ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠬᠢᠩᠭ᠋ᠠᠨ ᠠᠶ᠋ᠢᠮᠠᠭ᠄ ᠨᠠᠷᠢᠯᠢᠭ ᠣᠨᠣᠪᠴᠢᠲᠠᠢ ᠠᠷᠭ᠎ᠠ ᠪᠣᠳᠣᠯᠭ᠎ᠠ ᠠᠪᠴᠤ ᠠᠷᠠᠳ᠎ᠤᠨ ᠠᠮᠢᠳᠤᠷᠠᠯ᠎ᠳᠤ ᠠᠰᠢᠭ ᠲᠤᠰᠠ ᠬᠦᠷᠲᠡᠭᠡᠵᠦ ᠤᠰᠤᠨ ᠠᠰᠢᠭᠯᠠᠯᠲᠠ᠎ᠪᠠᠷ ᠶᠠᠳᠠᠭᠤ ᠵᠢ ᠲᠡᠳᠬᠦᠵᠦ ᠴᠢᠨᠡᠭᠡᠯᠢᠭ ᠨᠡᠶ᠋ᠢᠭᠡᠮ᠎ᠢ ᠪᠦᠲᠦᠭᠡᠨ ᠪᠠᠢ᠌ᠭᠤᠯᠤᠨ᠎ᠠ
ᠨᠡᠶ᠋ᠢᠲᠡᠯᠡᠭᠰᠡᠨ ᠴᠠᠭ᠄ 2020-12-23

     《ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠵᠢᠨ ᠬᠦᠴᠦᠯᠡᠨ ᠲᠤᠰᠠᠯᠠᠭᠰᠠᠨ ᠵᠶ᠋ᠠᠷ ᠪᠢᠳᠡ ᠰᠠᠶᠢ ᠲᠡᠭᠷᠢ ᠵᠢᠨ ᠴᠢᠷᠠᠢ ᠵᠢ ᠬᠠᠷᠠᠵᠤ ᠠᠮᠢᠳᠤᠷᠠᠬᠤ ᠦᠭᠡᠢ ᠪᠤᠯᠤᠯ᠎ᠠ᠂ ᠦᠨᠡᠬᠡᠷ ᠲᠡᠭᠷᠢ ᠠᠪᠤ ᠤᠷᠪᠠᠭ᠎ᠠ ᠬᠦᠷᠪᠡᠭᠡ᠎ᠲᠠᠢ ᠢᠪᠡᠭᠡᠯ ᠬᠠᠢ᠌ᠷᠠᠯᠠᠬᠤ ᠦᠭᠡᠢ᠂   ᠤᠰᠤᠨ ᠠᠰᠢᠭᠯᠠᠯᠲᠠ ᠵᠢᠨ ᠲᠣᠪᠴᠢᠶ᠎ᠠ ᠬᠤᠳᠳᠤᠭ ᠮᠠᠯᠲᠠᠵᠤ ᠤᠰᠤᠯᠠᠯᠳᠠ ᠬᠢᠵᠦ ᠰᠦᠷ ᠬᠦᠴᠦᠨ ᠵᠶ᠋ᠡᠨ ᠢᠯᠡᠷᠡᠬᠦᠯᠦᠨ᠎ᠡ》 ᠭᠡᠰᠡᠨ ᠰᠢ ᠱᠠᠨ ᠲᠣᠰᠬᠣᠨ᠎ᠤ ᠠᠷᠠᠳ ᠬᠤᠸᠠᠩ ᠰᠢᠨ᠎ᠤ ᠬᠡᠯᠡᠭᠰᠡᠨ ᠦᠭᠡ᠎ᠨᠢ ᠪᠦᠬᠦ ᠲᠣᠰᠬᠣᠨ᠎ᠤ ᠠᠷᠠᠳ᠎ᠤᠨ ᠰᠡᠳᠬᠢᠯ᠎ᠤᠨ ᠦᠭᠡ ᠵᠢ ᠶᠠᠷᠢᠵᠠᠢ᠃
ᠲᠦᠴᠢᠤᠸᠠᠨ ᠰᠢᠶᠠᠨ᠎ᠤ ᠲᠦᠷᠪᠡᠯᠵᠢ ᠪᠠᠯᠭ᠋ᠠᠰᠤᠨ᠎ᠤ ᠰᠢ ᠱᠠᠨ ᠲᠣᠰᠬᠣᠨ᠎ᠳᠤ ᠣᠳᠣ 139 ᠡᠷᠦᠬᠡ 409 ᠬᠥᠮᠦᠨ ᠠᠮᠠ᠎ᠲᠠᠢ᠂ ᠲᠠᠷᠢᠶᠠᠨ ᠭᠠᠵᠠᠷ᠎ᠤᠨ ᠲᠠᠯᠠᠪᠠᠢ 5614 ᠮᠦ᠍ ᠪᠤᠢ᠃ 2014 ᠣᠨ᠎ᠤ ᠡᠬᠢᠨ᠎ᠳᠤ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠪᠠ ᠰᠢ ᠱᠠᠨ ᠲᠣᠰᠬᠣᠨ᠎ᠲᠠᠢ ᠬᠠᠪᠰᠤᠷᠤᠨ ᠲᠡᠳᠬᠦᠬᠦ ᠬᠣᠣᠰᠯᠠᠯ ᠪᠣᠯᠵᠤ᠂ ᠠᠷᠠᠳ᠎ᠤᠨ ᠠᠮᠢᠳᠤᠷᠠᠯ᠎ᠤᠨ ᠲᠥᠬᠥᠭᠡᠷᠦᠮᠵᠢ᠂ ᠡᠮ ᠡᠮᠨᠡᠯᠭᠡ ᠵᠢᠨ ᠦᠢ᠍ᠯᠡᠴᠢᠯᠡᠭᠡ᠂ ᠰᠣᠶᠣᠯ᠎ᠤᠨ ᠠᠮᠢᠳᠤᠷᠠᠯ ᠵᠡᠷᠭᠡ ᠣᠯᠠᠨ ᠲᠦᠮᠡᠨ᠎ᠤ ᠬᠠᠮᠤᠭ᠎ᠤᠨ ᠪᠠᠴᠢᠮ ᠬᠡᠷᠡᠭᠴᠡᠭᠡ ᠱᠠᠭ᠋ᠠᠷᠳᠠᠯᠭ᠎ᠠ ᠵᠢᠨ ᠲᠣᠭᠣᠷᠢᠨ᠎ᠳᠤ ᠤᠷᠢᠳ ᠬᠣᠵᠢᠳ 1000 ᠲᠦᠮᠡᠨ ᠲᠥᠭᠥᠷᠢᠭ ᠰᠢᠬᠠᠮ ᠪᠡᠯᠡ ᠣᠷᠣᠭᠤᠯᠵᠤ᠂ ᠰᠢ ᠱᠠᠨ ᠲᠣᠰᠬᠣᠨ᠎ᠢ ᠬᠠᠪᠰᠤᠷᠤᠨ ᠪᠠᠶᠠᠵᠢᠯ᠎ᠤᠨ ᠵᠠᠮ ᠵᠶ᠋ᠠᠷ ᠯᠠᠪᠳᠠᠭᠤᠨ ᠵᠶ᠋ᠠᠷ ᠵᠠᠮᠨᠠᠭᠤᠯᠪᠠ᠃

ᠵᠢᠷᠤᠭ᠄   ᠲᠦᠴᠢᠤᠸᠠᠨ ᠰᠢᠶᠠᠨ᠎ᠤ ᠳᠥᠷᠥᠯᠵᠢ ᠪᠠᠯᠭ᠋ᠠᠰᠤᠨ᠎ᠤ ᠰᠢ ᠱᠠᠨ ᠲᠣᠰᠬᠣᠨ᠎ᠤ ᠪᠦᠬᠦ ᠦᠵᠡᠮᠵᠢ
      ᠤᠰᠤᠨ ᠠᠰᠢᠭᠯᠠᠯᠲᠠ ᠵᠢᠨ ᠬᠠᠪᠰᠤᠷᠤᠨ ᠲᠡᠳᠬᠦᠬᠦ᠎ᠨᠢ ᠳᠠᠪᠠᠭᠤᠯᠢᠭ ᠲᠠᠯ᠎ᠠ᠎ᠲᠠᠢ ᠪᠠᠶ᠋ᠢᠵᠤ᠂ ᠲᠣᠰᠬᠣᠨ᠎ᠤ ᠠᠷᠠᠳ᠎ᠤᠨ ᠣᠷᠣᠯᠭ᠎ᠠ ᠵᠢ ᠲᠣᠭᠲᠠᠭᠤᠨ ᠵᠶ᠋ᠠᠷ ᠲᠡᠭᠡᠭᠰᠢᠯᠡᠬᠦᠯᠪᠡ
ᠬᠤᠤᠰᠯᠠᠯ ᠪᠠᠢ᠌ᠭᠤᠯᠤᠨ ᠬᠠᠪᠰᠤᠷᠤᠨ ᠲᠡᠳᠬᠦᠭᠰᠡᠨ᠎ᠠᠴᠠ ᠨᠡᠰᠢ᠂ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ᠎ᠠᠴᠠ ᠲᠤᠰᠬᠤᠨ᠎ᠤ ᠵᠦᠪᠯᠡᠯ᠎ᠢ ᠢᠳᠡᠪᠬᠢᠲᠡᠢ ᠬᠠᠪᠰᠤᠷᠤᠨ ᠬᠥᠭᠵᠢᠯᠲᠡ ᠵᠢᠨ ᠬᠦᠴᠢᠷᠳᠡᠯ᠎ᠢ ᠵᠠᠳᠠᠯᠤᠨ ᠰᠢᠨᠵᠢᠯᠡᠵᠦ᠂ ᠶᠠᠳᠠᠭᠤᠷᠠᠭᠰᠠᠨ ᠰᠢᠯᠳᠠᠭ᠋ᠠᠨ᠎ᠢ ᠡᠮᠬᠢᠯᠡᠨ ᠲᠤᠳᠤᠷᠬᠠᠢ᠌ᠯᠠᠵᠤ᠂ ᠶᠠᠳᠠᠭᠤ᠎ᠠᠴᠠ ᠠᠩᠭᠢᠵᠢᠷᠠᠭᠤᠯᠬᠤ ᠠᠷᠭ᠎ᠠ ᠵᠠᠮ᠎ᠢ ᠬᠠᠶ᠋ᠢᠨ ᠰᠦᠪᠡᠭᠴᠢᠯᠡᠵᠦ᠂ ᠠᠷᠠᠳ ᠣᠯᠠᠨ᠎ᠢ ᠪᠠᠶᠠᠵᠢᠯ᠎ᠤᠨ ᠵᠠᠮ ᠵᠶ᠋ᠠᠷ ᠬᠦᠳᠦᠯᠪᠡ᠃ ᠶᠠᠭᠤᠨ᠎ᠤ ᠡᠮᠦᠨ᠎ᠡ᠂ ᠰᠢ ᠱᠠᠨ ᠲᠣᠰᠬᠣᠨ᠎ᠤ ᠠᠷᠠᠳ᠎ᠤᠨ ᠲᠠᠷᠢᠮᠠᠯ᠎ᠤᠨ ᠤᠨᠠᠯᠳᠠ ᠵᠢ ᠬᠡᠷᠬᠢᠨ ᠳᠡᠭᠡᠭᠰᠢᠯᠡᠭᠦᠯᠬᠦ ᠳᠡᠭᠡᠷ᠎ᠡ ᠬᠦᠴᠦ ᠲᠠᠯᠪᠢᠪᠠ᠃ 2014 ᠣᠨ᠎ᠳᠤ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ 80 ᠲᠦᠮᠡᠨ ᠲᠥᠭᠥᠷᠢᠭ᠎ᠤᠨ ᠪᠡᠯᠡ ᠣᠷᠣᠭᠤᠯᠵᠤ᠂ ᠭᠠᠩ ᠬᠠᠭᠰᠠᠷᠠᠭ᠋ᠠᠨ᠎ᠲᠠᠢ ᠲᠡᠮᠡᠴᠡᠬᠦ ᠮᠠᠰᠢᠨ ᠴᠠᠬᠢᠯᠭ᠋ᠠᠨ ᠬᠤᠳᠳᠤᠭ 12 ᠪᠠᠶ᠋ᠢᠭᠤᠯᠵᠤ᠂ 1200 ᠮᠦ᠍ ᠠᠭᠤᠯᠠᠨ ᠬᠥᠲᠥᠯ᠎ᠤᠨ ᠤᠰᠤᠯᠠᠯᠲᠠ ᠵᠢᠨ ᠬᠦᠴᠢᠷ᠎ᠲᠠᠢ ᠠᠰᠠᠭᠤᠳᠠᠯ᠎ᠢ ᠰᠢᠢ᠍ᠳᠪᠦᠷᠢᠯᠡᠪᠡ; 2018 ᠣᠨ᠎ᠳᠤ ᠤᠷᠢᠳ ᠬᠣᠵᠢᠳ 193 ᠲᠦᠮᠡᠨ ᠲᠥᠭᠥᠷᠢᠭ᠎ᠤᠨ ᠪᠡᠯᠡ ᠣᠷᠣᠭᠤᠯᠵᠤ᠂ 7 ᠮᠠᠰᠢᠨ ᠴᠠᠬᠢᠯᠭ᠋ᠠᠨ ᠬᠤᠳᠳᠤᠭ᠎ᠢ ᠰᠡᠯᠪᠢᠨ ᠵᠠᠰᠠᠵᠤ ᠥᠭᠡᠷᠡᠴᠢᠯᠡᠬᠦ ᠪᠠ ᠴᠠᠬᠢᠯᠭ᠋ᠠᠨ ᠲᠦᠭᠡᠭᠡᠬᠦ ᠢᠨᠵᠧᠨᠧᠷᠢᠩ ᠪᠠᠢ᠌ᠭᠤᠯᠵᠤ᠂ ᠲᠤᠤᠷ᠎ᠠ ᠲᠦᠪᠰᠢᠨ᠎ᠤ ᠤᠰᠤ ᠵᠢ ᠲᠡᠭᠡᠭᠰᠢ ᠲᠤᠬᠢᠷᠠᠭᠤᠯᠬᠤ ᠲᠥᠷᠥᠯ ᠵᠦᠢ᠍ᠯ ᠪᠣᠯᠤᠨ 2000 ᠮᠦ᠍ ᠲᠠᠷᠢᠶᠠᠨ ᠭᠠᠵᠠᠷ᠎ᠤᠨ ᠥᠨᠳᠥᠷ ᠦᠷ᠎ᠡ ᠠᠰᠢᠭᠲᠤ ᠤᠰᠤ ᠠᠷᠪᠢᠯᠠᠬᠤ ᠲᠥᠷᠥᠯ ᠵᠦᠢ᠍ᠯ᠎ᠢ ᠬᠡᠷᠡᠭᠵᠢᠬᠦᠯᠵᠦ᠂ ᠰᠢ ᠱᠠᠨ ᠲᠤᠰᠬᠤᠨ᠎ᠤ ᠤᠰᠤᠯᠠᠯᠳᠠ ᠵᠢᠨ ᠲᠠᠷᠢᠶᠠᠨ ᠭᠠᠵᠠᠷ᠎ᠢ ᠪᠦᠬᠦᠨ᠎ᠢ ᠬᠠᠮᠤᠷᠬᠤ ᠵᠢ ᠪᠡᠶᠡᠯᠡᠭᠦᠯᠵᠦ᠂ ᠲᠠᠷᠢᠶᠠᠴᠢᠨ ᠡᠷᠦᠬᠡ ᠵᠢᠨ ᠴᠠᠬᠢᠯᠭ᠋ᠠᠨ ᠵᠶ᠋ᠡᠷ ᠤᠰᠤ ᠲᠠᠳᠠᠵᠤ ᠤᠰᠤᠯᠠᠬᠤ  ᠎ᠠᠴᠠ ᠪᠤᠯᠤᠭᠰᠠᠨ ᠥᠨᠳᠥᠷ ᠥᠪᠡᠷ᠎ᠤᠨ ᠥᠷᠲᠡᠭ᠎ᠤᠨ ᠠᠰᠠᠭᠤᠳᠠᠯ ᠪᠣᠯᠤᠨ ᠤᠰᠤ ᠬᠡᠷᠡᠭᠯᠡᠬᠦ ᠤᠷᠬᠢᠯ᠎ᠤᠨ ᠦᠶ᠎ᠡ᠎ᠳᠤ ᠬᠤᠳᠳᠤᠭ ᠪᠤᠯᠢᠶᠠᠯᠴᠠᠨ ᠤᠰᠤᠯᠠᠬᠤ ᠠᠰᠠᠭᠤᠳᠠᠯ᠎ᠢ ᠪᠦᠲᠦᠮᠵᠢᠲᠡᠢ ᠰᠢᠢ᠍ᠳᠪᠦᠷᠢᠯᠡᠪᠡ᠃

ᠵᠢᠷᠤᠭ᠄   ᠲᠣᠰᠬᠣᠨ᠎ᠤ ᠠᠷᠠᠳ ᠬᠤᠸᠠᠩ ᠰᠢᠨ᠎ᠤ ᠤᠰᠤᠯᠠᠯᠲᠠ ᠵᠢᠨ ᠲᠠᠷᠢᠶᠠᠨ ᠭᠠᠵᠠᠷ
ᠲᠡᠵᠢᠭᠡᠨ ᠦᠷᠡᠵᠢᠬᠦᠯᠬᠦ ᠲᠤᠰᠠᠯᠠᠬᠤ ᠠᠵᠤ ᠠᠬᠤᠢ᠎ᠪᠠᠷ ᠪᠠᠶᠠᠵᠢᠵᠤ᠂ ᠳᠣᠲᠣᠭ᠋ᠠᠳᠤ ᠬᠥᠳᠡᠯᠭᠡᠬᠦ ᠬᠦᠴᠦᠨ᠎ᠢ ᠳᠠᠬᠢᠨ ᠢᠳᠡᠪᠬᠢᠵᠢᠬᠦᠯᠪᠡ
      ᠲᠣᠰᠬᠣᠨ᠎ᠤ ᠠᠷᠠᠳ᠎ᠤᠨ ᠠᠮᠢᠳᠤᠷᠠᠯ᠎ᠤᠨ ᠶᠠᠰᠤ ᠴᠢᠨᠠᠷ᠎ᠢ ᠤᠯᠠᠮ ᠳᠡᠭᠡᠭᠰᠢᠯᠡᠭᠦᠯᠬᠦ ᠵᠢᠨ ᠲᠥᠯᠥᠭᠡ᠂ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠵᠢᠨ ᠲᠣᠰᠬᠣᠨ᠎ᠳᠤ ᠰᠠᠭᠤᠭ᠎ᠠ ᠠᠵᠢᠯᠯᠠᠬᠤ ᠠᠩᠭᠢ ᠲᠣᠰᠬᠣᠨ᠎ᠤ ᠬᠣᠶᠠᠷ ᠵᠥᠪᠯᠡᠯ ᠵᠶ᠋ᠡᠨ ᠳᠠᠭ᠋ᠠᠭᠤᠯᠤᠨ 《ᠮᠠᠯ ᠠᠵᠤ ᠠᠬᠤᠢ᠎ᠪᠠᠷ ᠲᠦᠴᠢᠤᠸᠠᠨ᠎ᠢ ᠳᠠᠬᠢᠨᠲᠠ ᠬᠦᠭᠵᠢᠬᠦᠯᠬᠦ》 ᠲᠥᠷᠥ ᠵᠢᠨ ᠪᠣᠳᠣᠯᠭ᠎ᠠ ᠵᠢ ᠶᠡᠬᠡᠪᠡᠷ ᠤᠬᠠᠭᠤᠯᠤᠨ᠂ ᠲᠣᠰᠬᠣᠨ᠎ᠤ ᠠᠷᠠᠳ᠎ᠢ ᠲᠠᠢ᠌ᠴᠢᠯᠠᠨ ᠲᠡᠵᠢᠭᠡᠨ ᠦᠷᠡᠵᠢᠬᠦᠯᠬᠦ ᠲᠤᠰᠠᠯᠠᠬᠤ ᠠᠵᠤ ᠠᠬᠤᠢ ᠵᠢ ᠬᠦᠭᠵᠢᠬᠦᠯᠪᠡ᠃ ᠶᠠᠳᠠᠭᠤ ᠵᠢ ᠲᠡᠳᠬᠦᠬᠦ 40 ᠲᠦᠮᠡᠨ ᠲᠥᠭᠥᠷᠢᠭ ᠪᠡᠯᠡ ᠮᠥᠩᠭᠥ ᠵᠢ ᠵᠤᠬᠢᠴᠠᠭᠤᠯᠤᠨ᠂ ᠭᠠᠴᠠᠭ᠋ᠠᠨ᠎ᠤ ᠬᠠᠮᠲᠤ ᠨᠡᠶ᠋ᠢᠲᠡ᠎ᠳᠤ 20 ᠦᠬᠡᠷ ᠬᠤᠳᠠᠯᠳᠤᠨ ᠠᠪᠴᠤ   ᠦᠭᠴᠦ᠂   ᠰᠢᠶᠠᠨ᠎ᠤ ᠨᠠᠮ᠎ᠤᠨ ᠬᠣᠷᠢᠶᠠᠨ᠎ᠤ ᠠᠯᠪᠠᠨ ᠭᠡᠷ᠎ᠲᠠᠢ ᠬᠠᠷᠢᠯᠴᠠᠨ 30 ᠲᠦᠮᠡᠨ ᠲᠥᠭᠥᠷᠢᠭ᠎ᠤᠨ ᠪᠡᠯᠡ ᠮᠥᠩᠭᠥ ᠵᠣᠬᠢᠴᠠᠭᠤᠯᠵᠤ ᠦᠬᠡᠷ᠎ᠤᠨ ᠬᠠᠰᠢᠶ᠎ᠠ ᠰᠠᠷᠠᠪᠴᠢ ᠵᠢ ᠪᠠᠶ᠋ᠢᠭᠤᠯᠬᠤ ᠵᠢᠨ ᠬᠠᠮᠲᠤ᠂ ᠲᠣᠰᠬᠣᠨ᠎ᠤ ᠬᠣᠶᠠᠷ ᠵᠥᠪᠯᠡᠯ᠎ᠲᠠᠢ ᠬᠠᠮᠵᠢᠯᠴᠠᠨ ᠲᠡᠵᠢᠭᠡᠨ ᠦᠷᠡᠵᠢᠬᠦᠯᠬᠦ ᠬᠤᠷᠰᠢᠶᠠᠵᠢᠯ ᠪᠠᠢ᠌ᠭᠤᠯᠵᠤ᠂ ᠲᠡᠵᠢᠭᠡᠨ ᠦᠷᠡᠵᠢᠭᠦᠯᠬᠦ ᠲᠤᠰᠬᠠᠢ ᠮᠡᠷᠭᠡᠵᠢᠯᠲᠡᠨ᠎ᠢ ᠤᠷᠢᠵᠤ ᠬᠢᠴᠢᠶᠡᠯ ᠨᠡᠭᠡᠭᠡᠵᠦ᠂ ᠲᠣᠰᠬᠣᠨ᠎ᠤ ᠠᠷᠠᠳ᠎ᠢ ᠳᠠᠢ᠌ᠴᠢᠯᠠᠨ ᠲᠡᠵᠢᠭᠡᠨ ᠦᠷᠡᠵᠢᠭᠦᠯᠬᠦ ᠦᠢ᠍ᠯᠡᠰ᠎ᠢ ᠬᠠᠮᠲᠤ᠎ᠪᠠᠷ ᠬᠦᠭᠵᠢᠬᠦᠯᠪᠡ᠃ ᠣᠳᠣᠬᠠᠨ᠎ᠳᠤ ᠰᠢ ᠱᠠᠨ ᠲᠣᠰᠬᠣᠨ᠎ᠳᠤ 7 ᠡᠷᠦᠬᠡ ᠦᠬᠡᠷ ᠲᠡᠵᠢᠭᠡᠵᠦ᠂ 7 ᠡᠷᠦᠬᠡ ᠡᠯᠵᠢᠭᠡ ᠲᠡᠵᠢᠭᠡᠵᠦ᠂ 17 ᠡᠷᠦᠬᠡ ᠬᠣᠨᠢ ᠲᠡᠵᠢᠭᠡᠵᠦ᠂ ᠪᠠᠷᠤᠭ ᠡᠷᠦᠬᠡ ᠪᠣᠯᠭ᠋ᠠᠨ ᠭᠠᠬᠠᠢ ᠲᠡᠵᠢᠭᠡᠵᠦ᠂ ᠨᠡᠶ᠋ᠢᠲᠡ 1500 ᠭᠠᠷᠤᠢ ᠮᠠᠯ ᠲᠡᠵᠢᠭᠡᠪᠤᠷᠢ ᠲᠡᠵᠢᠭᠡᠵᠦ᠂ ᠲᠤᠰᠬᠤᠨ᠎ᠤ ᠠᠷᠠᠳ ᠴᠦᠮ       ᠪᠣᠳᠠᠲᠤ ᠠᠰᠢᠭ ᠬᠦᠷᠲᠡᠵᠡᠢ᠃

ᠵᠢᠷᠤᠭ᠄ ᠲᠣᠰᠬᠣᠨ᠎ᠤ ᠬᠠᠮᠲᠤ ᠨᠡᠢ᠌ᠳᠡ ᠵᠢᠨ ᠮᠢᠬᠠᠨ᠎ᠤ ᠦᠬᠡᠷ
      ᠤᠰᠤᠨ ᠠᠰᠢᠭᠯᠠᠯᠲᠠ ᠪᠤᠯᠤᠨ ᠰᠢ ᠱᠠᠨ ᠲᠤᠰᠬᠤᠨ᠎ᠤ ᠬᠣᠯᠪᠣᠭ᠋ᠠᠰᠤ ᠬᠥᠭᠥᠷᠭᠡ᠂ ᠬᠠᠪᠰᠤᠷᠤᠯᠭ᠎ᠠ ᠲᠡᠳᠬᠦᠮᠵᠢ᠎ᠪᠠᠷ ᠬᠠᠶ᠋ᠢᠷ᠎ᠠ ᠰᠡᠳᠬᠢᠯᠭᠡ ᠵᠢᠨ ᠱᠤᠭᠤᠮ᠎ᠢ ᠬᠤᠯᠪᠤᠨ᠎ᠠ
2000 ᠣᠨ᠎ᠳᠤ ᠰᠢ ᠱᠠᠨ ᠲᠣᠰᠬᠣᠨ᠎ᠤ ᠠᠷᠠᠳ ᠯᠢᠨ ᠴᠢ ᠪᠤᠤ ᠭᠡᠨᠡᠳᠳᠡ ᠭᠡᠮᠳᠦᠵᠦ   ᠰᠢᠷᠬᠠᠳᠤᠨ ᠴᠠᠭ ᠲᠤᠬᠠᠢ᠎ᠳᠤ᠎ᠨᠢ ᠡᠮᠴᠢᠯᠡᠨ ᠵᠠᠰᠠᠭᠰᠠᠨ ᠦᠭᠡᠢ᠎ᠠᠴᠠ ᠪᠤᠯᠵᠤ ᠵᠡᠭᠦᠨ ᠬᠥᠯ ᠵᠶ᠋ᠡᠨ ᠤᠭᠳᠤᠯᠤᠭᠤᠯᠵᠠᠢ᠃ ᠲᠡᠷᠡ ᠦᠶ᠎ᠡ᠎ᠳᠤ ᠬᠦᠦ᠎ᠨᠢ 8 ᠨᠠᠰᠤᠲᠠᠢ᠂ ᠥᠬᠢᠨ᠎ᠨᠢ ᠳᠥᠩᠭᠡᠵᠢ 6 ᠨᠠᠰᠤᠲᠠᠢ ᠪᠠᠢ᠌ᠪᠠ᠃ ᠡᠨᠡᠬᠦ ᠤᠤᠯ᠎ᠠᠴᠠ᠎ᠪᠠᠨ ᠴᠢᠨᠡᠭᠡᠯᠢᠭ ᠪᠤᠰᠤ ᠭᠡᠷ ᠪᠦᠯᠢ᠎ᠳᠤ ᠠᠪᠴᠤ ᠬᠡᠯᠡᠪᠡᠯ ᠦᠨᠡᠬᠡᠷ ᠴᠠᠰᠤᠨ ᠲᠡᠭᠡᠷ᠎ᠡ ᠬᠢᠷᠠᠭᠤ ᠨᠡᠮᠡᠵᠦ᠂ ᠮᠡᠰᠡ ᠵᠠᠰᠠᠯ᠎ᠤᠨ ᠰᠦᠢ᠍ᠳᠭᠡᠯ ᠴᠤᠭᠯᠠᠭᠤᠯᠬᠤ ᠵᠢᠨ ᠲᠦᠯᠦᠭᠡ ᠭᠡᠷ ᠬᠦᠷᠦᠩᠭᠡ᠎ᠪᠠᠨ ᠬᠢᠮᠳᠠ᠎ᠪᠠᠷ ᠬᠤᠳᠠᠯᠳᠤᠭᠰᠠᠨ ᠪᠦᠭᠡᠳ ᠪᠠᠰᠠ 7 ᠲᠦᠮᠡ ᠭᠠᠷᠤᠢ ᠲᠥᠭᠥᠷᠢᠭ᠎ᠤᠨ ᠥᠷᠢ᠎ᠳᠤ ᠤᠨᠠᠵᠤ᠂ ᠡᠮᠨᠡᠯᠭᠡ᠎ᠠᠴᠠ ᠭᠠᠷᠬᠤ ᠦᠶ᠎ᠡ᠎ᠳᠤ ᠯᠢᠨ ᠴᠢ ᠪᠤᠤ ᠪᠦᠬᠦ ᠬᠦᠰᠡᠯ ᠨᠠᠢ᠌ᠳᠠᠯᠭ᠎ᠠ᠎ᠪᠠᠨ ᠠᠯᠳᠠᠵᠠᠢ᠃ 2017 ᠣᠨ ᠪᠤᠯᠬᠤ ᠦᠶ᠎ᠡ᠎ᠳᠤ ᠲᠣᠰᠬᠣᠨ᠎ᠳᠤ ᠰᠠᠭᠤᠭ᠎ᠠ ᠠᠵᠢᠯᠯᠠᠬᠤ ᠠᠩᠭᠢ᠎ᠨᠢ ᠤᠯᠤᠰ᠎ᠤᠨ ᠲᠥᠷᠥ ᠵᠢᠨ ᠪᠣᠳᠣᠯᠭ᠎ᠠ ᠵᠢ ᠴᠤᠤᠷᠢᠶᠠᠲᠤᠨ ᠳᠠᠭ᠋ᠠᠬᠤ ᠵᠢᠨ ᠬᠠᠮᠲᠤ᠂ ᠯᠢᠨ ᠴᠢ ᠪᠤᠤ᠎ᠳᠤ ᠠᠵᠤ ᠦᠢ᠍ᠯᠡᠰ ᠵᠶ᠋ᠡᠷ ᠶᠠᠳᠠᠭᠤ ᠵᠢ ᠲᠡᠳᠬᠦᠬᠦ ᠵᠢᠭᠡᠯᠡᠯᠭᠡ ᠭᠤᠶᠤᠴᠢᠯᠠᠵᠤ᠂ ᠵᠠᠬ᠎ᠠ ᠳᠡᠯᠭᠡᠭᠦᠷ᠎ᠤᠨ ᠣᠷᠴᠢᠨ ᠲᠣᠭᠣᠷᠢᠨ᠎ᠢ ᠭᠦᠢ᠍ᠴᠡᠳ ᠪᠠᠶ᠋ᠢᠴᠠᠭ᠋ᠠᠨ ᠰᠤᠳᠤᠯᠤᠭᠰᠠᠨ ᠰᠠᠭᠤᠷᠢᠨ ᠳᠡᠭᠡᠷ᠎ᠡ᠂ ᠯᠢᠨ ᠴᠢ ᠪᠤᠤ ᠵᠢ ᠢᠳᠡᠪᠬᠢᠳᠡᠢ ᠲᠡᠮᠵᠢᠨ ᠬᠦᠳᠦᠯᠵᠦ 10 ᠮᠡᠭᠡᠵᠢ ᠬᠤᠳᠠᠯᠳᠤᠨ ᠠᠪᠤᠭᠤᠯᠬᠤ ᠵᠢᠨ ᠬᠠᠮᠲᠤ ᠠᠵᠤ ᠦᠢ᠍ᠯᠡᠰ᠎ᠤᠨ ᠵᠢᠭ᠋ᠠᠨ ᠵᠢᠯᠣᠭᠣᠳᠤᠭᠴᠢ᠎ᠲᠠᠢ ᠬᠠᠷᠢᠯᠴᠠᠵᠤ᠂ ᠲᠣᠭᠲᠠᠭᠰᠠᠨ ᠬᠤᠭᠤᠴᠠᠭ᠎ᠠ᠎ᠲᠠᠢ᠎ᠪᠠᠷ ᠭᠡᠷ᠎ᠲᠤ᠎ᠨᠢ ᠬᠦᠷᠴᠦ ᠲᠡᠵᠢᠭᠡᠨ ᠦᠷᠡᠵᠢᠭᠦᠯᠬᠦ ᠪᠠᠶ᠋ᠢᠳᠠᠯ᠎ᠢ ᠬᠢᠨᠠᠨ ᠤᠢ᠌ᠯᠠᠭ᠋ᠠᠵᠤ᠂ ᠲᠡᠵᠢᠭᠡᠨ ᠦᠷᠡᠵᠢᠬᠦᠯᠬᠦ ᠠᠶᠤᠯ ᠲᠦᠭᠰᠢᠬᠦᠷᠢ ᠵᠢ   ᠰᠡᠷᠭᠡᠢ᠌ᠯᠡᠭᠰᠡᠨ ᠪᠠᠢ᠌ᠨ᠎ᠠ᠃ ᠭᠤᠷᠪᠠᠨ ᠵᠢᠯ᠎ᠤᠨ ᠲᠤᠷᠰᠢ᠂ ᠯᠢᠨ ᠴᠢ ᠪᠤᠤ ᠵᠢᠨ ᠮᠡᠭᠡᠵᠢ᠎ᠠᠴᠠ ᠨᠡᠶ᠋ᠢᠲᠡ 123 ᠲᠤᠷᠤᠢ ᠦᠷᠡᠵᠢᠨ᠂ ᠵᠠᠭᠤ ᠭᠠᠷᠤᠢ ᠵᠢ᠎ᠨᠢ ᠬᠤᠳᠠᠯᠳᠤᠵᠤ᠂ ᠲᠠᠪᠤᠨ ᠲᠦᠮᠡ ᠢᠯᠡᠬᠦᠦ ᠲᠦᠬᠦᠷᠢᠭ᠎ᠤᠨ ᠠᠰᠢᠭ ᠬᠦᠷᠳᠡᠵᠡᠢ᠃ ᠯᠢᠨ ᠴᠢ ᠪᠤᠤ ᠭᠠᠬᠠᠢ ᠲᠡᠵᠢᠭᠡᠭᠰᠡᠨ ᠦᠩᠭᠡᠷᠡᠯᠳᠡ᠎ᠪᠠᠨ ᠶᠠᠷᠢᠬᠤ᠎ᠳᠠᠭᠠᠨ ᠨᠢᠭᠤᠷ ᠳᠦᠭᠦᠷᠡᠩ ᠢᠨᠢᠶᠡᠳᠦ   ᠪᠢᠯᠬᠠᠨ 《ᠲᠤᠬᠠᠢ ᠵᠢᠨ ᠦᠶ᠎ᠡ᠎ᠳᠤ ᠲᠣᠰᠬᠣᠨ᠎ᠳᠤ ᠰᠠᠭᠤᠭ᠎ᠠ ᠺᠠᠳ᠋ᠷ ᠨᠠᠮ᠎ᠠ ᠵᠢ ᠭᠠᠬᠠᠢ ᠲᠡᠵᠢᠭᠡ ᠭᠡᠵᠦ ᠢᠳᠬᠠᠭᠰᠠᠨ᠎ᠠᠴᠠ ᠪᠢ ᠣᠳᠣ ᠰᠠᠶᠢ ᠠᠮᠢᠳᠤᠷᠠᠯ ᠰᠠᠢ᠌ᠵᠢᠷᠠᠵᠤ ᠪᠠᠢ᠌ᠨ᠎ᠠ᠃ ᠤᠷᠵᠢᠨᠤᠨ ᠵᠢᠯ ᠭᠠᠬᠠᠢ ᠵᠢᠨ ᠮᠢᠬᠠᠨ᠎ᠤ ᠦᠨ᠎ᠡ ᠮᠠᠭᠤᠳᠠᠵᠤ ᠬᠤᠳᠠᠯᠳᠤᠵᠤ ᠭᠠᠷᠬᠤ ᠦᠭᠡᠢ ᠪᠠᠢ᠌ᠯ᠎ᠠ᠂ ᠮᠦᠨ ᠯᠡ ᠲᠣᠰᠬᠣᠨ᠎ᠳᠤ ᠰᠠᠭᠤᠭ᠎ᠠ ᠺᠠᠳ᠋ᠷ ᠪᠠᠢ᠌ᠭᠤᠯᠭ᠎ᠠ ᠵᠢᠨ ᠬᠠᠮᠲᠤ ᠠᠵᠢᠯᠲᠠᠨ ᠵᠶ᠋ᠡᠨ ᠲᠠᠢ᠌ᠴᠢᠯᠠᠨ ᠨᠠᠮᠠᠢ᠍ᠢ ᠬᠠᠪᠰᠤᠷᠤᠨ ᠭᠠᠬᠠᠢ ᠵᠢᠨ ᠮᠢᠬ᠎ᠠ ᠵᠢ ᠮᠢᠨᠢ ᠪᠤᠷᠤᠯᠠᠭᠤᠯᠵᠤ ᠦᠭᠬᠦᠭᠰᠡᠨ ᠶᠤᠮ᠃ ᠡᠨᠡ ᠬᠤᠶᠠᠷ ᠵᠢᠯ᠎ᠤᠨ ᠭᠠᠬᠠᠢ ᠵᠢᠨ ᠮᠢᠬ᠎ᠠ ᠵᠢᠨ ᠦᠨ᠎ᠡ ᠬᠠᠩᠰᠢ ᠮᠠᠰᠢ ᠰᠠᠢ᠌ᠨ᠂ ᠪᠦᠷ ᠬᠡᠷᠡᠭᠴᠡᠭᠡ ᠵᠢ ᠬᠠᠩᠭ᠋ᠠᠵᠤ ᠲᠡᠢ᠌ᠯᠬᠦ ᠦᠭᠡᠡᠢ ᠪᠤᠯᠵᠠᠢ᠂ ᠲᠤᠰᠬᠤᠨ᠎ᠳᠤ ᠰᠠᠭᠤᠭ᠎ᠠ ᠺᠠᠳ᠋ᠷ ᠪᠦᠷ ᠪᠢᠳᠡᠨ᠎ᠠᠴᠠ ᠴᠤ᠌ ᠢᠯᠡᠬᠦᠦ ᠪᠠᠶᠠᠷᠯᠠᠵᠤ ᠪᠠᠶ᠋ᠢᠨ᠎ᠠ ᠰᠢᠦ!》 ᠭᠡᠵᠦ   ᠶᠠᠷᠢᠨ᠎ᠠ᠃

ᠵᠢᠷᠤᠭ᠄   ᠯᠢᠨ ᠴᠢ ᠪᠤᠤ ᠵᠢᠨ ᠭᠠᠬᠠᠢ ᠵᠢᠨ ᠬᠠᠰᠢᠶ᠎ᠠ
ᠣᠷᠴᠢᠨ ᠲᠣᠭᠣᠷᠢᠨ᠎ᠢ ᠴᠠᠭ ᠢᠮᠠᠭᠲᠠ ᠴᠡᠭᠴᠡᠯᠡᠨ ᠵᠠᠰᠠᠵᠤ᠂ ᠭᠣᠶᠣ ᠰᠠᠶ᠋ᠢᠬᠠᠨ ᠬᠥᠳᠡᠭᠡ ᠲᠣᠰᠬᠣᠨ ᠵᠶ᠋ᠠᠨ ᠵᠢᠪᠬᠤᠭ᠋ᠠᠵᠢᠭᠤᠯᠤᠨ᠎ᠠ
     2018 ᠣᠨ᠎ᠳᠤ ᠰᠢ ᠱᠠᠨ ᠲᠣᠰᠬᠣᠨ ᠶᠠᠳᠠᠭᠤ᠎ᠠᠴᠠ ᠠᠩᠬᠢᠵᠢᠷᠠᠵᠤ᠂ ᠲᠣᠰᠬᠣᠨ᠎ᠤ ᠠᠷᠠᠳ᠎ᠤᠨ ᠠᠮᠢᠳᠤᠷᠠᠯ᠎ᠤᠨ ᠲᠦᠪᠰᠢᠨ ᠳᠡᠭᠡᠭᠰᠢᠯᠡᠭᠰᠡᠨ ᠪᠣᠯᠪᠠᠴᠤ ᠲᠤᠭᠤᠰᠤ ᠰᠢᠷᠤᠢ ᠮᠠᠨᠠᠷᠠᠭᠰᠠᠨ ᠤᠷᠴᠢᠨ ᠲᠤᠭᠤᠷᠢᠨ᠎ᠨᠢ ᠲᠤᠰᠬᠤᠨ᠎ᠤ ᠨᠢᠭᠡᠨ ᠬᠠᠷ᠎ᠠ ᠲᠤᠯᠪᠤ ᠪᠤᠯᠵᠠᠢ᠃ ᠡᠶ᠋ᠢᠮᠦ᠎ᠠᠴᠠ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠰᠠᠭᠤᠷᠢᠯᠠᠨ᠂ ᠣᠷᠣᠰᠢᠨ ᠠᠮᠢᠳᠤᠷᠠᠬᠤ ᠣᠷᠴᠢᠨ ᠨᠥᠬᠥᠴᠡᠯ᠎ᠢ ᠰᠠᠶ᠋ᠢᠵᠢᠷᠠᠭᠤᠯᠬᠤ ᠰᠢᠷᠢᠰ ᠠᠷᠭ᠎ᠠ ᠬᠡᠮᠵᠢᠶ᠎ᠡ ᠠᠪᠤᠪᠠ᠃ ᠰᠢᠶᠠᠨ᠎ᠤ ᠨᠠᠮ᠎ᠤᠨ ᠬᠣᠷᠢᠶᠠᠨ᠎ᠤ ᠠᠯᠪᠠᠨ ᠭᠡᠷ᠎ᠲᠠᠢ ᠬᠤᠯᠪᠤᠭ᠋ᠠᠯᠠᠨ 18 ᠡᠷᠦᠬᠡ ᠵᠢᠨ ᠨᠤᠷᠠᠬᠤ ᠠᠶᠤᠯᠲᠠᠢ ᠭᠡᠷ ᠪᠠᠶ᠋ᠢᠰᠢᠩ᠎ᠢ ᠥᠭᠡᠷᠡᠴᠢᠯᠡᠨ ᠵᠠᠰᠠᠵᠤ᠂ ᠱᠦᠢ᠍ᠨᠢ ᠵᠠᠮ᠂ ᠴᠠᠷᠳᠠᠮᠠᠯ ᠵᠠᠮ᠂ ᠬᠠᠶ᠋ᠢᠷ ᠴᠢᠯᠠᠭᠤᠨ ᠵᠠᠮ᠎ᠢ ᠨᠡᠶ᠋ᠢᠲᠡ 11.5   ᠺᠢᠯᠤᠮᠸᠲᠷ ᠵᠠᠰᠠᠨ ᠰᠡᠯᠪᠢᠵᠦ᠂ 47 ᠵᠠᠮ᠎ᠤᠨ ᠳ᠋ᠸᠩ ᠲᠠᠭ᠋ᠠᠷᠠᠭᠤᠯᠵᠤ᠂ ᠬᠠᠪᠤᠷ᠎ᠤᠨ ᠲᠠᠷᠢᠶᠠᠯᠠᠭ᠎ᠠ ᠨᠠᠮᠤᠷ᠎ᠤᠨ ᠬᠤᠷᠢᠶᠠᠯᠲᠠ ᠵᠢᠨ ᠲᠡᠭᠡᠭᠡᠪᠤᠷᠢ᠎ᠳᠤ ᠳᠥᠭᠥᠮ ᠨᠥᠬᠥᠴᠡᠯ ᠬᠠᠩᠭ᠋ᠠᠪᠠ᠃ 2019 ᠣᠨ᠎ᠳᠤ 540 ᠲᠦᠮᠡᠨ ᠲᠥᠭᠥᠷᠢᠭ᠎ᠤᠨ ᠢᠳᠡᠭᠳᠡᠯ᠎ᠤᠨ ᠭᠣᠣ ᠰᠤᠪᠠᠭ᠎ᠢ ᠵᠠᠰᠠᠬᠤ ᠲᠦᠷᠦᠯ ᠵᠤᠢ᠌ᠯ᠎ᠢ ᠭᠤᠶᠤᠴᠢᠯᠠᠨ ᠤᠯᠵᠤ᠂ ᠲᠣᠰᠬᠣᠨ᠎ᠤ ᠪᠣᠢ ᠪᠦᠬᠦᠢ ᠢᠳᠡᠭᠳᠡᠯ᠎ᠤᠨ ᠭᠣᠣ ᠰᠤᠪᠠᠭ᠎ᠢ ᠶᠡᠷᠦᠩᠬᠡᠶ᠋ᠢᠯᠡᠨ ᠵᠠᠰᠠᠵᠤ᠂ ᠲᠠᠷᠢᠶᠠᠨ ᠭᠠᠵᠠᠷ᠎ᠢ ᠪᠦᠲᠦᠮᠵᠢᠲᠡᠢ ᠬᠠᠮᠠᠭ᠋ᠠᠯᠠᠨ᠂ ᠬᠥᠷᠥᠰᠥ ᠰᠢᠷᠣᠢ ᠵᠢᠨ ᠢᠳᠡᠭᠳᠡᠯ᠎ᠢ ᠪᠠᠭ᠋ᠠᠰᠬᠠᠵᠠᠢ᠃ ᠪᠠᠰᠠ ᠰᠢ ᠱᠠᠨ ᠲᠤᠰᠬᠤᠨ᠎ᠤ ᠡᠮᠦᠨ᠎ᠡ ᠠᠭᠤᠯᠠ ᠪᠣᠯᠤᠨ ᠠᠭᠤᠯᠠ ᠵᠢᠨ ᠬᠣᠷᠮᠣᠢ ᠵᠢᠨ ᠬᠠᠶᠠᠭᠳᠠᠭᠰᠠᠨ ᠴᠡᠴᠡᠷᠯᠢᠭ᠎ᠢ ᠨᠤᠭᠤᠭ᠋ᠠᠷᠠᠭᠤᠯᠤᠨ ᠭᠤᠸᠠᠯᠢᠭᠵᠢᠭᠤᠯᠵᠤ᠂ ᠠᠭᠤᠳᠠᠮ ᠲᠠᠯᠠᠪᠠᠢ ᠵᠢᠨ ᠰᠡᠯᠡᠬᠦᠴᠡᠯ ᠪᠣᠯᠤᠨ ᠡᠮᠦᠨ᠎ᠡ ᠠᠭᠤᠯᠠ ᠵᠢᠨ ᠴᠡᠴᠡᠭ ᠰᠣᠨᠢᠷᠬᠠᠬᠤ ᠵᠢ ᠨᠢᠭᠡ ᠴᠤᠭᠴᠠᠵᠢᠭᠤᠯᠤᠭᠰᠠᠨ ᠰᠡᠯᠡᠬᠦᠴᠡᠯ᠎ᠤᠨ ᠲᠠᠯᠠᠪᠠᠢ ᠭᠠᠷᠭ᠋ᠠᠵᠤ᠂   ᠲᠣᠰᠬᠣᠨ᠎ᠤ ᠢᠷᠭᠡᠳ᠎ᠤᠨ ᠰᠡᠯᠡᠭᠦᠴᠡᠯ ᠵᠤᠭ᠎ᠠ ᠴᠡᠩᠭᠡᠯ᠎ᠤᠨ ᠤᠶᠤᠨ᠎ᠤ ᠱᠠᠭ᠋ᠠᠷᠳᠠᠯᠭ᠎ᠠ ᠵᠢ ᠬᠠᠩᠭ᠋ᠠᠵᠤ᠂ ᠲᠠᠷᠠᠭ᠎ᠠ ᠠᠯᠬᠤᠮ᠎ᠤᠨ ᠬᠥᠳᠡᠭᠡ ᠲᠣᠰᠬᠣᠨ᠎ᠤ ᠠᠶᠠᠯᠠᠯ ᠵᠢᠭᠤᠯᠴᠢᠯᠠᠯ᠎ᠢ ᠬᠥᠭᠵᠢᠭᠦᠯᠬᠦ᠎ᠳᠤ ᠰᠠᠭᠤᠷᠢ ᠲᠠᠯᠪᠢᠵᠤ ᠦᠭᠭᠦᠭᠰᠡᠨ ᠪᠠᠶ᠋ᠢᠨ᠎ᠠ᠃

ᠵᠢᠷᠤᠭ᠄   ᠰᠢ ᠱᠠᠨ ᠲᠣᠰᠬᠣᠨ᠎ᠤ ᠰᠣᠶᠣᠯ᠎ᠤᠨ ᠠᠭᠤᠳᠠᠮ ᠲᠠᠯᠠᠪᠠᠢ
ᠲᠣᠰᠬᠣᠨ᠎ᠤ ᠬᠥᠭᠵᠢᠯᠲᠡ ᠵᠢᠨ ᠵᠢᠷᠤᠭ ᠲᠦᠯᠦᠪᠯᠡᠭᠡ ᠵᠢ ᠲᠥᠯᠥᠪᠯᠡᠵᠦ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠲᠦᠯᠬᠢᠨ ᠠᠬᠢᠭᠤᠯᠪᠠ
     2020 ᠣᠨ᠎ᠳᠤ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠣᠪᠴᠢᠶ᠎ᠠ ᠵᠢᠨ ᠭᠠᠵᠠᠷ ᠰᠢᠷᠣᠢ ᠵᠢᠨ ᠬᠠᠶ᠋ᠢᠨ ᠪᠠᠶ᠋ᠢᠴᠠᠭ᠋ᠠᠯᠲᠠ ᠵᠢᠨ ᠬᠦᠷᠢᠶᠡᠯᠡᠩ᠎ᠲᠠᠢ ᠵᠣᠬᠢᠴᠠᠭᠤᠯᠵᠤ ᠪᠠᠢ᠌ᠭ᠋ᠠᠳ ᠰᠢ ᠱᠠᠨ ᠲᠤᠰᠬᠤᠨ᠎ᠳᠤ ᠲᠣᠰᠬᠣᠨ᠎ᠤ ᠲᠥᠯᠥᠪᠵᠢᠭᠦᠯᠭᠡ ᠬᠢᠯᠭᠡᠵᠦ᠂ ᠲᠦᠯᠦᠪᠵᠢᠬᠦᠯᠭᠡ᠎ᠨᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠪᠠᠷ ᠦᠨᠳᠦᠰᠦᠨ ᠬᠥᠭ ᠪᠣᠯᠭ᠋ᠠᠵᠤ᠂ 《ᠠᠷᠠᠳ᠎ᠤᠨ   ᠰᠡᠳᠬᠢᠯ᠎ᠢ ᠰᠣᠨᠣᠰᠴᠤ᠂ ᠠᠷᠠᠳ᠎ᠤᠨ ᠣᠶᠤᠨ ᠤᠬᠠᠭ᠋ᠠᠨ᠎ᠢ ᠨᠢᠭᠳᠠᠷᠠᠭᠤᠯᠵᠤ᠂ ᠠᠷᠠᠳ᠎ᠤᠨ ᠰᠠᠨᠠᠯ᠎ᠢ ᠬᠦᠨᠳᠦᠳᠬᠡᠬᠦ》 ᠣᠶ᠋ᠢᠯᠠᠭ᠋ᠠᠭᠳᠠᠬᠤᠨ᠎ᠢ ᠪᠠᠷᠢᠮᠲᠠᠯᠠᠵᠤ᠂ 《ᠠᠭᠤᠯᠠᠨ᠎ᠨᠢ ᠬᠠᠷᠠᠭᠳᠠᠵᠤ᠂ ᠤᠰᠤ᠎ᠨᠢ ᠦᠵᠡᠭᠳᠡᠵᠦ᠂ ᠨᠤᠲᠤᠭ᠎ᠤᠨ ᠲᠤᠷᠠᠰᠤᠮᠵᠢ ᠴᠡᠭᠡᠵᠢᠯᠡᠭᠳᠡᠬᠦ》   ᠰᠡᠳᠬᠢᠮᠵᠢ ᠶᠣᠰᠣᠭ᠋ᠠᠷ ᠰᠢ ᠱᠠᠨ ᠲᠣᠰᠬᠣᠨ᠎ᠤ ᠥᠪᠡᠷᠮᠢᠴᠡ ᠬᠥᠮᠦᠨ ᠠᠮᠠ᠂ ᠠᠵᠤ ᠠᠬᠤᠢ᠂ ᠠᠵᠤ ᠦᠢ᠍ᠯᠡᠰ᠂ ᠭᠠᠵᠠᠷ ᠰᠢᠷᠣᠢ ᠵᠢᠨ ᠪᠠᠶ᠋ᠢᠷᠢᠯᠠᠭᠤᠯᠤᠯᠲᠠ᠂ ᠢᠵᠢ ᠲᠦᠬᠦᠷ ᠲᠦᠬᠦᠭᠡᠷᠦᠮᠵᠢ᠂ ᠲᠡᠤᠬᠡ ᠰᠤᠶᠤᠯ ᠵᠡᠷᠭᠡ ᠤᠨᠴᠠᠯᠢᠭ᠎ᠲᠠᠢ ᠨᠢᠭᠳᠠ ᠤᠶᠠᠯᠳᠤᠭᠤᠯᠪᠠ᠃ ᠲᠤᠰ ᠤᠳᠠᠭ᠋ᠠᠨ᠎ᠤ ᠲᠥᠯᠥᠪᠵᠢᠭᠦᠯᠭᠡ ᠪᠣᠯ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠵᠢᠨ ᠳᠠᠭ᠋ᠠᠭ᠋ᠠᠴᠢᠯᠠᠨ ᠬᠠᠷᠢᠯᠴᠠᠵᠤ ᠬᠠᠪᠰᠤᠷᠤᠨ ᠲᠡᠳᠬᠦᠬᠦ ᠲᠥᠯᠥᠪᠯᠡᠭᠡ ᠵᠢᠨ ᠤᠷᠲᠤᠳᠬᠠᠯ ᠪᠤᠯᠬᠤ ᠪᠦᠭᠡᠳ ᠮᠦᠨ ᠴᠤ᠌ ᠰᠢ ᠱᠠᠨ ᠲᠣᠰᠬᠣᠨ᠎ᠤ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠬᠥᠭᠵᠢᠯᠲᠡ ᠵᠢᠨ ᠴᠢᠭᠯᠡᠯ᠎ᠢ ᠲᠣᠳᠣᠷᠬᠠᠢ ᠵᠢᠭ᠋ᠠᠨ ᠦᠭᠴᠦ᠂ ᠰᠢ ᠱᠠᠨ ᠲᠣᠰᠬᠣᠨ᠎ᠤ ᠤᠷᠤᠰᠢᠨ ᠰᠠᠭᠤᠬᠤ ᠣᠷᠴᠢᠨ ᠲᠣᠭᠣᠷᠢᠨ᠎ᠢ ᠰᠠᠶ᠋ᠢᠵᠢᠷᠠᠭᠤᠯᠤᠨ᠂ ᠭᠠᠴᠠᠭ᠋ᠠᠨ᠎ᠤ ᠬᠠᠮᠲᠤ ᠵᠢᠨ ᠠᠵᠤ ᠠᠬᠤᠢ ᠵᠢ ᠳᠡᠭᠡᠭᠰᠢᠯᠡᠭᠦᠯᠵᠦ᠂ ᠡᠴᠦᠰ᠎ᠲᠡᠭᠡᠨ ᠠᠵᠤ ᠦᠢ᠍ᠯᠡᠰ ᠬᠥᠭᠵᠢᠭᠰᠡᠨ᠂ ᠠᠮᠢ ᠠᠬᠤᠢ ᠣᠷᠣᠰᠢᠨ ᠰᠠᠭᠤᠷᠢᠰᠢᠬᠤ᠎ᠳᠤ ᠲᠣᠬᠢᠷᠠᠮᠵᠢᠲᠠᠢ᠂ ᠨᠤᠲᠤᠭ᠎ᠤᠨ ᠰᠤᠷᠲᠠᠯ ᠪᠣᠯᠪᠠᠰᠤᠨ᠂ ᠠᠮᠢᠳᠤᠷᠠᠯ ᠪᠠᠶᠠᠨ ᠴᠢᠨᠡᠭᠡᠯᠢᠭ ᠪᠣᠯᠭ᠋ᠠᠬᠤ ᠬᠠᠷᠠᠯᠲᠠ᠎ᠳᠤ ᠬᠦᠷᠴᠦ᠂ ᠲᠣᠰᠬᠣᠨ᠎ᠤ ᠳᠦᠷᠢ ᠲᠥᠷᠬᠦ ᠵᠢ ᠢᠯᠡᠳᠲᠡ ᠰᠠᠢ᠌ᠵᠢᠷᠠᠭᠤᠯᠤᠨ᠎ᠠ᠃

ᠵᠢᠷᠤᠭ᠄   ᠰᠢ ᠱᠠᠨ ᠲᠣᠰᠬᠣᠨ᠎ᠤ ᠥᠩᠭᠡ ᠲᠦᠷᠬᠦ
      ᠶᠠᠳᠠᠭᠤ᠎ᠠᠴᠠ ᠠᠩᠭᠢᠵᠢᠷᠠᠭᠤᠯᠬᠤ᠎ᠳᠤ ᠶᠠᠭᠤ ᠬᠠᠮᠤᠭ᠎ᠠᠴᠠ ᠬᠡᠷᠡᠭᠴᠡᠭᠡ᠎ᠲᠠᠢ᠂   ᠣᠯᠠᠨ ᠲᠦᠮᠡᠨ ᠶᠠᠭᠤ ᠵᠢ ᠬᠠᠮᠤᠭ ᠬᠦᠰᠡᠳᠡᠭ ᠪᠤᠯ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠲᠠᠷᠤᠢ ᠲᠡᠬᠦᠨ᠎ᠢ ᠬᠢᠨ᠎ᠡ᠃ ᠨᠠᠮ᠎ᠤᠨ ᠪᠠᠶ᠋ᠢᠭᠤᠯᠤᠯᠲᠠ ᠬᠠᠪᠰᠤᠷᠤᠨ ᠲᠠᠭ᠋ᠠᠭᠤᠯᠬᠤ᠂ ᠠᠮᠢᠳᠤᠷᠠᠯ᠎ᠢ᠎ᠨᠢ ᠲᠤᠬᠤᠨᠢᠭᠤᠯᠬᠤ᠂ ᠲᠣᠭᠣᠷᠢᠨ ᠡᠮᠴᠢᠯᠡᠬᠦ ᠁ ᠬᠠᠯᠠᠭᠤᠨ ᠲᠤᠳᠤᠨᠤ ᠬᠠᠪᠰᠤᠷᠤᠯᠭ᠎ᠠ ᠲᠡᠮᠵᠢᠯᠭᠡ᠂ ᠰᠡᠳᠬᠢᠯ᠎ᠢ ᠳᠤᠯᠠᠭ᠋ᠠᠴᠠᠭᠤᠯᠤᠭᠰᠠᠨ ᠠᠷᠰᠠᠷ ᠶᠠᠪᠤᠳᠠᠯ᠂ ᠰᠡᠳᠬᠢᠯ ᠵᠶ᠋ᠡᠨ ᠮᠡᠳᠡᠯᠴᠡᠭᠰᠡᠨ ᠶᠠᠷᠢᠯᠴᠠᠭ᠎ᠠ᠎ᠨᠤᠭᠤᠳ᠎ᠨᠢ ᠲᠡᠢ᠌ᠮᠦ ᠰᠦᠷ ᠲᠠᠯᠠᠢ᠌ᠴᠠᠳᠠᠢ ᠪᠢᠰᠢ ᠴᠤ᠌ ᠭᠡᠰᠡᠨ ᠰᠡᠳᠬᠢᠯ᠎ᠢ ᠲᠤᠯᠠᠭ᠋ᠠᠯᠠᠵᠤ ᠪᠠᠢ᠌ᠯ᠎ᠠ᠃
     7 ᠵᠢᠯ᠎ᠤᠨ ᠲᠣᠷᠰᠢ᠂ 14 ᠺᠠᠳ᠋ᠷ᠎ᠢ ᠲᠣᠮᠢᠯᠠᠵᠤ ᠲᠤᠰᠬᠤᠨ᠎ᠳᠤ ᠰᠠᠭᠤᠵᠤ᠂《ᠨᠢᠭᠡ ᠬᠠᠷᠠᠭ᠋ᠠᠯᠵᠠᠬᠤ ᠨᠢᠭᠡ》ᠵᠢᠨ ᠡᠷᠦᠬᠡ ᠲᠠᠭ᠋ᠠᠭ᠋ᠠᠴᠢᠯᠠᠬᠤ 40 ᠭᠠᠷᠤᠢ ᠺᠠᠳ᠋ᠷ᠎ᠢ ᠲᠣᠬᠢᠷᠠᠭᠤᠯᠤᠨ᠂ ᠲᠣᠰᠬᠣᠨ᠎ᠳᠤ ᠰᠠᠭᠤᠭ᠎ᠠ ᠺᠠᠳ᠋ᠷ ᠠᠷᠠᠳ᠎ᠤᠨ ᠲᠥᠯᠥᠭᠡ ᠯᠠᠪᠳᠠᠭᠤᠨ ᠰᠢᠷᠭ᠋ᠠᠭ᠋ᠠᠤ᠎ᠪᠠᠷ ᠬᠦᠴᠦᠨ ᠴᠢᠳᠠᠯ ᠵᠶ᠋ᠠᠨ ᠡᠷᠭᠦᠵᠦ᠂ ᠡᠷᠦᠬᠡ ᠳᠠᠭ᠋ᠠᠭ᠋ᠠᠴᠢᠯᠠᠭᠰᠠᠨ ᠺᠠᠳ᠋ᠷ ᠡᠷᠦᠬᠡ᠎ᠳᠤ ᠬᠦᠨᠵᠡᠭᠡᠢ᠌ᠷᠡᠨ᠂ ᠬᠦᠴᠢᠷᠳᠡᠯ᠎ᠢ ᠰᠢᠢ᠍ᠳᠪᠦᠷᠢᠯᠡᠨ ᠥᠭᠴᠦ᠂ 10 ᠭᠠᠷᠤᠢ ᠲᠦᠮᠡᠨ ᠲᠥᠭᠥᠷᠢᠭ᠎ᠤᠨ ᠮᠦᠩᠬᠦ ᠪᠠ ᠪᠣᠳᠠᠰ ᠬᠠᠨᠳᠢᠪᠯᠠᠪᠠ᠃ 6 ᠲᠦᠮᠡᠨ ᠲᠥᠭᠥᠷᠢᠭ᠎ᠤᠨ ᠪᠡᠯᠡ ᠣᠷᠣᠭᠤᠯᠵᠤ᠂ ᠲᠣᠰᠬᠣᠨ᠎ᠤ   ᠵᠦᠪᠯᠡᠯ᠎ᠳᠤ ᠠᠯᠪᠠᠯᠠᠬᠤ ᠰᠢᠷᠡᠭᠡ ᠰᠠᠨᠳᠠᠯᠢ᠂ ᠺᠣᠮᠫᠢᠦ᠋ᠲ᠋ᠧᠷ ᠵᠡᠷᠭᠡ ᠵᠢ ᠬᠤᠳᠠᠯᠳᠤᠨ ᠠᠪᠴᠤ   ᠦᠭᠴᠦ᠂ ᠲᠤᠰᠬᠤᠨ᠎ᠤ ᠵᠦᠪᠯᠡᠯ᠎ᠤᠨ ᠠᠯᠪᠠᠯᠠᠬᠤ ᠨᠦᠬᠦᠴᠡᠯ᠎ᠢ ᠰᠠᠢ᠌ᠵᠢᠷᠠᠭᠤᠯᠪᠠ᠃ 85 ᠲᠦᠮᠡᠨ ᠲᠥᠭᠥᠷᠢᠭ᠎ᠤᠨ ᠪᠡᠯᠡ ᠣᠷᠣᠭᠤᠯᠵᠤ ᠤᠤᠭᠤᠬᠤ ᠤᠰᠤᠨ᠎ᠤ ᠠᠮᠤᠷ ᠲᠦᠪᠰᠢᠨ᠎ᠤ ᠲᠦᠷᠦᠯ ᠵᠤᠢ᠌ᠯ᠎ᠢ ᠬᠡᠷᠡᠭᠵᠢᠬᠦᠯᠵᠦ᠂ ᠲᠣᠰᠬᠣᠨ᠎ᠤ ᠠᠷᠠᠳ᠎ᠲᠤ ᠴᠡᠪᠡᠷ ᠪᠦᠭᠡᠳ ᠠᠮᠤᠷ ᠲᠦᠪᠰᠢᠨ ᠤᠤᠭᠤᠬᠤ ᠤᠰᠤ ᠬᠠᠩᠭ᠋ᠠᠵᠠᠶ᠃

ᠵᠢᠷᠤᠭ᠄ ᠡᠷᠦᠬᠡ ᠲᠠᠭ᠋ᠠᠭ᠋ᠠᠴᠢᠯᠠᠭᠰᠠᠨ ᠺᠠᠳ᠋ᠷ ᠡᠷᠦᠭᠡ᠎ᠳᠤ ᠤᠷᠤᠵᠤ ᠪᠠᠢ᠌ᠴᠠᠭ᠋ᠠᠯᠳᠠ ᠬᠢᠵᠦ ᠪᠠᠢ᠌ᠭ᠎ᠠ᠎ᠨᠢ
     78 ᠨᠠᠰᠤᠲᠠᠢ ᠶᠠᠳᠠᠭᠤ ᠬᠦᠴᠢᠷᠳᠡᠯᠲᠡᠢ ᠡᠷᠦᠬᠡ ᠯᠢᠦ ᠴᠠᠩ ᠬᠤᠳᠳᠤᠭ ᠲᠠᠷᠤᠵᠤ ᠤᠰᠤ ᠳᠡᠭᠦᠵᠢᠯᠡᠵᠦ ᠶᠠᠪᠤᠭᠰᠠᠨ ᠦᠩᠭᠡᠷᠡᠭᠰᠡᠨ ᠠᠮᠢᠳᠤᠷᠠᠯ ᠵᠶ᠋ᠠᠨ ᠡᠷᠭᠢᠴᠡᠭᠦᠯᠬᠦ᠎ᠳᠡᠭᠡᠨ᠄ 《ᠮᠢᠨᠦ ᠡᠨᠡ ᠨᠠᠰᠤ ᠬᠦᠷᠦᠭᠰᠡᠳ ᠬᠤᠳᠳᠤᠭ ᠲᠠᠷᠤᠵᠤ ᠤᠰᠤ ᠲᠡᠬᠦᠵᠢᠯᠡᠬᠦ ᠦᠨᠡᠬᠡᠷ ᠬᠦᠴᠢᠷ ᠶᠤᠮ᠂   ᠡᠪ ᠬᠠᠮᠲᠤ ᠨᠠᠮ᠎ᠳᠠᠭᠠᠨ ᠲᠠᠯᠠᠷᠬᠠᠵᠤ ᠪᠠᠶ᠋ᠢᠨ᠎ᠠ᠂ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ᠎ᠳᠤ ᠲᠠᠯᠠᠷᠬᠠᠵᠤ ᠪᠠᠢ᠌ᠨ᠎ᠠ᠂ ᠮᠠᠨ᠎ᠤ᠎ᠳᠤ ᠰᠢᠨ᠎ᠡ ᠬᠤᠳᠳᠤᠭ ᠴᠤᠬᠢᠵᠤ ᠦᠭᠬᠦᠭᠰᠡᠨ ᠪᠦᠭᠡᠳ ᠤᠰᠤᠨ ᠬᠤᠭᠤᠯᠠᠢ ᠵᠢ ᠭᠡᠷ᠎ᠲᠤ ᠵᠠᠯᠭ᠋ᠠᠵᠤ ᠦᠭᠬᠦᠯ᠎ᠡ᠂ ᠪᠠᠰᠠ ᠲᠠᠷᠤᠯᠳᠠ ᠵᠢᠨ ᠪᠤᠷᠳᠤᠭᠤ᠂ ᠤᠰᠤ ᠴᠡᠪᠡᠷᠰᠢᠬᠦᠯᠬᠦ ᠲᠦᠬᠦᠭᠡᠷᠦᠮᠵᠢ ᠤᠭᠰᠠᠷᠴᠤ ᠦᠭᠴᠡᠢ᠂ ᠤᠳᠤ ᠬᠤᠷᠤᠭᠤ᠎ᠪᠠᠷ ᠵᠶ᠋ᠡᠨ ᠨᠡᠭᠡᠯᠡᠬᠡᠢ ᠵᠢ ᠲᠠᠷᠤᠭᠰᠠᠭ᠋ᠠᠷ ᠤᠰᠤ ᠢᠷᠡᠴᠢᠬᠡᠨ᠎ᠡ᠂ ᠮᠠᠰᠢ ᠲᠦᠬᠦᠮ ᠪᠤᠯᠤᠭᠰᠠᠨ ᠰᠢᠦ!》 ᠭᠡᠵᠦ ᠰᠡᠳᠬᠢᠯ ᠳᠣᠭᠳᠣᠯᠤᠨ ᠶᠠᠷᠢᠵᠤ ᠪᠠᠶ᠋ᠢᠯ᠎ᠠ᠃
      ᠡᠭᠦᠨ ᠵᠶ᠋ᠡᠷ ᠪᠠᠷᠠᠬᠤ ᠥᠬᠡᠢ᠂ ᠰᠢ ᠱᠠᠨ ᠲᠣᠰᠬᠣᠨ᠎ᠤ ᠡᠷᠦᠬᠡ ᠪᠦᠬᠦᠨ᠎ᠳᠤ ᠲᠦᠭᠡᠭᠡᠯ ᠤᠰᠤ ᠨᠡᠪᠳᠡᠷᠡᠬᠦᠯᠬᠦ ᠵᠢᠨ ᠲᠦᠯᠦᠭᠡ᠂ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ᠎ᠠᠴᠠ ᠰᠢ ᠱᠠᠨ ᠲᠣᠰᠬᠣᠨ᠎ᠳᠤ ᠲᠥᠪᠯᠡᠷᠡᠩᠭᠦᠢ ᠤᠰᠤ ᠬᠠᠩᠭ᠋ᠠᠬᠤ ᠢᠨᠵᠧᠨᠧᠷᠢᠩ᠎ᠢ ᠭᠤᠶᠤᠴᠢᠯᠠᠵᠤ᠂ ᠪᠦᠬᠦ ᠲᠣᠰᠬᠣᠨ᠎ᠤ ᠠᠷᠠᠳ᠎ᠤᠨ ᠤᠤᠭᠤᠬᠤ ᠤᠰᠤᠨ᠎ᠤ ᠠᠮᠤᠷ ᠲᠦᠪᠰᠢᠨ᠎ᠳᠤ ᠤᠯᠠᠮ ᠨᠢᠭᠡ ᠠᠯᠬᠤᠮ ᠪᠠᠲᠤᠯᠠᠭ᠎ᠠ ᠬᠠᠩᠭ᠋ᠠᠬᠤ ᠵᠤᠷᠢᠯᠭ᠎ᠠ᠎ᠪᠠᠷ 153 ᠡᠷᠦᠬᠡ᠂ 409 ᠬᠥᠮᠦᠨ᠎ᠤ ᠤᠤᠭᠤᠬᠤ ᠤᠰᠤᠨ᠎ᠤ ᠠᠶᠤᠯᠭᠦᠢ ᠵᠢ ᠪᠠᠲᠤᠯᠠᠬᠤ ᠲᠦᠪᠰᠢᠨ᠎ᠢ ᠲᠡᠭᠡᠭᠰᠢᠯᠡᠬᠦᠯᠵᠦ᠂   ᠣᠳᠣᠬᠠᠨ᠎ᠳᠤ ᠪᠡᠯᠡᠳᠬᠡᠯ ᠠᠵᠢᠯ᠎ᠤᠨ ᠱᠠᠲᠤᠨ᠎ᠳᠤ ᠪᠠᠢ᠌ᠵᠤ᠂ ᠢᠨᠵᠸᠨ᠋ᠸᠷᠢᠩ᠎ᠤᠨ ᠪᠡᠯᠡ ᠤᠷᠤᠭᠤᠯᠤᠯᠳᠠ᠎ᠳᠤ ᠶᠠᠳᠠᠭᠤ ᠵᠢ ᠲᠡᠳᠬᠦᠬᠦ 107 ᠲᠦᠮᠡᠨ ᠲᠥᠭᠥᠷᠢᠭ ᠵᠢ ᠨᠢᠭᠡᠳᠭᠡᠵᠡᠢ᠃

ᠵᠢᠷᠤᠭ᠄ ᠬᠢᠩᠭ᠋ᠠᠨ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠵᠢᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠣᠪᠴᠢᠶᠠᠨ ᠳᠠᠷᠤᠭ᠎ᠠ ᠭᠦᠸᠧ ᠯᠢᠩ ᠶᠦᠨ ᠡᠷᠦᠬᠡ᠎ᠳᠤ ᠣᠷᠣᠵᠤ ᠬᠠᠪᠰᠤᠷᠤᠨ ᠲᠡᠳᠬᠦᠬᠦ ᠠᠵᠢᠯ ᠦᠷᠨᠢᠬᠦᠯᠵᠦ ᠪᠠᠢ᠌ᠭ᠎ᠠ᠎ᠨᠢ
ᠥᠩᠭᠡᠷᠡᠭᠰᠡᠨ ᠪᠦᠬᠦᠨ ᠲᠡᠤᠬᠡ ᠪᠤᠯᠤᠨ ᠦᠯᠡᠳᠡᠵᠦ᠂ ᠢᠷᠡᠭᠡᠳᠦᠢ ᠪᠦᠬᠦᠨ ᠬᠦᠰᠡᠯ ᠮᠦᠷᠦᠭᠡᠳᠦᠯ ᠵᠶ᠋ᠡᠷ ᠲᠦᠬᠦᠷᠡᠩ ᠪᠠᠢ᠌ᠳᠠᠭ᠃ ᠬᠢᠩᠭ᠋ᠠᠨ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠵᠢᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠣᠪᠴᠢᠶᠠᠨ ᠳᠠᠷᠤᠭ᠎ᠠ ᠭᠦᠸᠧ ᠯᠢᠩ ᠶᠦᠨ ᠢᠯᠡᠷᠬᠡᠶ᠋ᠢᠯᠡᠬᠦ᠎ᠳᠡᠭᠡᠨ᠂ ᠠᠶ᠋ᠢᠮᠠᠭ᠎ᠤᠨ ᠤᠰᠤᠨ ᠠᠰᠢᠭᠯᠠᠯᠲᠠ ᠵᠢᠨ ᠲᠣᠪᠴᠢᠶ᠎ᠠ ᠠᠶ᠋ᠢᠮᠠᠭ᠎ᠤᠨ ᠵᠠᠬᠢᠷᠭ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠳᠠᠶ᠋ᠢᠯᠠᠯᠳᠤᠭ᠋ᠠᠨ᠎ᠤ ᠦᠷ᠎ᠡ ᠪᠦᠲᠦᠭᠡᠯ᠎ᠢ ᠦᠷᠭᠦᠯᠵᠢᠯᠡᠨ ᠪᠡᠬᠢᠵᠢᠭᠦᠯᠵᠦ᠂ ᠰᠢ ᠱᠠᠨ ᠲᠣᠰᠬᠣᠨ᠎ᠤ ᠤᠯᠠᠨ ᠲᠦᠮᠡᠨ᠎ᠢ   ᠲᠠᠢ᠌ᠴᠢᠯᠠᠨ ᠪᠦᠬᠦ ᠤᠯᠤᠰ᠎ᠤᠨ ᠠᠷᠠᠳ ᠲᠦᠮᠡᠨ᠎ᠲᠠᠢ ᠬᠠᠮᠲᠤᠪᠠᠷ ᠴᠢᠨᠡᠭᠡᠯᠢᠭ ᠨᠡᠶ᠋ᠢᠭᠡᠮ᠎ᠳᠤ ᠣᠷᠣᠬᠤ᠎ᠪᠠᠷ ᠴᠢᠷᠮᠠᠶ᠋ᠢᠨ᠎ᠠ ᠭᠡᠵᠡᠢ᠃

ᠢᠷᠡᠯᠲᠡ᠄
          
ᠬᠠᠮᠢᠶ᠎ᠡ ᠪᠦᠬᠦᠢ ᠰᠣᠨᠢᠨ
ᠬᠢᠩᠭ᠋ᠠᠨ ᠠᠶ᠋ᠢᠮᠠᠭ᠄ ᠤᠰᠤᠨ ᠠᠰᠢᠭᠯᠠᠯᠲᠠ ᠵᠢᠨ ᠶᠠᠮᠤᠨ᠎ᠤ ᠤᠰᠤᠨ ᠠᠰᠢᠭᠯᠠᠯᠲᠠ ᠵᠢᠨ ᠦᠵᠡᠮᠵᠢ ᠵᠢᠨ ᠣᠷᠣᠨ᠎ᠤ ᠪᠦᠲᠦᠭᠡᠨ ᠪᠠᠶ᠋ᠢᠭᠤᠯᠤᠯᠲᠠ ᠪᠠ ᠬᠠᠮᠢᠶᠠᠷᠤᠯᠲᠠ ᠵᠢᠨ ᠤᠳᠤᠷᠢᠳᠬᠤ ᠳᠤᠭᠤᠶ᠋ᠢᠯᠠᠩ᠎ᠤᠨ ᠠᠯᠪᠠᠨ ᠭᠡᠷ᠎ᠠᠴᠠ ᠷᠠᠰᠢᠶᠠᠨ ᠬᠣᠲᠠ᠎ᠳᠤ ᠬᠦᠷᠴᠦ 《ᠥᠪᠥᠷ ᠮᠣᠩᠭᠣᠯ᠎ᠤᠨ ᠬᠢᠩᠭ᠋ᠠᠨ ᠠᠶ᠋ᠢᠮᠠᠭ᠎ᠤᠨ ᠤᠰᠤᠨ ᠠᠰᠢᠭᠯᠠᠯᠲᠠ ᠵᠢᠨ ᠦᠵᠡᠮᠵᠢ ᠵᠢᠨ ᠡᠬᠢ ᠪᠠᠶᠠᠯᠢᠭ᠎ᠢ ᠬᠠᠮᠠᠭ᠋ᠠᠯᠠᠬᠤ ᠪᠠ ᠠᠰᠢᠭᠯᠠᠬᠤ ᠪᠠᠶ᠋ᠢᠴᠠᠭ᠋ᠠᠯᠲᠠ》 ᠵᠢᠨ ᠰᠡᠳᠦᠪ᠎ᠤᠨ ᠬᠢᠨᠠᠨ ᠵᠢᠯᠣᠭᠣᠳᠤᠯᠭ᠎ᠠ ᠬᠢᠬᠦ ᠵᠢᠨ ᠬᠠᠮᠳᠤ ᠰᠠᠭᠤᠳᠠᠯ᠎ᠤᠨ ᠬᠤᠷᠠᠯ ᠬᠢᠪᠡ
ᠰᠢᠯᠢ ᠵᠢᠨ ᠭᠣᠣᠯ᠄ ᠥᠪᠡᠷᠲᠡᠭᠡᠨ ᠵᠠᠰᠠᠬᠤ ᠣᠷᠣᠨ᠎ᠤ ᠭᠣᠣᠯ ᠨᠠᠭᠤᠷ᠎ᠢ ᠵᠠᠰᠠᠬᠤ 《ᠨᠠᠮᠤᠷ᠎ᠤᠨ ᠤᠯᠠᠷᠢᠯ》᠎ᠤᠨ ᠠᠵᠢᠯᠯᠠᠭ᠎ᠠ ᠵᠢ ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ ᠮᠠᠨ᠎ᠤ ᠠᠶ᠋ᠢᠮᠠᠭ᠎ᠲᠤ ᠢᠷᠡᠵᠦ ᠪᠠᠶ᠋ᠢᠴᠠᠭ᠋ᠠᠨ ᠰᠤᠳᠤᠯᠤᠯᠲᠠ ᠬᠢᠪᠡ
ᠲᠦᠩᠯᠢᠶᠣᠣ ᠵᠢᠨ ᠤᠰᠤᠨ᠎ᠤ ᠶᠠᠪᠤᠳᠠᠯ᠎ᠤᠨ ᠲᠣᠪᠴᠢᠶ᠎ᠠ᠄ ᠪᠠᠷᠠᠭᠤᠨ ᠯᠢᠶᠣᠣ ᠾᠧ ᠭᠣᠣᠯ᠎ᠤᠨ ᠰᠠᠪᠠ ᠭᠠᠵᠠᠷ᠎ᠢ ᠶᠡᠷᠦᠩᠬᠡᠶ᠋ᠢᠯᠡᠨ ᠵᠠᠰᠠᠬᠤ ᠠᠵᠢᠯ᠎ᠢ ᠥᠷᠨᠢᠭᠦᠯᠦᠭᠰᠡᠨ ᠪᠠᠶ᠋ᠢᠳᠠᠯ
ᠬᠦᠯᠦᠨ ᠪᠤᠢ᠌ᠷ᠄ ᠬᠥᠯᠥᠨ ᠪᠤᠶ᠋ᠢᠷ ᠬᠣᠲᠠ ᠵᠢᠨ ᠨᠠᠮ᠎ᠤᠨ ᠬᠣᠷᠢᠶ᠎ᠠ ᠵᠢᠨ ᠪᠠᠶ᠋ᠢᠩᠭᠤ ᠵᠢᠨ ᠭᠡᠰᠢᠭᠦᠨ᠂ ᠵᠠᠰᠠᠭ᠎ᠤᠨ ᠣᠷᠳᠣᠨ᠎ᠤ ᠳᠡᠳ᠋ ᠬᠣᠲᠠ ᠵᠢᠨ ᠳᠠᠷᠤᠭ᠎ᠠ᠂ ᠶᠢᠨ ᠾᠧ ᠭᠤᠤᠯ᠎ᠤᠨ ᠬᠣᠲᠠ ᠵᠢᠨ ᠳᠡᠰ᠎ᠤᠨ ᠭᠣᠣᠯ᠎ᠤᠨ ᠳᠠᠷᠤᠭ᠎ᠠ ᠯᠢ ᠵᠢᠨ ᠺᠧ ᠭᠣᠣᠯ ᠮᠦᠷᠡᠨ᠎ᠢ ᠴᠠᠭᠳᠠᠨ ᠪᠠᠶ᠋ᠢᠴᠠᠭ᠋ᠠᠬᠤ ᠠᠵᠢᠯ ᠥᠷᠨᠢᠭᠦᠯᠪᠡ
ᠬᠥᠯᠥᠨ ᠪᠤᠶ᠋ᠢᠷ᠄ ᠬᠣᠲᠠ ᠵᠢᠨ ᠤᠰᠤᠨ ᠠᠰᠢᠭᠯᠠᠯᠲᠠ ᠵᠢᠨ ᠲᠣᠪᠴᠢᠶ᠎ᠠ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠠᠵᠢᠯ᠎ᠤᠨ ᠪᠣᠯᠪᠠᠰᠤᠷᠠᠯ᠎ᠤᠨ ᠬᠤᠷᠠᠯ ᠬᠤᠷᠠᠯᠳᠤᠭᠤᠯᠪᠠ
 
            