ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ
ᠮᠠᠨ᠎ᠤ ᠤᠯᠤᠰ ᠱᠢᠨ᠎ᠡ ᠨᠢᠬᠡᠨ ᠡᠬᠡᠯᠵᠢ᠎ᠶ᠋ᠢᠨ ᠠᠭᠠᠲᠠᠷ ᠪᠤᠷᠤᠭᠠᠨ ᠤᠷᠤᠬᠤ ᠶᠠᠪᠤᠴᠠ᠎ᠳᠤ ᠤᠰᠤᠨ ᠠᠱᠢᠬ᠍ᠯᠠᠯᠲᠠ᠎ᠶ᠋ᠢᠨ ᠶᠠᠮᠤᠨ ᠠᠭᠠᠲᠠᠷ ᠪᠤᠷᠤᠭᠠᠨ᠎ᠤ ᠦᠶᠡᠷ᠎ᠢ ᠰᠡᠷᠬᠡᠢᠯᠡᠭᠦ᠌ ᠠᠵᠢᠯ᠎ᠢ ᠪᠠᠢ᠌ᠷᠢᠯᠠᠭᠤᠯᠪᠠ
ᠨᠡᠶ᠋ᠢᠲᠡᠯᠡᠭᠰᠡᠨ ᠴᠠᠭ᠄ 2025-09-17

  ᠬᠦᠢ᠍ᠲᠡᠨ ᠠᠭ᠋ᠠᠷ᠎ᠤᠨ ᠨᠦᠯᠦᠭᠡ᠎ᠡᠴᠡ᠂ ᠢᠷᠡᠬᠦ᠌ ᠭᠤᠷᠪᠠᠨ ᠡᠳᠦᠷ᠂ ᠴᠦᠩᠴᠢᠩ᠎ᠦ᠋ᠨ ᠪᠠᠷᠠᠭᠤᠨ ᠬᠡᠰᠡᠭ᠂ ᠰᠧᠴᠤᠸᠠᠨ᠎ᠤ᠋ ᠵᠡᠭᠦᠨ ᠡᠮᠦᠨ᠎ᠡ ᠬᠡᠰᠡᠭ᠂ ᠱᠠᠨᠰᠢ᠎ᠶᠢᠨ ᠡᠮᠦᠨ᠎ᠡ ᠬᠡᠰᠡᠭ ᠵᠡᠷᠭᠡ ᠭᠠᠵᠠᠷ᠎ᠲᠤ᠌ ᠶᠡᠬᠡ ᠪᠣᠷᠣᠭᠠᠨ ᠣᠷᠣᠨ᠎ᠠ᠂ ᠬᠡᠰᠡᠭ ᠭᠠᠵᠠᠷ᠎ᠲᠤ ᠰᠢᠷᠦᠭᠦᠨ ᠪᠣᠷᠣᠭᠠᠨ ᠤᠷᠤᠬᠤ ᠪᠥᠭᠡᠳ ᠣᠬᠣᠷᠬᠠᠨ ᠬᠤᠭᠤᠴᠠᠭᠠᠨ᠎ᠳᠤ ᠰᠢᠷᠦᠭᠦᠨ ᠪᠣᠷᠣᠭᠠᠨ ᠤᠷᠤᠨ᠎ᠠ᠃   

  ᠡᠨᠡ ᠤᠳᠠᠭᠠᠨ᠎ᠤ ᠱᠢᠷᠦᠭᠦᠨ ᠪᠣᠷᠣᠭᠠᠨ᠎ᠤ ᠶᠠᠪᠤᠴᠠ ᠨᠢ ᠥᠷᠭᠡᠨ᠂ ᠬᠦᠴᠦᠯᠡᠴᠡ᠎ᠪᠡᠷ ᠶᠡᠬᠡ᠂ ᠪᠦᠷᠬᠦᠴᠡ᠎ᠶ᠋ᠢᠨ ᠬᠡᠪᠴᠢᠶ᠎ᠡ᠎ᠳᠦ ᠠᠭᠤᠯᠠᠷᠬᠠᠭ ᠣᠷᠣᠨ ᠮᠥᠷᠲᠡᠭᠡᠨ ᠡᠮᠦᠨᠡᠬᠢ ᠬᠤᠭᠤᠴᠠᠭᠠᠨ᠎ᠤ ᠪᠣᠷᠣᠭᠠᠨ᠎ᠤ ᠣᠷᠣᠨ᠎ᠯᠤᠭ᠎ᠠ ᠳᠡᠭᠡᠳᠦ ᠬᠡᠮᠵᠢᠶ᠎ᠡ᠎ᠪᠡᠷ ᠳᠠᠪᠬᠤᠴᠠᠵᠤ ᠂ ᠪᠣᠷᠣᠭᠠᠨ᠎ᠤ ᠨᠥᠯᠥᠭᠡ᠎ᠪᠡᠷ ᠬᠦᠬᠡᠮᠦ᠋ᠷᠡᠨ᠎ᠦ ᠳᠡᠭᠡᠳᠦ ᠤᠷᠤᠰᠭᠠᠯ᠎ᠤᠨ ᠭᠣᠤᠯ ᠤᠷᠤᠰᠭᠠᠯ ᠵᠢᠴᠢ ᠰᠠᠯᠪᠤᠷᠢ ᠤᠷᠤᠰᠭᠠᠯ ᠮᠢᠨ ᠵᠢᠶᠠᠩ᠂ ᠲᠦᠸᠧ ᠵᠢᠶᠠᠩ ᠮᠥᠷᠡᠨ ᠂ ᠵᠢᠶᠠ ᠯᠢᠩ ᠵᠢᠶᠠᠩ᠂ ᠬᠠᠨᠵᠢᠶᠠᠩ ᠮᠥᠷᠡᠨ᠎ᠦ ᠳᠡᠭᠡᠳᠦ ᠤᠷᠤᠰᠬᠠᠯ ᠵᠡᠷᠭᠡ ᠭᠣᠣᠯ ᠪᠣᠯᠬᠤ ᠭᠣᠣᠯ ᠮᠥᠷᠡᠨ᠎ᠳᠦ ᠤᠰᠤ ᠢᠯᠡᠳᠲᠡ ᠥᠰᠬᠦ ᠶᠠᠪᠤᠴᠠ ᠭᠠᠷᠴᠤ᠂ ᠰᠢᠷᠦᠭᠦᠨ ᠪᠣᠷᠣᠭᠠᠨ᠎ᠤ ᠣᠷᠣᠨ᠎ᠤ ᠳᠣᠲᠣᠷᠠᠬᠢ ᠬᠡᠰᠡᠭ ᠳᠤᠮᠳᠠ ᠵᠢᠵᠢᠭ ᠭᠣᠣᠯ ᠮᠥᠷᠡᠨ᠎ᠳᠦ ᠰᠡᠷᠡᠮᠵᠢ᠎ᠶᠢᠨ ᠲᠤᠬᠢᠶᠠᠨ᠎ᠠᠴᠠ ᠳᠠᠪᠠᠭᠰᠠᠨ ᠦᠶᠡᠷ᠎ᠦᠨ ᠭᠠᠮᠰᠢᠭ᠋ ᠭᠠᠷᠴᠤ ᠮᠡᠳᠡᠨ᠎ᠡ᠃ 

  ᠤᠯᠤᠰ᠎ᠦᠨ ᠦᠶᠡᠷ᠎ᠢ ᠰᠡᠷᠭᠡᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ᠎ᠤᠨ  ᠶᠡᠷᠡᠦᠩᠭᠡᠢ ᠬᠡᠯᠲᠡᠰ᠎ᠦᠨ ᠳᠡᠳ᠋ ᠶᠡᠷᠦᠩᠬᠡᠢ ᠵᠢᠯᠣᠭᠣᠳᠤᠭ᠍ᠴᠢ᠂ ᠤᠰᠤᠨ ᠠᠱᠢᠭ᠍ᠯᠠᠯᠲᠠ᠎ᠶ᠋ᠢᠨ ᠶᠠᠮᠤᠨ᠎ᠤ ᠰᠠᠢᠳ ᠯᠢ ᠭᠦᠸᠧ ᠶᠢᠩ ᠬᠤᠷᠢᠭ᠎ᠠ ᠱᠤᠭᠤᠮ᠎ᠤᠨ ᠰᠡᠳᠭᠢᠬᠦᠶ᠂ ᠲᠦᠢᠯ᠎ᠤᠨ ᠬᠢᠵᠠᠭᠠᠷ ᠰᠡᠳᠭᠢᠬᠦᠶ᠎ᠶ᠋ᠢ ᠪᠠᠲᠤ ᠪᠣᠶ ᠪᠣᠯᠭᠠᠵᠤ᠂ 《ᠬᠥᠮᠦᠨ ᠬᠠᠷ᠎ᠠ ᠦᠬᠦᠵᠦ᠍ ᠱᠢᠷᠬᠠᠲᠤᠬᠤ ᠥᠬᠡᠶ᠂ ᠤᠰᠤᠨ ᠴᠥᠭᠦᠷᠥᠮ᠎ᠳᠤ ᠬᠠᠱᠢᠯᠭ᠎ᠠ ᠰᠡᠲᠡᠷᠡᠬᠦ ᠥᠬᠡᠶ᠂ ᠴᠢᠬᠤᠯᠠ ᠬᠠᠱᠢᠯᠭ᠎ᠠ ᠰᠡᠲᠡᠷᠡᠬᠦ ᠥᠬᠡᠶ᠂ ᠴᠢᠬᠤᠯᠠ ᠰᠠᠭᠤᠷᠢ ᠲᠥᠬᠦᠭᠡᠷᠦᠮᠵᠢ᠎ᠨᠢ ᠲᠠᠭᠠᠷᠢᠯᠲᠠ᠎ᠳᠤ ᠤᠴᠠᠷᠠᠬᠤ ᠥᠬᠡᠶ》 ᠪᠠᠢᠬᠤ ᠬᠠᠷᠠᠯᠲᠠ᠎ᠶ᠋ᠢ ᠲᠣᠭ᠍ᠲᠠᠭᠠᠵᠤ᠂ ᠦᠶᠡᠷ᠎ᠢ ᠰᠡᠷᠭᠡᠢᠯᠡᠬᠦ᠌ ᠬᠠᠷᠢᠭᠤᠴᠠᠯᠭ᠎ᠠ᠎ᠶ᠋ᠢ ᠪᠥᠬᠦ᠌ ᠲᠠᠯ᠎ᠠ᠎ᠪᠠᠷ ᠪᠣᠳᠠᠲᠠᠢᠵᠢᠭᠤᠯᠵᠤ᠂ ᠡᠯ᠎ᠡ ᠵᠦᠢᠯ᠎ᠤᠨ ᠰᠡᠷᠭᠡᠢᠯᠡᠯᠲᠡ᠎ᠶ᠋ᠢᠨ ᠠᠷᠭ᠎ᠠ ᠬᠡᠮᠵᠢᠶ᠎ᠡ᠎ᠶ᠋ᠢ ᠨᠠᠷᠢᠨ ᠪᠣᠳᠠᠲᠠᠶ ᠴᠢᠩᠭ᠎ᠠ ᠠᠳᠭᠤᠵᠤ᠂ ᠰᠡᠷᠭᠡᠢᠯᠡᠨ ᠠᠷᠭ᠋ᠠᠴᠠᠭ᠋ᠠᠬᠤ ᠠᠵᠢᠯ᠎ᠢ ᠪᠥᠬᠦ᠌ ᠬᠦᠴᠦᠨ᠎ᠢᠶᠠᠷ᠎ᠢᠶᠠᠨ ᠰᠠᠢᠲᠤᠷ ᠬᠢᠬᠦ᠌ ᠬᠡᠷᠡᠭ᠌ᠲᠡᠶ ᠭᠡᠵᠦ᠍ ᠱᠠᠭᠠᠷᠳᠠᠪᠠ᠃  9 ᠳ᠋ᠦ᠍ᠭᠡᠷ ᠰᠠᠷ᠎ᠠ᠎ᠶ᠋ᠢᠨ 17 ᠎ᠤ ᠡᠳᠦᠷ᠂ ᠤᠰᠤᠨ ᠠᠱᠢᠭ᠍ᠯᠠᠯᠲᠠ᠎ᠶ᠋ᠢᠨ ᠶᠠᠮᠤᠨ ᠦᠶᠡᠷ᠎ᠢ ᠰᠡᠷᠭᠡᠢᠯᠡᠵᠦ᠍ ᠵᠥᠪᠳᠡᠯᠴᠡᠬᠦ᠌᠎ᠶ᠋ᠢ ᠵᠣᠬᠢᠶᠠᠨ ᠪᠠᠢᠭᠤᠯᠵᠤ᠂ ᠪᠣᠷᠣᠭᠠᠨ᠎ᠤ ᠪᠠᠢᠳᠠᠯ ᠤᠰᠤᠨ᠎ᠤ ᠪᠠᠢᠳᠠᠯ ᠦᠶᠡᠷ᠎ᠤᠨ ᠪᠠᠢᠳᠠᠯ᠎ᠢ ᠵᠠᠳᠠᠯᠤᠨ ᠰᠤᠳᠤᠯᠵᠤ ᠮᠠᠭᠠᠳᠯᠠᠵᠤ᠂ ᠰᠡᠷᠭᠡᠢᠯᠡᠬᠦ᠌ ᠠᠵᠢᠯ᠎ᠢ ᠬᠠᠨᠳᠤᠯᠭᠠᠲᠤ ᠴᠢᠨᠠᠷᠲᠠᠶ᠎ᠪᠠᠷ ᠪᠠᠢᠷᠢᠯᠠᠭᠤᠯᠪᠠ; ᠱᠢᠷᠦᠭᠦᠨ ᠪᠣᠷᠣᠭᠠᠨ᠎ᠢ ᠪᠦᠷᠬᠦᠭ᠌ᠰᠡᠨ ᠬᠤᠯᠪᠣᠭ᠍ᠳᠠᠯ ᠪᠥᠬᠦᠶ ᠮᠤᠵᠢ (ᠱᠢᠭᠤᠳ ᠬᠠᠷᠢᠶ᠎ᠠ ᠬᠤᠲᠠ) ᠎ᠶ᠋ᠢᠨ ᠤᠰᠤᠨ ᠠᠱᠢᠭ᠍ᠯᠠᠯᠲᠠ᠎ᠶ᠋ᠢᠨ ᠰᠠᠯᠠᠭ᠎ᠠ ᠮᠥᠴᠢᠷ᠎ᠲᠤ ᠮᠡᠳᠡᠭ᠌ᠳᠡᠯ ᠭᠠᠷᠭᠠᠵᠤ᠂ ᠡᠯ᠎ᠡ ᠵᠦᠢᠯ᠎ᠤᠨ ᠰᠡᠷᠭᠡᠢᠯᠡᠬᠦ᠌ ᠠᠷᠭ᠎ᠠ ᠬᠡᠮᠵᠢᠶ᠎ᠡ᠎ᠶ᠋ᠢ ᠨᠠᠷᠢᠨ ᠨᠢᠮᠪᠠᠶ ᠨᠠᠢᠳᠠᠪᠤᠷᠢᠵᠢᠭᠤᠯᠬᠤ᠎ᠶ᠋ᠢ ᠵᠢᠯᠣᠭᠤᠳᠤᠨ ᠱᠢᠪᠠᠳᠠᠪᠠ᠃ ᠨᠢᠭᠡ᠎ᠳᠤ᠂ ᠴᠠᠭ ᠠᠭᠤᠷ᠎ᠤᠨ ᠬᠤᠪᠢᠷᠠᠯᠲᠠ ᠪᠣᠯᠤᠨ ᠪᠣᠷᠣᠭᠠᠨ᠎ᠤ ᠪᠠᠢᠳᠠᠯ᠂ ᠤᠰᠤᠨ᠎ᠤ ᠪᠠᠢᠳᠠᠯ᠂ ᠦᠶᠡᠷ᠎ᠤᠨ ᠪᠠᠢᠳᠠᠯ᠎ᠤᠨ ᠪᠠᠢᠳᠠᠯ᠎ᠢ ᠨᠢᠭ᠍ᠲᠠ ᠬᠢᠨᠠᠨ ᠠᠵᠢᠭ᠍ᠯᠠᠵᠤ᠂ ᠦᠷᠭᠦᠯᠵᠢᠯᠡᠨ ᠲᠥᠰᠦᠭᠡᠯᠡᠵᠦ᠍ ᠤᠷᠢᠳᠴᠢᠯᠠᠨ ᠮᠡᠳᠡᠭᠡᠯᠡᠬᠦ᠌ ᠪᠠ ᠵᠥᠪᠳᠡᠯᠴᠡᠨ ᠰᠤᠳᠤᠯᠤᠨ ᠮᠠᠭᠠᠳᠯᠠᠬᠤ᠎ᠶ᠋ᠢ ᠴᠢᠩᠭᠠᠳᠭᠠᠵᠤ᠂ ᠰᠡᠷᠡᠮᠵᠢᠯᠡᠭᠦᠯᠬᠦ᠌ ᠮᠡᠳᠡᠭᠡ ᠵᠠᠩᠭᠢ᠎ᠶ᠋ᠢ ᠱᠢᠭᠤᠳ ᠨᠢᠭᠡᠳᠦᠭᠡᠷ ᠹᠷᠣᠨᠲ᠎ᠲᠤ ᠬᠦᠷᠭᠡᠨ᠎ᠡ᠃ ᠬᠤᠶᠠᠷ᠎ᠲᠤ᠌᠂ ᠤᠰᠤᠨ ᠴᠥᠭᠦᠷᠥᠮ᠎ᠤᠨ ᠦᠶᠡᠷ᠎ᠢ ᠰᠡᠷᠭᠡᠢᠯᠡᠬᠦ᠌ 《ᠭᠤᠷᠪᠠᠨ ᠬᠠᠷᠢᠭᠤᠴᠠᠯᠭᠠᠲᠠᠨ》 ᠎ᠤ ᠡᠭᠦᠷᠭᠡ ᠬᠠᠷᠢᠭᠤᠴᠠᠯᠭ᠎ᠠ᠎ᠪᠠᠨ ᠬᠢᠨᠠᠮᠠᠭᠠᠶ ᠭᠦᠢᠴᠡᠳᠭᠡᠵᠦ᠍᠂ 《ᠭᠤᠷᠪᠠᠨ ᠭᠤᠣᠯᠳᠠᠯᠭ᠎ᠠ᠎ᠲᠠᠢ ᠭᠤᠭ᠍ᠴᠤᠭ᠎ᠠ》 ᠎ᠶ᠋ᠢ ᠨᠠᠢᠳᠠᠪᠤᠷᠢᠵᠢᠭᠤᠯᠤᠨ᠂ ᠲᠣᠭᠤᠷᠢᠨ ᠪᠠᠢᠴᠠᠭᠠᠵᠤ ᠰᠡᠷᠭᠡᠢᠯᠡᠨ ᠬᠠᠮᠠᠭᠠᠯᠠᠬᠤ ᠪᠠ ᠱᠢᠨᠵᠢᠯᠡᠬᠦ᠌ ᠤᠬᠠᠭᠠᠨᠴᠢ᠎ᠪᠠᠷ ᠲᠣᠬᠢᠷᠠᠭᠤᠯᠬᠤ᠎ᠶ᠋ᠢ ᠴᠢᠩᠭᠠᠳᠭᠠᠵᠤ᠂ ᠳᠤᠮᠳᠠ ᠵᠢᠵᠢᠭ ᠬᠡᠯᠪᠡᠷᠢ᠎ᠶ᠋ᠢᠨ ᠤᠰᠤᠨ ᠴᠥᠭᠦᠷᠥᠮ ᠪᠠ ᠡᠮᠵᠡᠭ ᠠᠶᠤᠯᠲᠠᠶ ᠤᠰᠤᠨ ᠴᠥᠭᠦᠷᠥᠮ᠎ᠤᠨ ᠦᠶᠡᠷ᠎ᠢ ᠠᠮᠤᠷ ᠲᠦᠪᠱᠢᠨ᠎ᠢᠶᠠᠷ ᠥᠩᠭᠡᠷᠡᠭᠦᠯᠬᠦ᠌᠎ᠶ᠋ᠢ ᠲᠣᠪᠤᠢᠮ᠎ᠠ ᠰᠠᠢᠲᠤᠷ ᠬᠢᠵᠦ᠍᠂ ᠲᠦᠭ᠌ᠰᠢᠭᠦᠷᠢᠲᠦ ᠪᠠᠢᠳᠠᠯ᠎ᠢ ᠴᠠᠭ ᠲᠤᠬᠠᠶ᠎ᠳᠤᠨᠢ ᠲᠣᠬᠢᠲᠠᠶ ᠱᠢᠢᠳᠪᠦᠷᠢᠯᠡᠵᠦ᠍᠂ ᠰᠦᠷᠳᠡᠭᠦᠯᠦᠯ᠎ᠳᠤ ᠤᠴᠠᠷᠠᠭ᠍ᠰᠠᠨ ᠬᠥᠮᠦᠰ᠎ᠢ ᠤᠷᠢᠳᠴᠢᠯᠠᠨ ᠱᠢᠯᠵᠢᠭᠦᠯᠦᠨ᠎ᠡ᠃ ᠭᠤᠷᠪᠠ᠎ᠳᠤ᠂ ᠬᠡᠰᠡᠭ ᠭᠠᠵᠠᠷ᠎ᠤᠨ ᠱᠢᠷᠦᠭᠦᠨ ᠪᠣᠷᠣᠭᠠᠨ᠎ᠠᠴᠠ ᠪᠣᠯᠤᠭ᠍ᠰᠠᠨ ᠳᠤᠮᠳᠠ ᠪᠠᠭ᠎ᠠ ᠭᠤᠤᠯ ᠮᠥᠷᠡᠨ᠎ᠤ ᠦᠶᠡᠷ ᠪᠠ ᠠᠭᠤᠯᠠᠨ ᠦᠶᠡᠷ᠎ᠤᠨ ᠭᠠᠮᠱᠢᠭ᠎ᠤᠨ ᠠᠶᠤᠯ ᠲᠦᠭ᠌ᠰᠢᠭᠦᠷᠢ᠎ᠶ᠋ᠢ ᠳᠡᠭᠡᠳᠦ ᠬᠡᠮᠵᠢᠶ᠎ᠡ᠎ᠪᠠᠷ ᠠᠩᠬᠠᠷᠴᠤ᠌᠂ ᠤᠷᠢᠳᠴᠢᠯᠠᠨ ᠰᠡᠷᠡᠮᠵᠢᠯᠡᠭᠦᠯᠬᠦ᠌ ᠮᠡᠳᠡᠭᠡ ᠵᠠᠩᠭᠢ ᠨᠡᠢᠲᠡᠯᠡᠬᠦ᠌ ᠪᠠ 《 ᠴᠤᠤᠷᠢᠶᠠᠳᠤᠨ ᠳᠠᠭ᠋ᠠᠬᠤ》 ᠎ᠶ᠋ᠢ ᠴᠢᠩᠭᠠᠳᠭᠠᠵᠤ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠳᠤ ᠭᠤᠶᠤᠴᠢᠯᠠᠨ ᠮᠡᠳᠡᠭᠦᠯᠵᠦ᠍ ᠠᠶᠤᠯ ᠲᠦᠭ᠌ᠰᠢᠭᠦᠷᠢ᠎ᠲᠠᠢ ᠣᠷᠣᠨ᠎ᠤ ᠬᠥᠮᠦᠰ᠎ᠢ ᠴᠠᠭ ᠲᠤᠬᠠᠶ᠎ᠳᠤᠨᠢ ᠱᠢᠯᠵᠢᠭᠦᠯᠵᠦ᠍᠂ ᠬᠥᠮᠦᠰ᠎ᠢ ᠬᠠᠮᠢᠶᠠᠷᠤᠨ ᠡᠵᠡᠮᠳᠡᠬᠦ᠌ ᠠᠷᠭ᠎ᠠ ᠬᠡᠮᠵᠢᠶ᠎ᠡ᠎ᠶ᠋ᠢ ᠨᠠᠢᠳᠠᠪᠤᠷᠢᠵᠢᠭᠤᠯᠵᠤ᠂ ᠭᠤᠤᠯ ᠮᠥᠷᠡᠨ᠎ᠤ ᠬᠠᠱᠢᠯᠭ᠎ᠠ᠎ᠶ᠋ᠢ ᠲᠣᠭᠤᠷᠢᠨ ᠪᠠᠢᠴᠠᠭᠠᠵᠤ ᠰᠡᠷᠭᠡᠢᠯᠡᠬᠦ᠌᠎ᠶ᠋ᠢ ᠴᠢᠩᠭᠠᠳᠭᠠᠪᠠ᠃ ᠳᠥᠷᠪᠡ᠎ᠳᠤ᠂ ᠪᠠᠢᠭᠤᠯᠵᠤ ᠪᠠᠢᠭ᠎ᠠ ᠢᠨᠵᠸᠨ᠋ᠸᠷᠢᠩ᠎ᠦᠨ ᠦᠶᠡᠷ᠎ᠢ ᠠᠮᠤᠷ ᠲᠦᠪᠱᠢᠨ᠎ᠢᠶᠠᠷ ᠥᠩᠭᠡᠷᠡᠭᠦᠯᠬᠦ᠌ ᠠᠷᠭ᠎ᠠ ᠬᠡᠮᠵᠢᠶ᠎ᠡ᠎ᠶ᠋ᠢ ᠨᠠᠢᠳᠠᠪᠤᠷᠢᠵᠢᠭᠤᠯᠵᠤ᠂ ᠪᠠᠷᠢᠯᠭ᠎ᠠ᠎ᠶ᠋ᠢᠨ ᠠᠵᠢᠯᠲᠠᠨ ᠪᠠ ᠪᠠᠢᠭᠤᠯᠵᠤ ᠪᠠᠢᠭ᠎ᠠ ᠢᠨᠵᠸᠨ᠋ᠸᠷᠢᠩ᠎ᠦᠨ ᠠᠮᠤᠷ ᠲᠦᠪᠱᠢᠨ᠎ᠢ ᠦᠨᠡᠨ ᠬᠦ᠌ ᠪᠠᠲᠤᠯᠠᠬᠤ ᠬᠡᠷᠡᠭ᠌ᠲᠡᠶ ᠭᠡᠵᠦ ᠱᠠᠭ᠋ᠠᠷᠳᠠᠪᠠ᠃

  

   ᠬᠠᠷᠢᠭᠤᠴᠠᠭᠰᠠᠨ ᠨᠠᠢ᠌ᠷᠠᠭᠤᠯᠤᠭᠴᠢ᠄ ᠯᠢ ᠱᠠᠨ

ᠢᠷᠡᠯᠲᠡ᠄ ᠤᠰᠤᠨ ᠠᠱᠢᠭ᠍ᠯᠠᠯᠲᠠ᠎ᠶ᠋ᠢᠨ ᠶᠠᠮᠤᠨ᠎ᠤ ᠰᠦᠯᠵᠢᠶ᠎ᠡ
          
ᠬᠠᠮᠢᠶ᠎ᠡ ᠪᠦᠬᠦᠢ ᠰᠣᠨᠢᠨ
 
            