ᠤᠨ ᠶᠠᠮᠤᠨ᠎ᠤ ᠨᠡᠷᠡᠨ ᠭᠡᠷᠡᠯᠲᠦ ᠰᠠᠶ᠋ᠢᠨ ᠳᠤᠷ᠎ᠠ ᠵᠢᠨ ᠮᠡᠳᠡᠭᠡ ᠵᠠᠩᠭᠢ ᠵᠢᠨ ᠦᠢ᠍ᠯᠡᠴᠢᠯᠡᠭᠡᠨ᠎ᠤ ᠰᠢᠰᠲ᠋ᠧᠮ᠎ᠲᠠᠢ ᠵᠣᠯᠭ᠋ᠠᠭᠤᠯᠵᠤ᠂  ᠶᠡᠭᠡ ᠳᠡᠭᠡᠳᠦ ᠰᠤᠷᠭ᠋ᠠᠭᠤᠯᠢ ᠵᠢᠨ ᠲᠤᠰᠬᠠᠶ ᠮᠡᠷᠭᠡᠵᠢᠯ᠎ᠤᠨ ᠲᠠᠨᠢᠯᠴᠠᠭᠤᠯᠭ᠎ᠠ ᠵᠢᠴᠢ ᠦᠨᠡᠯᠡᠯᠲᠡ᠂  ᠠᠵᠢᠯ ᠮᠡᠷᠭᠡᠵᠢᠯ᠎ᠤᠨ ᠬᠡᠲᠦ ᠵᠢᠨ ᠲᠥᠯᠥᠪ ᠵᠡᠷᠭᠡ ᠮᠡᠳᠡᠭᠡ ᠵᠠᠩᠭᠢ ᠵᠢ ᠬᠠᠩᠭ᠋ᠠᠵᠤ᠂  ᠨᠠᠩ ᠪᠥᠬᠦ ᠲᠠᠯ᠎ᠠ ᠵᠢᠨ᠂  ᠳᠥᠭᠦᠮ ᠳᠥᠲᠡ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠲᠠᠪᠴᠠᠩ᠎ᠢ ᠪᠣᠶ ᠪᠣᠯᠭ᠋ᠠᠪᠠ᠃

   ᠣᠢ᠌ᠯᠠᠭ᠋ᠠᠭᠰᠠᠨ ᠵᠶ᠋ᠠᠷ᠂ 6  ᠳ᠋ᠤᠭ᠋ᠠᠷ ᠰᠠᠷ᠎ᠠ ᠵᠢᠨ 26᠎ᠤ ᠡᠳᠦᠷ᠂  ᠮᠠᠨ᠎ᠤ ᠣᠷᠣᠨ ᠵᠢᠩᠬᠢᠨᠢ ᠠᠩᠭᠢ ᠵᠢᠨ ᠤᠷᠢᠳᠴᠢᠯᠠᠨ ᠡᠯᠰᠡᠬᠦ ᠪᠦᠯᠦᠭ᠂  ᠳᠡᠭᠡᠳᠦ ᠵᠡᠷᠭᠡ ᠵᠢᠨ ᠠᠵᠢᠯ ᠮᠡᠷᠭᠡᠵᠢᠯ (  ᠲᠤᠰᠬᠠᠢ ᠮᠡᠷᠭᠡᠵᠢᠯ )᠎ᠤᠨ ᠤᠷᠢᠳᠴᠢᠯᠠᠨ ᠡᠯᠰᠡᠬᠦ ᠴᠡᠷᠢᠭ᠎ᠤᠨ ᠶᠠᠪᠤᠳᠠᠯ᠂  ᠳᠣᠲᠣᠭ᠋ᠠᠳᠤ ᠵᠢ ᠬᠠᠮᠠᠭ᠋ᠠᠯᠠᠬᠤ᠂ ᠬᠠᠤᠯᠢ ᠴᠠᠭ᠋ᠠᠵᠠ ᠵᠠᠰᠠᠭ ᠵᠠᠬᠢᠷᠭ᠋ᠠᠨ᠎ᠤ ᠴᠠᠭᠳᠠᠭ᠎ᠠ᠂  ᠳᠤᠮᠳᠠᠳᠤ ᠤᠯᠤᠰ᠎ᠤᠨ ᠭᠠᠯ ᠰᠡᠷᠭᠡᠢ᠌ᠯᠡᠨ ᠭᠠᠯ ᠤᠨᠲᠠᠷᠠᠭ᠋ᠠᠵᠤ ᠠᠪᠤᠷᠠᠨ ᠲᠤᠰᠠᠯᠠᠬᠤ ᠶᠡᠬᠡ ᠳᠡᠭᠡᠳᠦ ᠰᠤᠷᠭ᠋ᠠᠭᠤᠯᠢ᠂ ᠪᠡᠭᠡᠵᠢᠩ᠎ᠤᠨ ᠡᠯᠧᠺᠲᠷᠣᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠡᠷᠭᠡ ᠡᠯ᠎ᠡ ᠲᠥᠷᠥᠯ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠠᠨᠠᠮᠵᠢ ᠵᠢᠨ ᠡᠷᠡᠮᠡᠯᠵᠡᠯ ᠲᠠᠭᠯᠠᠬᠤ ᠠᠵᠢᠯ᠎ᠢ ᠥᠷᠨᠢᠭᠦᠯᠬᠦ᠎ᠪᠠᠷ ᠪᠤᠶ᠃  ᠡᠯ᠎ᠡ ᠪᠦᠯᠦᠭ (  ᠬᠡᠰᠡᠭ ) ᠤᠳᠠᠭ᠎ᠠ ᠵᠢᠨ ᠡᠷᠡᠮᠡᠯᠵᠡᠯ ᠲᠠᠭᠯᠠᠬᠤ᠂  ᠲᠠᠩᠰᠠ ᠡᠪᠬᠡᠮᠡᠯ ᠥᠭᠬᠦ ᠪᠠ ᠡᠯᠰᠡᠬᠦ ᠪᠣᠳᠠᠲᠠᠢ ᠴᠠᠭ ᠵᠡᠷᠭᠡ ᠵᠢ ᠠᠰ᠎ᠲᠤᠨᠢ ᠨᠡᠢ᠌ᠲᠡᠯᠡᠨ᠎ᠡ᠂  ᠰᠢᠯᠭ᠋ᠠᠭᠤᠯᠤᠭᠴᠢ ᠵᠢᠴᠢ ᠭᠡᠷ᠎ᠤᠨ ᠠᠬᠠᠮᠠᠳ ᠥᠪᠥᠷ ᠮᠣᠩᠭᠣᠯ᠎ᠤᠨ ᠰᠣᠷᠣᠬ᠍ᠴᠢ ᠡᠯᠰᠡᠬᠦ ᠰᠢᠯᠭ᠋ᠠᠯᠲᠠ ᠵᠢᠨ ᠮᠡᠳᠡᠭᠡ ᠵᠠᠩᠭᠢ ᠵᠢᠨ ᠰᠦᠯᠵᠢᠶ᠎ᠡ ᠪᠠ ᠵᠢᠷᠭᠢᠶ᠎ᠡ ᠵᠢᠨ ᠤᠯᠠᠨ ᠨᠡᠶ᠋ᠢᠲᠡ ᠵᠢᠨ ᠲᠠᠪᠴᠠᠩ᠎ᠳᠤ ᠨᠡᠢ᠌ᠲᠡᠯᠡᠭᠰᠡᠨ ᠠᠯᠪᠠᠨ᠎ᠤ ᠲᠠᠯ᠎ᠠ ᠵᠢᠨ ᠮᠡᠳᠡᠭᠡ ᠵᠢ ᠰᠠᠢ᠌ᠲᠤᠷ ᠠᠩᠬᠠᠷᠤᠭ᠋ᠠᠷᠠᠢ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠤᠯᠤᠰ᠎ᠤᠨ ᠥᠮᠴᠢᠯᠡᠯᠲᠦ ᠡᠳ᠋ ᠬᠥᠷᠥᠩᠭᠡ ᠵᠢᠨ ᠬᠢᠨᠠᠯᠲᠠ ᠬᠠᠮᠢᠶᠠᠷᠤᠯᠲᠠ ᠵᠢᠨ ᠵᠥᠪᠯᠡᠯ᠎ᠤᠨ ᠰᠢᠰᠲᠸᠮ᠎ᠤᠨ ᠲᠥᠪ᠎ᠤᠨ ᠨᠠᠢ᠍ᠮᠠᠨ ᠲᠣᠭᠲᠠᠭ᠋ᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ ᠵᠢᠴᠢ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢ᠌ᠭᠤᠯᠤᠯᠲᠠ ᠵᠢᠨ ᠰᠡᠷᠡᠮᠵᠢᠯᠡᠭᠦᠯᠭᠦ ᠬᠥᠮᠦᠵᠢᠯ᠎ᠤᠨ ᠬᠤᠷᠠᠯ ᠬᠤᠷᠠᠯᠳᠤᠵᠠᠢ ᠶᠣᠣ ᠶᠦᠩ ᠪᠦᠸᠸ ᠶᠠᠷᠢᠶ᠎ᠠ ᠲᠠᠯᠪᠢᠪᠠ
ᠴᠤᠤᠯ ᠭᠤᠣᠯ᠎ᠤᠨ ᠤᠰᠤᠨ ᠠᠰᠢᠭᠯᠠᠯᠲᠠ ᠵᠢᠨ ᠬᠦᠢ᠍ᠰᠦ ᠵᠢᠨ ᠳᠣᠣᠷᠠᠳᠤ ᠤᠷᠤᠰᠬᠠᠯ᠎ᠤᠨ ᠥᠪᠥᠷ ᠮᠣᠩᠭᠤᠯ᠎ᠤᠨ ᠤᠰᠤᠯᠠᠯᠲᠠ ᠵᠢᠨ ᠣᠷᠣᠨ᠎ᠤ ᠢᠨᠵᠸᠨ᠋ᠸᠷᠢᠩ ᠪᠠᠷᠢᠯᠭ᠎ᠠ ᠳᠠᠭᠤᠰᠴᠦ ᠰᠢᠯᠭ᠋ᠠᠨ ᠬᠤᠷᠢᠶᠠᠪᠠ
2025 ᠣᠨ᠎ᠳᠤ ᠬᠠᠲᠤᠨ ᠭᠣᠣᠯ᠎ᠤᠨ ᠤᠰᠤ᠎ᠶ᠋ᠢ ᠲᠣᠬᠢᠷᠠᠭᠤᠯᠤᠨ ᠡᠯᠡᠰᠦ᠎ᠶ᠋ᠢ ᠲᠣᠬᠢᠷᠠᠭᠤᠯᠬᠤ ᠠᠵᠢᠯ ᠲᠡᠭᠦᠰ ᠠᠮᠵᠢᠯᠲᠠ᠎ᠲᠠᠢ ᠲᠡᠭᠦᠰᠪᠡ ᠬᠦᠮᠦᠷᠭᠡ᠎ᠶ᠋ᠢ ᠶᠡᠭᠦᠯᠡᠵᠦ᠍ ᠦᠶᠡᠷ᠎ᠢ ᠤᠭᠲᠤᠬᠤ ᠤᠰᠤᠨ ᠴᠥᠭᠥᠷᠥᠮ᠎ᠦᠨ ᠡᠯᠡᠰᠦ᠎ᠶᠢ ᠭᠠᠳᠠᠭᠰᠢᠯᠠᠭᠤᠯᠵᠤ ᠠᠮᠢ ᠠᠬᠤᠢ᠎ᠪᠠᠷ ᠤᠰᠤ ᠨᠥᠬᠥᠪᠦᠷᠢᠯᠡᠬᠦ ᠵᠡᠷᠭᠡ ᠣᠯᠠᠨ ᠲᠠᠯ᠎ᠠ᠎ᠪᠠᠷ ᠠᠰᠢᠭ᠋ ᠭᠥᠷᠳᠡᠬᠦ ᠬᠠᠷᠠᠯᠲᠠ᠎ᠶᠢ ᠪᠡᠶᠡᠯᠡᠭᠦᠯᠪᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠵᠢᠨ ᠤᠰᠤᠨ ᠠᠰᠢᠭᠯᠠᠯᠲᠠ ᠵᠢᠨ ᠲᠢᠩᠬᠢᠮ᠎ᠤᠨ ᠲᠥᠯᠥᠭᠡᠯᠡᠭᠴᠢᠳ᠎ᠤᠨ ᠠᠩᠭᠢ ᠪᠦᠬᠦ ᠤᠯᠤᠰ᠎ᠤᠨ ᠤᠰᠤᠨ ᠠᠰᠢᠭᠯᠠᠯᠲᠠ ᠵᠢᠨ ᠵᠠᠯᠠᠭᠤ ᠺᠠᠳ᠋ᠷᠴᠤᠳ᠎ᠤᠨ 《ᠦᠨᠳᠦᠰᠦᠨ ᠬᠥᠭ ᠠᠶᠠᠰ᠎ᠢ ᠭᠦᠨᠵᠡᠭᠡᠢ ᠰᠤᠳᠤᠯᠵᠤ᠂ ᠰᠢᠨ᠎ᠡ ᠴᠠᠭ ᠦᠶ᠎ᠡ᠎ᠳᠤ ᠭᠠᠪᠢᠶ᠎ᠠ ᠪᠠᠶ᠋ᠢᠭᠤᠯᠬᠤ》 ᠮᠡᠳᠡᠯᠭᠡ ᠵᠢᠨ ᠤᠷᠤᠯᠳᠤᠭ᠋ᠠᠨ᠎ᠤ ᠬᠠᠭ᠋ᠠᠰ ᠰᠢᠢ᠍ᠳᠪᠦᠷᠢᠲᠦ ᠤᠷᠤᠯᠳᠤᠭ᠋ᠠᠨ᠎ᠳᠤ ᠠᠮᠵᠢᠯᠲᠠᠲᠠᠢ ᠲᠠᠪᠰᠢᠪᠠ
2020 ᠣᠨ᠎ᠤ 《ᠬᠣᠶᠠᠷ᠎ᠢ ᠲᠤᠬᠢᠶᠠᠯᠳᠤᠯ ᠵᠶ᠋ᠡᠷ ᠰᠤᠩᠭᠤᠵᠤ᠂ ᠨᠢᠭᠡ ᠵᠢ ᠢᠯᠡ ᠪᠣᠯᠭ᠋ᠠᠬᠤ》 ᠲᠠᠷᠢᠶᠠᠯᠠᠬᠤ ᠮᠠᠯᠵᠢᠬᠤ ᠣᠷᠣᠨ᠎ᠤ ᠤᠰᠤ ᠬᠠᠩᠭ᠋ᠠᠬᠤ ᠨᠢᠭᠡᠴᠢ ᠵᠢᠨ ᠬᠠᠤᠯᠢ ᠬᠡᠷᠡᠭᠵᠢᠬᠦᠯᠦᠯᠳᠡ ᠵᠢ ᠪᠠᠶ᠋ᠢᠴᠠᠭ᠋ᠠᠬᠤ ᠨᠢᠭᠡᠳᠦᠭᠡᠷ ᠳᠤᠭᠤᠶ᠋ᠢᠯᠠᠩ᠎ᠤᠨ ᠪᠠᠶ᠋ᠢᠳᠠᠯ᠎ᠤᠨ ᠳ᠋ᠦᠩᠨᠡᠯᠳᠡ
 
            