ᠵᠢᠱ᠌ᠢᠯᠲᠡ᠎ᠪᠠᠷ᠂ 9 ᠳ᠋ᠤᠭᠡᠷ ᠰᠠᠷ᠎ᠠ᠎ᠶ᠋ᠢᠨ ᠬᠤᠷᠢᠳ᠎ᠢᠶᠠᠷ᠂ ᠬᠦᠢᠲᠡᠨ ᠠᠭᠤᠷ ᠠᠮᠢᠰᠭᠤᠯ ᠪᠠ 18 ᠳ᠋ᠤᠭᠠᠷ ᠨᠣᠮᠧᠷᠲᠤ ᠲᠠᠢᠹᠧᠩ ᠰᠠᠯᠬᠢ 《 ᠬᠤᠸᠠ ᠵᠢᠶᠠ ᠱᠠ 》 ᠶ᠋ᠢᠨ ᠨᠥᠯᠥᠭᠡ᠎ᠪᠠᠷ᠂ ᠮᠠᠨ᠎ᠤ ᠤᠯᠤᠰ᠎ᠤᠨ ᠡᠮᠦᠨ᠎ᠡ ᠤᠮᠠᠷ᠎ᠠ ᠣᠷᠣᠨ᠎ᠳᠤ ᠲᠤᠰ ᠪᠦᠷᠢ ᠨᠢᠭᠡ ᠤᠳᠠᠭᠠᠨ᠎ᠤ ᠱᠢᠷᠦᠭᠦᠨ ᠪᠣᠷᠣᠭᠠᠨ᠎ᠤ ᠶᠠᠪᠤᠴᠠ᠎ᠲᠠᠢ᠂ ᠬᠠᠲᠤᠨ ᠭᠤᠣᠯ᠎ᠤᠨ ᠳᠤᠮᠳᠠ ᠤᠷᠤᠰᠭᠠᠯ᠎ᠤᠨ ᠭᠤᠣᠯ ᠤᠷᠤᠰᠭᠠᠯ ᠵᠢᠴᠢ ᠰᠠᠯᠪᠤᠷᠢ ᠤᠷᠤᠰᠭᠠᠯ ᠸᠧᠢ ᠾᠧ ᠭᠣᠣᠯ᠂ ᠢ ᠯᠦᠸᠧ ᠾᠧ ᠭᠤᠣᠯ᠂ ᠬᠥᠬᠡᠮᠥ᠋ᠷᠡᠨ᠎ᠤ ᠳᠡᠭᠡᠳᠦ ᠤᠷᠤᠰᠭᠠᠯ᠎ᠤᠨ ᠭᠤᠣᠯ ᠤᠷᠤᠰᠭᠠᠯ ᠵᠢᠴᠢ ᠰᠠᠯᠪᠤᠷᠢ ᠤᠷᠤᠰᠭᠠᠯ ᠵᠢᠶᠠ ᠯᠢᠩ ᠵᠢᠶᠠᠩ ᠮᠥᠷᠡᠨ᠂ ᠬᠠᠨ ᠵᠢᠶᠠᠩ ᠮᠥᠷᠡᠨ᠎ᠤ ᠳᠡᠭᠡᠳᠦ ᠤᠷᠤᠰᠭᠠᠯ᠂ ᠵᠦᠵᠢᠶᠠᠩ ᠮᠥᠷᠡᠨ᠎ᠤ ᠰᠠᠪᠠ ᠭᠠᠵᠠᠷ ᠪᠸᠢ ᠵᠢᠶᠠᠩ ᠮᠥᠷᠡᠨ᠂ ᠬᠠᠨ ᠵᠢᠶᠠᠩ ᠮᠥᠷᠡᠨ᠂ ᠢᠦᠢ ᠵᠢᠶᠠᠩ ᠮᠥᠷᠡᠨ᠂ ᠭᠤᠸᠠᠩᠳᠦ᠋ᠩ᠎ᠤᠨ ᠭᠤᠸᠠᠩᠰᠢ᠎ᠶ᠋ᠢᠨ ᠳᠠᠯᠠᠢ ᠳᠠᠭᠠᠤ ᠵᠢᠴᠢ ᠬᠠᠢᠨᠠᠨ ᠵᠡᠷᠭᠡ ᠭᠠᠵᠠᠷ᠎ᠤᠨ ᠭᠤᠣᠯ ᠮᠥᠷᠡᠨ᠎ᠳᠤ ᠤᠰᠤ ᠨᠡᠮᠡᠭ᠌ᠳᠡᠬᠦ᠌ ᠶᠠᠪᠤᠴᠠ ᠢᠯᠡᠷᠡᠬᠦ᠌ ᠪᠣᠯᠣᠨ᠎ᠠ᠂ ᠵᠢᠶᠠ ᠯᠢᠩ ᠵᠢᠶᠠᠩ ᠮᠥᠷᠡᠨ ᠵᠢᠴᠢ ᠬᠠᠨ ᠵᠢᠶᠠᠩ ᠮᠥᠷᠡᠨ᠎ᠤ ᠳᠡᠭᠡᠳᠦ ᠤᠷᠤᠰᠭᠠᠯ ᠵᠡᠷᠭᠡ ᠭᠣᠣᠯ ᠮᠥᠷᠡᠨ᠎ᠳᠦ ᠨᠣᠮᠧᠷᠲᠤ ᠦᠶᠡᠷ ᠡᠭᠦᠰᠭᠦ ᠪᠣᠯᠣᠮᠵᠢ ᠲᠠᠢ᠂ ᠱᠢᠷᠦᠭᠦᠨ ᠪᠣᠷᠣᠭᠠᠨ᠎ᠤ ᠣᠷᠣᠨ᠎ᠳᠤ ᠭᠤᠸᠠᠩᠳᠦ᠋ᠩ᠂ ᠭᠤᠸᠠᠩᠰᠢ᠂ ᠬᠠᠢᠨᠠᠨ᠂ ᠰᠧᠴᠤᠸᠠᠨ᠂ ᠴᠦᠩᠴᠢᠩ᠂ ᠱᠠᠨᠰᠢ ᠵᠡᠷᠭᠡ ᠭᠠᠵᠠᠷ᠎ᠤᠨ ᠳᠤᠮᠳᠠ ᠵᠢᠵᠢᠭ ᠭᠤᠣᠯ ᠮᠥᠷᠡᠨ᠎ᠳᠤ ᠰᠡᠷᠡᠮᠵᠢ ᠡᠴᠡ ᠳᠠᠪᠠᠭ᠍ᠰᠠᠨ ᠦᠶᠡᠷ ᠡᠭᠦᠰᠴᠦ᠍ ᠮᠡᠳᠡᠨ᠎ᠡ᠃
ᠤᠰᠤᠨ ᠠᠱᠢᠭ᠍ᠯᠠᠯᠲᠠ᠎ᠶ᠋ᠢᠨ ᠶᠠᠮᠤᠨ ᠪᠣᠷᠣᠭᠠᠨ ᠤᠰᠤᠨ᠎ᠤ ᠪᠠᠢᠳᠠᠯ᠎ᠤᠨ ᠬᠥᠭ᠌ᠵᠢᠯᠲᠡ᠎ᠶ᠋ᠢᠨ ᠪᠠᠢᠳᠠᠯ᠎ᠢ ᠨᠢᠭ᠍ᠲᠠ ᠠᠩᠬᠠᠷᠴᠤ᠌᠂ ᠵᠥᠪᠳᠡᠯᠴᠡᠨ ᠰᠤᠳᠤᠯᠤᠨ ᠮᠠᠭᠠᠳᠯᠠᠬᠤ᠎ᠪᠠᠨ ᠴᠢᠩᠭᠠᠳᠭᠠᠨ᠂ ᠴᠠᠭ ᠲᠤᠬᠠᠶ᠎ᠳᠤ ᠨᠢ ᠰᠡᠷᠡᠮᠵᠢᠯᠡᠭᠦᠯᠵᠦ᠍᠂ ᠤᠰᠤᠨ᠎ᠤ ᠢᠨᠵᠸᠨ᠋ᠸᠷᠢᠩ᠎ᠢ ᠱᠢᠨᠵᠢᠯᠡᠬᠦ᠌ ᠤᠬᠠᠭᠠᠨᠴᠢ᠎ᠪᠠᠷ ᠲᠣᠬᠢᠷᠠᠭᠤᠯᠵᠤ᠂ ᠣᠷᠣᠨ ᠨᠤᠲᠤᠭ᠎ᠢ ᠵᠢᠯᠣᠭᠤᠳᠤᠨ ᠱᠠᠭᠠᠷᠳᠠᠵᠤ ᠪᠠᠢᠭᠠᠳ ᠤᠰᠤᠨ ᠴᠥᠭᠦᠷᠥᠮ᠎ᠤᠨ ᠦᠶᠡᠷ᠎ᠢ ᠠᠮᠤᠷ ᠲᠦᠪᠱᠢᠨ᠎ᠢᠶᠠᠷ ᠥᠩᠭᠡᠷᠡᠭᠦᠯᠬᠦ᠂ ᠳᠤᠮᠳᠠ ᠵᠢᠵᠢᠭ ᠭᠤᠤᠯ ᠤᠷᠤᠰᠭᠠᠯ᠎ᠤᠨ ᠦᠶᠡᠷ ᠪᠠ ᠠᠭᠤᠯᠠ ᠶ᠋ᠢᠨ ᠦᠶᠡᠷ᠎ᠤᠨ ᠭᠠᠮᠱᠢᠭ᠎ᠢ ᠰᠡᠷᠭᠡᠢᠯᠡᠬᠦ᠌ ᠵᠡᠷᠭᠡ ᠠᠵᠢᠯ᠎ᠢ ᠰᠠᠢᠲᠤᠷ ᠬᠢᠬᠦ᠌᠎ᠶ᠋ᠢᠨ ᠬᠠᠮᠲᠤ ᠦᠶᠡᠷ᠎ᠢ ᠰᠡᠷᠭᠡᠢᠯᠡᠬᠦ᠌ ᠠᠮᠤᠷ ᠲᠦᠪᠱᠢᠨ᠎ᠢ ᠦᠨᠡᠨ ᠬᠦ᠌ ᠪᠠᠲᠤᠯᠠᠭ᠍ᠰᠠᠨ ᠤᠷᠢᠲᠠᠯ ᠳᠣᠤᠷ᠎ᠠ ᠦᠶᠡᠷ᠎ᠤᠨ ᠡᠴᠦᠰ᠎ᠤᠨ ᠬᠤᠭᠤᠴᠠᠭᠠᠨ᠎ᠤ ᠤᠰᠤ ᠬᠠᠳᠠᠭᠠᠯᠠᠬᠤ ᠠᠮᠤᠷ ᠲᠦᠪᠱᠢᠨ᠎ᠢ ᠨᠢᠭᠡᠳᠦᠯᠲᠡᠶ ᠲᠥᠯᠥᠪᠯᠡᠨ ᠰᠠᠢᠲᠤᠷ ᠠᠳᠭᠤᠵᠤ᠂ ᠰᠡᠭᠦᠯᠴᠢ᠎ᠶ᠋ᠢᠨ ᠬᠤᠭᠤᠴᠠᠭᠠᠨ᠎ᠤ ᠤᠰᠤ ᠬᠠᠩᠭᠠᠬᠤ ᠠᠮᠤᠷ ᠲᠦᠪᠱᠢᠨ᠎ᠢ ᠪᠠᠲᠤᠯᠠᠨ᠎ᠠ᠃
ᠬᠠᠷᠢᠭᠤᠴᠠᠭ᠍ᠰᠠᠨ ᠨᠠᠢᠷᠠᠭᠤᠯᠤᠭ᠍ᠴᠢ᠄ ᠯᠢ ᠱᠠᠨ