ᠥᠨᠥ᠍ ᠵᠢᠯ᠎ᠦ᠋ᠨ 16 ᠳ᠋ᠤᠭᠠᠷ ᠨᠣᠮᠧᠷᠲᠦ ᠲᠠᠢᠹᠧᠩ ᠰᠠᠯᠬᠢ 《ᠲᠠᠪ 》 9 ᠳ᠋ᠤᠭᠡᠷ ᠰᠠᠷ᠎ᠠ᠎ᠶᠢᠨ 8 ᠤ᠋ ᠡᠳᠦᠷ᠎ᠦ᠋ᠨ 8 ᠴᠠᠭ 50 ᠮᠢᠨᠦ᠋ᠲ ᠦ᠋ᠨ ᠤᠷᠢᠳ ᠬᠣᠵᠢᠳ ᠭᠤᠸᠠᠩᠳᠦ᠋ᠩ ᠦ᠋ᠨ ᠲᠠᠢ ᠱᠠᠨ ᠠᠭᠤᠯᠠ᠎ᠶ᠋ᠢᠨ ᠬᠠᠭᠤᠷᠠᠢᠳ᠋ᠤ ᠭᠠᠷᠴᠤ᠌᠂ ᠬᠠᠭᠤᠷᠠᠢᠳ᠋ᠤ ᠭᠠᠷᠬᠤ ᠦᠶᠡᠰ ᠲᠥᠪ᠎ᠦ᠋ᠨ ᠣᠢᠷ᠎ᠠ ᠬᠠᠪᠢ ᠶᠢᠨ ᠬᠠᠮᠤᠭ ᠶᠡᠬᠡ ᠰᠠᠯᠬᠢᠨᠤ᠋ ᠬᠦᠴᠦ᠍ 11 ᠳᠡᠰ(ᠰᠠᠯᠬᠢᠨᠤ᠋ ᠬᠤᠷᠳᠤᠴᠠ ᠰᠸᠺᠦ᠋ᠨ᠋ᠳ᠋ ᠪᠦᠷᠢ 30 ᠮᠧᠲ᠋ᠷ )ᠪᠤᠯᠤᠨ᠎ᠠ᠃ ᠵᠢᠱ᠌ᠢᠯᠲᠡ᠎ᠪᠠᠷ᠂《ᠲᠠᠪ 》᠎ᠨᠢ ᠴᠠᠭ ᠪᠦᠷᠢ 20 ᠺᠢᠯᠣᠮᠧᠲᠷ ᠣᠷᠴᠢᠮ᠎ᠤᠨ ᠬᠤᠷᠳᠤᠴᠠ᠎ᠪᠠᠷ ᠪᠠᠷᠠᠭᠤᠨ ᠬᠤᠢᠲᠤ ᠴᠢᠭ᠌ᠯᠡᠯ ᠲᠡᠢᠰᠢ ᠱᠢᠯᠵᠢᠵᠦ᠍᠂ ᠬᠦᠴᠦᠯᠡᠴᠡ᠎ᠨᠢ ᠠᠭᠠᠵᠢᠮ᠎ᠢᠶᠠᠷ ᠪᠠᠭᠤᠷᠠᠬᠤ ᠪᠣᠯᠣᠨ᠎ᠠ᠃
ᠲᠠᠢᠹᠧᠩ ᠰᠠᠯᠬᠢ 《ᠲᠠᠪ 》᠎ᠤᠨ ᠨᠦᠯᠦᠭᠡᠯᠡᠯ᠎ᠢᠶᠠᠷ᠂ ᠵᠢᠱ᠌ᠢᠯᠲᠡ᠎ᠪᠠᠷ 9 ᠳ᠋ᠤᠭᠡᠷ ᠰᠠᠷ᠎ᠠ ᠶ᠋ᠢᠨ 8 ᠤ ᠡᠳᠦᠷ᠎ᠠᠴᠠ 10 ᠤ ᠡᠳᠦᠷ ᠪᠣᠯᠲᠠᠯ᠎ᠠ᠂ ᠭᠤᠸᠠᠩᠳᠦ᠋ᠩ᠎ᠤᠨ ᠶᠡᠬᠡᠩᠬᠢ ᠬᠡᠰᠡᠭ᠂ ᠭᠤᠸᠠᠩᠰᠢ᠎ᠶ᠋ᠢᠨ ᠶᠡᠬᠡᠩᠬᠢ ᠬᠡᠰᠡᠭ᠂ ᠬᠠᠢᠨᠠᠨ᠎ᠤ ᠬᠤᠢᠲᠤ ᠬᠡᠰᠡᠭ᠂ ᠭᠦᠢᠵᠧᠦ᠍᠎ᠶ᠋ᠢᠨ ᠡᠮᠦᠨ᠎ᠡ ᠬᠡᠰᠡᠭ᠂ ᠶᠦᠨᠨᠠᠨ᠎ᠤ ᠵᠡᠭᠦᠨ ᠡᠮᠦᠨ᠎ᠡ ᠬᠡᠰᠡᠭ ᠵᠡᠷᠭᠡ ᠭᠠᠵᠠᠷ᠎ᠲᠤ ᠶᠡᠭᠡ ᠡᠴᠡ ᠱᠢᠷᠦᠭᠦᠨ ᠪᠣᠷᠣᠭᠠᠨ ᠣᠷᠣᠬᠤ ᠪᠣᠯᠤᠨ᠎ᠠ᠂ ᠡᠭᠦᠨ᠎ᠳᠦ ᠭᠤᠸᠠᠩᠳᠦ᠋ᠩ᠎ᠤᠨ ᠪᠠᠷᠠᠭᠤᠨ ᠬᠡᠰᠡᠭ ᠂ ᠭᠤᠸᠠᠩᠰᠢ᠎ᠶ᠋ᠢᠨ ᠳᠤᠮᠳᠠᠳᠤ ᠬᠡᠰᠡᠭ ᠡᠮᠦᠨ᠎ᠡ ᠬᠡᠰᠡᠭ ᠵᠡᠷᠭᠡ ᠬᠡᠰᠡᠭ ᠭᠠᠵᠠᠷ ᠣᠷᠣᠨ᠎ᠳᠤ ᠶᠡᠬᠡ ᠱᠢᠷᠦᠭᠦᠨ ᠪᠣᠷᠣᠭᠠᠨ ᠣᠷᠣᠨ᠎ᠠ ; ᠭᠤᠸᠠᠩᠳᠦ᠋ᠩ᠎ᠤᠨ ᠳ᠋ᠦᠩ ᠵᠢᠶᠠᠩ ᠮᠥᠷᠡᠨ ᠵᠢᠴᠢ ᠭᠤᠸᠠᠩᠵᠸᠦ ᠶ᠋ᠢᠨ ᠪᠠᠷᠠᠭᠤᠨ ᠬᠡᠰᠡᠭ ᠳᠠᠯᠠᠢ ᠳᠠᠭᠤ ᠵᠤ᠌ ᠾᠸ ᠭᠣᠣᠯ ᠂ ᠭᠤᠸᠠᠩᠰᠢ ᠶ᠋ᠢᠨ ᠰᠢ ᠵᠢᠶᠠᠩ ᠮᠦᠷᠡᠨᠦ ᠭᠣᠣᠯ ᠤᠷᠤᠰᠭᠠᠯ ᠵᠢᠴᠢ ᠰᠠᠯᠪᠤᠷᠢ ᠤᠷᠤᠰᠭᠠᠯ ᠢᠦᠶ ᠵᠢᠶᠠᠩ ᠮᠥᠷᠡᠨ᠂ ᠭᠦᠢ᠍ᠯᠢᠨᠦ ᠳᠠᠯᠠᠢ ᠳᠠᠭ᠋ᠠᠤ ᠣᠷᠣᠨ ᠨᠤᠭᠤᠳ᠂ ᠬᠠᠢᠨᠠᠨ ᠮᠤᠵᠢ ᠶ᠋ᠢᠨ ᠡᠮᠦᠨ᠎ᠡ ᠳ᠋ᠦ᠋ ᠵᠢᠶᠠᠩ ᠮᠥᠷᠡᠨ᠂ ᠭᠦᠢᠵᠸᠦ ᠮᠤᠵᠢ᠎ᠶ᠋ᠢᠨ ᠪᠸᠢ ᠫᠠᠨ ᠵᠢᠶᠠᠩ ᠮᠥᠷᠡᠨ᠂ ᠶᠦᠨᠨᠠᠨ ᠮᠤᠵᠢ ᠶ᠋ᠢᠨ ᠨᠠᠨ ᠫᠠᠠ ᠵᠢᠶᠠᠩ ᠮᠥᠷᠡᠨ ᠵᠡᠷᠭᠡ ᠭᠣᠣᠯ ᠮᠥᠷᠡᠨ᠎ᠳᠦ ᠤᠰᠤ ᠨᠡᠮᠡᠭ᠌ᠳᠡᠬᠦ᠌ ᠶᠠᠪᠤᠴᠠ ᠢᠯᠡᠷᠡᠵᠦ᠍᠂ ᠱᠢᠷᠦᠭᠦᠨ ᠪᠣᠷᠣᠭᠠᠨ᠎ᠤ ᠣᠷᠣᠨ᠎ᠤ ᠳᠤᠮᠳᠠ ᠵᠢᠵᠢᠭ ᠭᠣᠣᠯ ᠮᠥᠷᠡᠨ᠎ᠳᠤ ᠰᠡᠷᠡᠮᠵᠢ᠎ᠶᠢᠨ ᠱᠤᠭᠤᠮ᠎ᠠᠴᠠ ᠳᠠᠪᠠᠭ᠍ᠰᠠᠨ ᠦᠶᠡᠷ ᠡᠭᠦᠰᠭᠦ ᠪᠣᠯᠣᠮᠵᠢ ᠲᠠᠢ ᠃
ᠤᠯᠤᠰ᠎ᠤᠨ ᠦᠶᠡᠷ᠎ᠢ ᠰᠡᠷᠭᠡᠢᠯᠡᠵᠦ᠍ ᠭᠠᠩ ᠬᠠᠭ᠍ᠰᠠᠷᠠᠭᠠᠨ᠎ᠲᠠᠢ ᠲᠡᠮᠡᠴᠡᠬᠦ᠌ ᠠᠵᠢᠯ᠎ᠤᠨ ᠶᠡᠷᠦᠩᠬᠡᠶ ᠭᠡᠯᠲᠡᠰ᠎ᠦᠨ ᠳᠡᠳ᠋ ᠶᠡᠷᠦᠩᠬᠡᠢ ᠵᠢᠯᠣᠭᠤᠳᠣᠭ᠍ᠴᠢ᠂ ᠤᠰᠤᠨ ᠠᠱᠢᠭ᠍ᠯᠠᠯᠲᠠ᠎ᠶ᠋ᠢᠨ ᠶᠠᠮᠤᠨ᠎ᠤ ᠰᠠᠢᠳ ᠯᠢ ᠭᠦᠸᠧ ᠶᠢᠩ ᠲᠠᠢᠹᠸᠩ ᠰᠠᠯᠬᠢᠨ᠎ᠤ ᠬᠥᠭ᠌ᠵᠢᠯᠲᠡ᠎ᠶ᠋ᠢᠨ ᠪᠠᠢᠳᠠᠯ᠎ᠢ ᠨᠢᠭ᠍ᠲᠠ ᠬᠢᠨᠠᠨ ᠠᠵᠢᠭ᠍ᠯᠠᠵᠤ᠂ ᠰᠠᠯᠬᠢᠨ᠎ᠤ ᠪᠠᠢᠳᠠᠯ ᠪᠣᠷᠣᠭᠠᠨ᠎ᠤ ᠪᠠᠢᠳᠠᠯ ᠤᠰᠤᠨ᠎ᠤ ᠪᠠᠢᠳᠠᠯ᠎ᠢ ᠬᠢᠨᠠᠨ ᠱᠢᠨᠵᠢᠵᠦ᠍ ᠤᠷᠢᠳᠴᠢᠯᠠᠨ ᠮᠡᠳᠡᠭᠡᠯᠡᠵᠦ᠍ ᠤᠷᠢᠳᠴᠢᠯᠠᠨ ᠰᠡᠷᠡᠮᠵᠢᠯᠡᠭᠦᠯᠬᠦ᠌᠎ᠶ᠋ᠢ ᠴᠢᠩᠭᠠᠳᠭᠠᠵᠤ᠂ ᠢᠯᠠᠩᠭᠤᠶ᠎ᠠ ᠲᠠᠢᠹᠧᠩ ᠰᠠᠯᠬᠢ ᠪᠠᠭᠤᠷᠠᠭ᠍ᠰᠠᠨᠤ ᠳᠠᠷᠠᠭᠠᠬᠢ ᠦᠯᠡᠳᠡᠭ᠌ᠳᠡᠯ ᠡᠭᠦᠯᠡᠨ ᠱᠢᠰᠲ᠋ᠧᠮ᠎ᠤᠨ ᠨᠥᠯᠥᠭᠡ᠎ᠶ᠋ᠢ ᠰᠠᠢᠲᠤᠷ ᠠᠩᠬᠠᠷᠴᠤ᠌᠂ ᠰᠡᠷᠭᠡᠢᠯᠡᠨ ᠠᠷᠭᠠᠴᠠᠭᠠᠬᠤ ᠠᠷᠭ᠎ᠠ ᠬᠡᠮᠵᠢᠶ᠎ᠡ᠎ᠶ᠋ᠢ ᠬᠠᠨᠳᠤᠯᠭᠠᠲᠤ ᠴᠢᠨᠠᠷᠲᠠᠶ᠎ᠪᠠᠷ ᠨᠠᠢᠳᠠᠪᠤᠷᠢᠵᠢᠭᠤᠯᠬᠤ ᠬᠡᠷᠡᠭ᠌ᠲᠡᠶ ᠭᠡᠵᠦ᠍ ᠱᠠᠭᠠᠷᠳᠠᠪᠠ᠃ ᠤᠰᠤᠨ ᠠᠱᠢᠭ᠍ᠯᠠᠯᠲᠠ᠎ᠶ᠋ᠢᠨ ᠶᠠᠮᠤᠨ ᠡᠳᠦᠷ ᠳᠠᠷᠠᠭᠠᠯᠠᠨ ᠵᠥᠪᠳᠡᠯᠴᠡᠨ ᠰᠤᠳᠤᠯᠤᠨ ᠮᠠᠭᠠᠳᠯᠠᠵᠤ᠂ ᠦᠷᠭᠦᠯᠵᠢᠯᠡᠨ ᠬᠠᠨᠳᠤᠯᠭᠠᠲᠤ ᠰᠡᠷᠡᠮᠵᠢᠯᠡᠭᠦᠯᠦᠯ ᠥᠭ᠌ᠴᠦ᠂ ᠤᠰᠤᠨ ᠴᠥᠭᠦᠷᠥᠮ᠎ᠤᠨ ᠦᠶᠡᠷ᠎ᠢ ᠠᠮᠤᠷ ᠲᠦᠪᠱᠢᠨ᠎ᠢᠶᠠᠷ ᠥᠩᠭᠡᠷᠡᠭᠦᠯᠬᠦ᠂ ᠳᠤᠮᠳᠠ ᠵᠢᠵᠢᠭ ᠭᠣᠣᠯ ᠮᠥᠷᠡᠨ᠎ᠦ ᠦᠶᠡᠷ᠎ᠤᠨ ᠤᠰᠤ ᠶ᠋ᠢ ᠰᠡᠷᠭᠡᠢᠯᠡᠬᠦ᠌ ᠪᠠ ᠠᠭᠤᠯᠠ ᠶ᠋ᠢᠨ ᠦᠶᠡᠷ᠎ᠤᠨ ᠭᠠᠮᠱᠢᠭ᠎ᠢ ᠰᠡᠷᠭᠡᠢᠯᠡᠬᠦ᠂ ᠬᠤᠲᠠ᠎ᠶ᠋ᠢᠨ ᠤᠰᠤᠲᠤᠯ᠎ᠢ ᠰᠡᠷᠭᠡᠢᠯᠡᠬᠦ᠌ ᠵᠡᠷᠭᠡ᠎ᠳᠤ ᠪᠠᠢᠷᠢᠯᠠᠭᠤᠯᠤᠯᠲᠠ ᠬᠢᠪᠡ᠃ ᠤᠰᠤᠨ ᠠᠱᠢᠭ᠍ᠯᠠᠯᠳᠠ᠎ᠶ᠋ᠢᠨ ᠶᠠᠮᠤᠨ᠎ᠤ ᠵᠦᠵᠢᠶᠠᠩ ᠮᠦᠷᠡᠨ᠎ᠤ ᠤᠰᠤᠨ ᠠᠱᠢᠭ᠍ᠯᠠᠯᠳᠠ᠎ᠶ᠋ᠢᠨ ᠵᠦᠪᠯᠡᠯ᠎ᠨᠢ ᠰᠢ ᠵᠢᠶᠠᠩ ᠮᠥᠷᠡᠨ ᠳ᠋ᠠ ᠲᠧᠩ ᠱᠢᠶᠠ ᠬᠠᠪᠴᠢᠯ᠂ ᠭᠤᠸᠠᠩᠳᠦ᠋ᠩ᠎ᠤᠨ ᠪᠠᠷᠠᠭᠤᠨ ᠬᠡᠰᠡᠭ ᠤᠨ ᠭᠤᠤ ᠵᠸᠤ᠂ ᠳ᠋ᠠ ᠡᠾᠧ ᠭᠤᠤᠯ ᠵᠡᠷᠭᠡ ᠭᠤᠤᠯᠯᠠᠭ᠍ᠴᠢ ᠤᠰᠤᠨ ᠴᠦᠬᠦᠷᠦᠮ᠎ᠤᠨ 2.6 ᠳ᠋ᠦᠩᠱᠢᠭᠤᠷ ᠪᠤᠰᠤᠭ᠎ᠠ ᠲᠦᠷᠪᠡᠯᠵᠢᠨ ᠮᠧᠲᠷ ᠲᠠᠯᠠᠪᠠᠢ ᠪᠦᠬᠦᠢ ᠤᠷᠢᠳᠴᠢᠯᠠᠨ ᠤᠰᠤ ᠭᠠᠳᠠᠬ᠍ᠰᠢᠯᠠᠭᠤᠯᠬᠤ ᠪᠡᠯᠡᠳᠭᠡᠯ ᠬᠦᠮᠦᠷᠭᠡ᠎ᠶ᠋ᠢ ᠱᠢᠨᠵᠢᠯᠡᠬᠦ᠌ ᠤᠬᠠᠭᠠᠨᠴᠢ᠎ᠪᠠᠷ ᠲᠤᠬᠢᠷᠠᠭᠤᠯᠵᠤ᠂ ᠦᠶᠡᠷ᠎ᠢ ᠬᠠᠱᠢᠨ ᠬᠡᠷᠡᠭ᠌ᠯᠡᠬᠦ᠌ ᠪᠡᠯᠡᠳᠭᠡᠯ᠎ᠢ ᠬᠦᠢᠴᠡᠳ ᠰᠠᠢᠳᠤᠷ ᠬᠢᠨ᠎ᠠ; 50 ᠭᠠᠷᠤᠢ ᠮᠡᠷᠭᠡᠵᠢᠯ᠎ᠤᠨ ᠬᠦᠴᠦᠨ᠎ᠢ ᠤᠷᠢᠳᠴᠢᠯᠠᠨ ᠲᠤᠬᠢᠷᠠᠭᠤᠯᠵᠤ᠂ ᠵᠢᠯᠣᠭᠣᠳᠣᠨ ᠳᠡᠮᠵᠢᠬᠦ᠌ ᠪᠡᠨ ᠴᠢᠩᠭᠠᠳᠭᠠᠪᠠ᠃ ᠭᠤᠸᠠᠩᠳᠦ᠋ᠩ ᠮᠤᠵᠢ ᠶ᠋ᠢᠨ ᠤᠰᠤᠨ ᠠᠱᠢᠭ᠍ᠯᠠᠯᠲᠠ᠎ᠶ᠋ᠢᠨ ᠲᠢᠩᠬᠢᠮ 4 ᠠᠵᠢᠯᠯᠠᠬᠤ ᠳᠤᠭᠤᠢᠯᠠᠩ ᠢ ᠨᠢᠭᠡᠳᠦᠭᠡᠷ ᠹᠷᠤᠨᠲ᠎ᠲᠤ ᠲᠣᠮᠢᠯᠠᠨ᠂ 78 ᠠᠶᠤᠯ᠎ᠠᠴᠠ ᠠᠪᠤᠷᠠᠬᠤ ᠠᠩᠭᠢ 2100 ᠭᠠᠷᠤᠶ ᠬᠥᠮᠦᠰ᠎ᠢ ᠤᠷᠢᠳᠴᠢᠯᠠᠨ ᠲᠣᠬᠢᠷᠠᠭᠤᠯᠵᠤ᠂ ᠪᠠᠴᠢᠮ ᠪᠠᠢᠳᠠᠯ᠎ᠢ ᠠᠷᠭᠠᠴᠠᠭᠠᠵᠤ ᠠᠶᠤᠯ᠎ᠠᠴᠠ ᠠᠪᠤᠷᠠᠬᠤ ᠪᠡᠯᠡᠳᠭᠡᠯ ᠠᠵᠢᠯ᠎ᠢ ᠰᠠᠢᠲᠤᠷ ᠬᠢᠪᠡ᠃ ᠭᠤᠸᠠᠩᠰᠢ᠎ᠶ᠋ᠢᠨ ᠵᠤᠸᠠᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠤᠰᠤᠨ ᠠᠱᠢᠭ᠍ᠯᠠᠯᠲᠠ᠎ᠶ᠋ᠢᠨ ᠲᠢᠩᠬᠢᠮ ᠤᠷᠢᠳᠴᠢᠯᠠᠨ ᠮᠡᠳᠡᠭ᠌ᠳᠡᠯ ᠭᠠᠷᠭᠠᠵᠤ᠂ ᠳᠤᠮᠳᠠ ᠵᠢᠵᠢᠭ ᠭᠣᠤᠯ ᠮᠥᠷᠡᠨ᠎ᠦ ᠦᠶᠡᠷ ᠪᠣᠯᠤᠨ ᠠᠭᠤᠯᠠ ᠶ᠋ᠢᠨ ᠦᠶᠡᠷ᠎ᠦᠨ ᠭᠠᠮᠱᠢᠭ᠎ᠢ ᠰᠡᠷᠭᠡᠢᠯᠡᠬᠦ᠂ ᠤᠰᠤᠨ ᠴᠥᠭᠥᠷᠥᠮ᠎ᠦᠨ ᠲᠣᠬᠢᠷᠠᠭᠤᠯᠤᠯᠲᠠ ᠵᠡᠷᠭᠡ ᠠᠵᠢᠯ᠎ᠢ ᠵᠣᠬᠢᠶᠠᠨ ᠪᠠᠢᠭᠤᠯᠤᠨ ᠰᠠᠢᠲᠤᠷ ᠬᠢᠬᠦ᠌ ᠬᠡᠷᠡᠭ᠌ᠲᠡᠶ᠃
ᠣᠳᠣᠬᠠᠨ᠎ᠳᠤ᠂ ᠤᠰᠤᠨ ᠠᠱᠢᠭ᠍ᠯᠠᠯᠲᠠ᠎ᠶ᠋ᠢᠨ ᠶᠠᠮᠤᠨ ᠭᠤᠸᠠᠩᠳᠦ᠋ᠩ᠂ ᠭᠤᠸᠠᠩᠰᠢ᠎ᠶ᠋ᠢᠨ ᠦᠶᠡᠷ᠎ᠤᠨ ᠰᠡᠷᠭᠡᠢᠯᠡᠯᠲᠡ᠎ᠶ᠋ᠢᠨ Ⅳᠲᠠᠰ᠎ᠤᠨ ᠪᠠᠴᠢᠮ ᠪᠠᠢᠳᠠᠯ᠎ᠢ ᠠᠷᠭᠠᠴᠠᠭᠠᠬᠤ᠎ᠳᠤ ᠴᠢᠭ᠌ᠯᠡᠭᠦᠯᠵᠦ᠍᠂ 2 ᠠᠵᠢᠯᠯᠠᠬᠤ ᠳᠤᠭᠤᠢᠯᠠᠩ ᠶᠠᠭ ᠨᠢᠭᠡᠳᠦᠭᠡᠷ ᠹᠷᠣᠨᠲ᠎ᠲᠤ ᠱᠢᠷᠦᠭᠦᠨ ᠪᠣᠷᠣᠭᠠᠨ᠎ᠤ ᠦᠶᠡᠷ᠎ᠤᠨ ᠤᠰᠤ᠎ᠶ᠋ᠢ ᠰᠡᠷᠭᠡᠢᠯᠡᠬᠦ᠌ ᠠᠵᠢᠯ᠎ᠢ ᠬᠠᠮᠵᠢᠨ ᠵᠢᠯᠣᠭᠤᠳᠴᠤ᠌ ᠪᠠᠢᠨ᠎ᠠ᠃
ᠬᠠᠷᠢᠭᠤᠴᠠᠭ᠍ᠰᠠᠨ ᠨᠠᠢᠷᠠᠭᠤᠯᠤᠭ᠍ᠴᠢ᠄ ᠵᠢᠶᠠᠨ ᠵᠧᠨ ᠵᠧᠨ